ᠦᠣᠰᠢᠨ ᠬᠤᠰᠢᠭᠤᠨ ᠤ ᠬᠠᠣᠯᠢ ᠪᠣᠰᠣ ᠪᠡᠯᠡ ᠴᠣᠭᠯᠠᠭᠤᠯᠭ᠎ᠠ ᠶᠢᠨ ᠬᠡᠷᠡᠭ ᠤᠨ ᠬᠦᠷᠦᠩᠬᠡ ᠶᠢ ᠵᠣᠬᠢᠴᠠᠭᠤᠯᠣᠨ ᠰᠢᠢᠳᠪᠣᠷᠢᠯᠡᠬᠦ ᠲᠦᠪ ᠤᠨ ᠵᠠᠷᠯᠡᠯ
ᠨᠡᠶᠢᠲᠡᠯᠡᠭᠰᠡᠨ ᠴᠠᠭ᠄
2019-06-11
       ᠦᠣᠰᠢᠨ ᠬᠤᠰᠢᠭᠤᠨ ᠤ ᠬᠠᠣᠯᠢ ᠪᠣᠰᠣ ᠪᠡᠯᠡ ᠴᠣᠭᠯᠠᠭᠤᠯᠭ᠎ᠠ ᠶᠢᠨ ᠬᠡᠷᠡᠭ ᠤᠨ ᠬᠦᠷᠦᠩᠬᠡ ᠶᠢ ᠵᠣᠬᠢᠴᠠᠭᠤᠯᠣᠨ ᠰᠢᠢᠳᠪᠣᠷᠢᠯᠡᠬᠦ ᠲᠦᠪ ᠨᠢ ︵ᠳᠣᠣᠷ᠎ᠠ ︽ᠬᠤᠰᠢᠭᠤ ᠵᠣᠬᠢᠴᠠᠭᠤᠯᠣᠨ ᠰᠢᠢᠳᠪᠣᠷᠢᠯᠡᠬᠦ ᠲᠦᠪ︾ ᠬᠡᠵᠣ ᠲᠦᠬᠦᠮ ᠨᠠᠷᠠᠶᠢᠳᠣᠨ᠎ᠠ︶ 2019 ᠣᠨ ᠤ 1 ᠰᠠᠷ᠎ᠠ ᠶᠢᠨ 22᠎ ᠤᠨ ᠡᠳᠦᠷ ᠪᠠᠶᠢᠭᠤᠯᠣᠭᠳᠠᠵᠣ ᠦᠣᠰᠢᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠠᠴᠠ ᠰᠢᠬᠦᠨ ᠳᠠᠰᠣᠯᠣᠭᠰᠠᠨ ᠬᠠᠣᠯᠢ ᠪᠣᠰᠣ ᠪᠡᠯᠡ ᠴᠣᠭᠯᠠᠭᠤᠯᠭ᠎ᠠ ᠎ ᠶᠢᠨ ᠬᠡᠷᠡᠭ ᠲᠠᠢ ᠬᠤᠯᠪᠣᠭᠳᠠᠭᠰᠠᠨ ᠬᠦᠷᠦᠩᠬᠡ ᠶᠢ ᠪᠦᠷᠢᠳᠬᠡᠨ ᠪᠠᠶᠢᠴᠠᠭᠠᠬᠤ ᠪᠠ ᠰᠢᠢᠳᠪᠣᠷᠢᠯᠡᠬᠦ ᠠᠵᠢᠯ ᠢ ᠭᠤᠣᠯᠳᠠᠭᠤ ᠬᠠᠷᠢᠭᠤᠴᠠᠨ᠎ᠠ᠃ ᠬᠤᠰᠢᠭᠤ ᠵᠣᠬᠢᠴᠠᠭᠤᠯᠣᠨ ᠰᠢᠢᠳᠪᠣᠷᠢᠯᠡᠬᠦ ᠲᠦᠪ ᠳᠤ ᠲᠦᠷᠪᠠᠨ ᠳᠣᠰᠬᠠᠢ ᠬᠡᠷᠡᠭ ᠰᠢᠢᠳᠪᠣᠷᠢᠯᠡᠬᠦ ᠠᠵᠢᠯ ᠤᠨ ᠳᠣᠭᠤᠶᠢᠯᠠᠩ ᠳᠣᠬᠢᠷᠠᠭᠤᠯᠵᠣ ᠡᠯ᠎ᠡ ᠳᠣᠰᠬᠠᠢ ᠬᠡᠷᠡᠭ ᠰᠢᠢᠳᠪᠣᠷᠢᠯᠡᠬᠦ ᠳᠣᠭᠤᠶᠢᠯᠠᠩ ᠪᠡᠯᠡ ᠴᠣᠭᠯᠠᠭᠤᠯᠬᠤ ᠠᠵᠢᠯᠯᠠᠭᠠᠨ ᠳᠤ ᠣᠷᠣᠯᠴᠠᠭᠰᠠᠨ ᠨᠢᠬᠡ ᠪᠦᠯᠥᠭ ᠬᠦᠮᠦᠰ ᠤᠨ ᠴᠢᠮᠡᠭᠡ ᠵᠠᠩᠬᠢ ᠪᠠ ᠦᠷᠢ ᠶᠢᠨ ᠪᠠᠶᠢᠳᠠᠯ ᠢ ᠡᠬᠢᠯᠡᠨ ᠬᠢᠨᠠᠨ ᠬᠠᠷᠭᠤᠭᠤᠯᠵᠣ ︽ᠦᠣᠰᠢᠨ ᠬᠤᠰᠢᠭᠤᠨ ᠤ ᠬᠠᠣᠯᠢ ᠪᠣᠰᠣ ᠪᠡᠯᠡ ᠴᠣᠭᠯᠠᠭᠤᠯᠭ᠎ᠠ ᠶᠢᠨ ᠬᠡᠷᠡᠭ ᠤᠨ ᠬᠦᠷᠦᠩᠬᠡ ᠶᠢ ᠵᠣᠬᠢᠴᠠᠭᠤᠯᠣᠨ ᠰᠢᠢᠳᠪᠣᠷᠢᠯᠡᠬᠦ ᠲᠦᠪ ᠤᠨ ᠬᠦᠷᠦᠩᠬᠡ ᠰᠢᠢᠳᠪᠣᠷᠢᠯᠡᠬᠦ ᠠᠵᠢᠯ ᠤᠨ ᠬᠡᠷᠡᠭᠵᠢᠬᠦᠯᠬᠦ ᠨᠠᠷᠢᠨ ᠲᠦᠷᠢᠮ ︵ᠳᠣᠷᠰᠢᠨ ᠬᠡᠷᠡᠭᠯᠡᠬᠦ︶︾᠎ ᠤᠨ ᠨᠠᠢᠮᠠᠳᠣᠭᠠᠷ ᠵᠣᠷᠪᠣᠰ ᠳᠣᠭᠳᠠᠭᠠᠯ ᠢ ᠦᠨᠳᠣᠰᠣᠯᠡᠨ ᠬᠤᠯᠪᠣᠭᠳᠠᠯ ᠪᠦᠬᠦᠢ ᠪᠠᠶᠢᠳᠠᠯ ᠢ ᠳᠣᠣᠷᠠᠬᠢ ᠮᠠᠳᠣ ᠵᠠᠷᠯᠠᠶ᠎ᠠ᠄        ᠨᠢᠬᠡ᠂ ᠬᠡᠷᠡᠭ ᠤᠨ ᠬᠤᠪᠢᠶᠠᠷᠢᠯᠡᠯᠳᠡ ᠶᠢᠨ ᠪᠠᠶᠢᠳᠠᠯ       ︵ᠨᠢᠬᠡ︶ ᠳᠣᠰᠬᠠᠢ ᠬᠡᠷᠡᠭ ᠰᠢᠢᠳᠪᠣᠷᠢᠯᠡᠬᠦ ᠠᠵᠢᠯ ᠤᠨ ᠨᠢᠬᠡᠳᠣᠬᠡᠷ ᠳᠣᠭᠤᠶᠢᠯᠠᠩ ᠰᠣᠶᠣᠯᠬᠤᠸᠡᠷ ᠤᠨ ᠬᠠᠣᠯᠢ ᠪᠣᠰᠣ ᠪᠡᠯᠡ ᠴᠣᠭᠯᠠᠭᠤᠯᠭ᠎ᠠ ᠶᠢ ᠵᠠᠷᠯᠢᠭᠳᠡᠨ ᠪᠣᠴᠠᠭᠠᠵᠣ ᠲᠥᠯᠥᠬᠦᠯᠬᠦ ᠵᠢᠭᠤᠷᠠᠭᠠᠨ ᠪᠠ ᠪᠢᠶᠠᠨ ᡁᠢ ᠴᠢᠶᠠᠩ᠂ ᠪᠢᠶᠠᠨ ᡁᠢ ᠹᠧᠨ᠂ ᠪᠢᠶᠠᠨ ᡁᠢ ᠪᠢᠨ᠂ ᠵᠢᠶᠠ ᠹᠧᠩ ᠯᠢᠶᠠᠨ᠂ ᠪᠢᠶᠠᠨ ᡁᠢ ᠴᠧᠩ ᠤᠨ ᠬᠠᠣᠯᠢ ᠪᠣᠰᠣ ᠪᠡᠯᠡ ᠴᠣᠭᠯᠠᠭᠤᠯᠭ᠎ᠠ ᠶᠢ ᠵᠠᠷᠯᠢᠭᠳᠡᠨ ᠪᠣᠴᠠᠭᠠᠵᠣ ᠲᠥᠯᠥᠭᠦᠯᠬᠦ ᠵᠢᠭᠤᠷᠠᠭᠠᠨ ᠤ ᠬᠡᠷᠡᠭ ᠢ ᠬᠠᠷᠢᠭᠤᠴᠠᠨ ᠬᠦᠢᠴᠡᠳᠬᠡᠨ᠎ᠠ᠃      ︵ᠬᠤᠶᠡᠷ︶ ᠳᠣᠰᠬᠠᠢ ᠬᠡᠷᠡᠭ ᠰᠢᠢᠳᠪᠣᠷᠢᠯᠡᠬᠦ ᠠᠵᠢᠯ ᠤᠨ ᠬᠤᠶᠠᠳᠣᠭᠠᠷ ᠳᠣᠭᠤᠶᠢᠯᠠᠩ ᠪᠠᠨ ᡁᠢ ᠶᠢᠩ ᠤᠨ ᠬᠠᠣᠯᠢ ᠪᠣᠰᠣ ᠪᠡᠯᠡ ᠴᠣᠭᠯᠠᠭᠤᠯᠭ᠎ᠠ ᠶᠢ ᠵᠠᠷᠯᠢᠭᠳᠡᠨ ᠪᠣᠴᠠᠭᠠᠵᠣ ᠲᠥᠯᠥᠭᠦᠯᠬᠦ ᠵᠢᠭᠤᠷᠠᠭᠠᠨ ᠤ ᠬᠡᠷᠡᠭ ᠢ ᠬᠠᠷᠢᠭᠤᠴᠠᠨ ᠬᠦᠢᠴᠡᠳᠬᠡᠨ᠎ᠠ᠃       ︵ᠭᠤᠷᠪᠠ︶ ᠳᠣᠰᠬᠠᠢ ᠬᠡᠷᠡᠭ ᠰᠢᠢᠳᠪᠣᠷᠢᠯᠡᠬᠦ ᠠᠵᠢᠯ ᠤᠨ ᠭᠤᠷᠪᠠᠳᠣᠭᠠᠷ ᠳᠣᠭᠤᠶᠢᠯᠠᠩ ᠶᠤᠸᠠᠨ ᠵᠢᠶᠠᠨ ᠷᠥᠩ᠂ ᠰᠢᠦᠢ ᠶᠣᠣ ᠰᠢᠶᠠ᠂ ᠶᠠᠩ ᠭᠤᠸᠠᠩ ᠷᠥᠩ᠂ ᠰᠦᠨ ᠵᠢᠶᠠᠨ ᠭᠥᠸᠧ᠂ ᠴᠢᠶᠣᠣ ᠯᠢ ᠰᠢᠶᠠ᠂ ᠮᠠ ᠢᠦᠢ ᠯᠠᠨ᠂ ᠴᠢᠮᠡᠭ᠂ ᠣᠶᠣᠨᠬᠤᠸᠡᠷ᠂ ᠪᠠᠢ ᡁᠢ ᠬᠤᠸᠠ᠂ ᠵᠠᠩ ᠶᠠᠨ ᠯᠢᠩ᠂ ᠼᠦᠢ ᠵᠢᠩ᠂ ᠴᠢᠶᠣᠣ ᠴᠦᠨ ᠰᠢᠶᠠ᠂ ᠸᠧᠢ ᠬᠠᠢ ᠹᠧᠨ ᠤ ᠬᠠᠣᠯᠢ ᠪᠣᠰᠣ ᠪᠡᠯᠡ ᠴᠣᠭᠯᠠᠭᠤᠯᠭ᠎ᠠ ᠶᠢ ᠵᠠᠷᠯᠢᠭᠳᠡᠨ ᠪᠣᠴᠠᠭᠠᠵᠣ ᠲᠥᠯᠥᠭᠦᠯᠬᠦ ᠵᠢᠭᠤᠷᠠᠭᠠᠨ ᠤ ᠬᠡᠷᠡᠭ ᠢ ᠬᠠᠷᠢᠭᠤᠴᠠᠨ ᠬᠦᠢᠴᠡᠳᠬᠡᠨ᠎ᠠ᠃       ︵ᠲᠦᠷᠪᠠ︶ ᠳᠣᠰᠬᠠᠢ ᠬᠡᠷᠡᠭ ᠰᠢᠢᠳᠪᠣᠷᠢᠯᠡᠬᠦ ᠠᠵᠢᠯ ᠤᠨ ᠳᠦᠷᠪᠡᠳᠦᠬᠡᠷ ᠳᠣᠭᠤᠶᠢᠯᠡᠩ ᠣᠷᠳᠣᠰ ᠬᠤᠳᠠ ᠎ ᠶᠢᠨ ᠷᠦᠢ ᠳ᠋ᠠ ᠮᠠᠰᠢᠨ ᠳᠡᠷᠬᠡᠨ ᠪᠣᠷᠣᠯᠠᠭᠤᠯᠭ᠎ᠠ ᠶᠢᠨ ᠣᠶᠢᠯᠡᠴᠢᠯᠡᠬᠡᠨ ᠤ ᠬᠢᠵᠠᠭᠠᠷᠳᠣ ᠺᠣᠮᠫᠠᠨᠢ᠂ ᠭᠦ᠋ ᠽᠢ ᠵᠦᠩ᠂ ᠬᠦ᠋ ᠶᠤᠸᠠᠢ ᠬᠤ᠋ ᠶᠢᠨ ᠬᠠᠣᠯᠢ ᠪᠣᠰᠣ ᠪᠡᠯᠡ ᠴᠣᠭᠯᠠᠭᠤᠯᠭ᠎ᠠ ᠶᠢ ᠵᠠᠷᠯᠢᠭᠳᠡᠨ ᠪᠣᠴᠠᠭᠠᠵᠣ ᠲᠥᠯᠥᠬᠦᠯᠬᠦ ᠵᠢᠭᠤᠷᠠᠭᠠᠨ ᠤ ᠬᠡᠷᠡᠭ ᠪᠠ ᠯᠢ ᠰᠢᠦ ᠮᠧᠢ᠂ ᠯᠢ ᠶᠥᠩ ᠵᠧᠩ ᠤᠨ ᠬᠠᠣᠯᠢ ᠪᠣᠰᠣ ᠪᠡᠯᠡ ᠴᠣᠭᠯᠠᠭᠤᠯᠭ᠎ᠠ ᠶᠢ ᠵᠠᠷᠯᠢᠭᠳᠡᠨ ᠪᠣᠴᠠᠭᠠᠵᠣ ᠲᠥᠯᠥᠬᠦᠯᠬᠦ ᠵᠢᠭᠤᠷᠠᠭᠠᠨ ᠤ ᠬᠡᠷᠡᠭ ᠢ ᠬᠠᠷᠢᠭᠤᠴᠠᠨ ᠬᠦᠢᠴᠡᠳᠬᠡᠨ᠎ᠠ᠃      ᠬᠤᠶᠠᠷ᠂ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠴᠢᠮᠡᠭᠡ ᠵᠠᠩᠭᠢ ᠶᠢ ᠬᠠᠷᠭᠤᠭᠤᠯᠤᠨ ᠲᠡᠩᠰᠠᠯᠠᠨ᠎ᠠ      ᠬᠡᠷᠡᠭ ᠲᠤ ᠬᠤᠯᠪᠤᠭᠳᠠᠭᠰᠠᠨ ᠬᠦᠷᠦᠩᠬᠡ ᠶᠢ ᠢᠯᠡ ᠲᠤᠳᠤ᠂ ᠡᠷᠬᠡ ᠲᠡᠭᠰᠢ᠂ ᠲᠦᠪ ᠭᠤᠤᠯᠴᠢ ᠰᠢᠢᠳᠪᠦᠷᠢᠯᠡᠨ ᠬᠡᠷᠡᠭ ᠤᠨ ᠬᠦᠷᠦᠩᠬᠡ ᠶᠢ ᠰᠢᠢᠳᠪᠦᠷᠢᠯᠡᠬᠦ ᠠᠵᠢᠯ ᠤᠨ ᠬᠢᠷᠢ ᠪᠦᠲᠦᠮᠵᠢ ᠶᠢ ᠲᠡᠭᠡᠭᠰᠢᠯᠡᠬᠦᠯᠵᠤ ᠡᠯ᠎ᠡ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠪᠠᠶᠢᠳᠠᠯ ᠢ ᠮᠡᠳᠡᠬᠦ ᠡᠷᠬᠡ ᠶᠢ ᠪᠠᠲᠤᠯᠠᠨ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠬᠠᠤᠯᠢ ᠶᠤᠰᠤᠨ ᠤ ᠡᠷᠬᠡ ᠠᠰᠢᠭ ᠢ ᠬᠠᠮᠤᠭ ᠤᠨ ᠶᠡᠭᠡ ᠬᠡᠮᠵᠢᠶ᠎ᠡ ᠪᠠᠷ ᠬᠠᠮᠠᠭᠠᠯᠠᠬᠤ ᠶᠢ ᠪᠠᠲᠤᠯᠠᠬᠤ ᠶᠢᠨ ᠲᠦᠯᠦᠭᠡ ᠲᠡᠭᠡᠷ᠎ᠡ ᠲᠤᠷᠠᠳᠤᠭᠰᠠᠨ ᠬᠡᠷᠡᠭ ᠤᠨ ᠪᠡᠯᠡ ᠴᠤᠭᠯᠠᠭᠤᠯᠭ᠎ᠠ ᠳᠤ ᠤᠷᠤᠯᠴᠠᠭᠰᠠᠳ ᠲᠤᠰ ᠵᠠᠷᠯᠠᠯ ᠢ ᠨᠡᠶᠢᠲᠡᠯᠡᠭᠰᠡᠨ ᠡᠳᠦᠷ ᠠᠴᠠ ᠡᠬᠢᠯᠡᠨ 60 ᠡᠳᠦᠷ ᠤᠨ ᠲᠤᠳᠤᠷ᠎ᠠ ᠬᠤᠰᠢᠭᠤ ᠵᠤᠬᠢᠴᠠᠭᠤᠯᠤᠨ ᠰᠢᠢᠳᠪᠦᠷᠢᠯᠡᠬᠦ ᠲᠦᠪ ᠤᠨ ᠡᠯ᠎ᠡ ᠲᠤᠰᠬᠠᠢ ᠬᠡᠷᠡᠭ ᠤᠨ ᠲᠤᠭᠤᠶᠢᠯᠠᠩ ᠳᠤ ᠬᠦᠷᠴᠦ ᠴᠢᠮᠡᠭᠡ ᠵᠠᠩᠭᠢ ᠪᠠᠨ ᠬᠠᠷᠭᠤᠭᠤᠯᠤᠨ ᠲᠠᠩᠰᠠᠯᠠᠭᠤᠯᠵᠤ ᠦᠨᠳᠦᠰᠦᠨ ᠴᠢᠮᠡᠭᠡ ᠵᠠᠩᠭᠢ ᠶᠢᠨ ᠲᠠᠩᠰᠠᠯᠠᠯᠲᠠ ᠶᠢᠨ ᠬᠦᠰᠦᠨᠦᠭᠲᠤ ᠶᠢ ᠠᠪᠴᠤ ᠲᠠᠭᠯᠠᠨ᠎ᠠ᠃ ᠵᠠᠷᠯᠠᠯ ᠤᠨ ᠬᠤᠭᠤᠴᠠᠭᠠᠨ ᠳᠤ ᠬᠤᠰᠢᠭᠤ ᠵᠤᠬᠢᠴᠠᠭᠤᠯᠤᠨ ᠰᠢᠢᠳᠪᠦᠷᠢᠯᠡᠬᠦ ᠲᠦᠪ ᠲᠤ ᠬᠦᠷᠴᠦ ᠬᠤᠯᠪᠤᠭᠳᠠᠯ ᠪᠦᠬᠦᠢ ᠴᠢᠮᠡᠭᠡ ᠵᠠᠩᠭᠢ ᠪᠠᠨ ᠲᠠᠩᠰᠠᠯᠠᠵᠤ ᠬᠢᠨᠠᠨ ᠬᠠᠷᠭᠤᠭᠤᠯᠤᠭᠰᠠᠨ ᠦᠭᠡᠢ ᠪᠤᠯ ᠬᠦᠷᠦᠩᠭᠡ ᠬᠤᠪᠢᠶᠠᠬᠤ ᠳᠤ ᠤᠷᠤᠯᠴᠠᠬᠤ ᠦᠭᠡᠢ ᠪᠠᠷ ᠪᠤᠳᠤᠨ᠎ᠠ ︵ᠵᠠᠷᠯᠠᠬᠤ ᠠᠴᠠ ᠡᠮᠦᠨ᠎ᠡ ᠵᠤᠬᠢᠴᠠᠭᠤᠯᠤᠨ ᠰᠢᠢᠳᠪᠦᠷᠢᠯᠡᠬᠦ ᠲᠦᠪ ᠲᠤ ᠨᠢᠭᠡᠨᠲᠡ ᠲᠠᠩᠰᠠᠯᠠᠭᠤᠯᠤᠭᠰᠠᠨ ᠠᠴᠠ ᠭᠠᠳᠠᠨ᠎ᠠ︶᠃ ᠴᠢᠮᠡᠭᠡ ᠵᠠᠩᠭᠢ ᠶᠢ ᠬᠢᠨᠠᠨ ᠬᠠᠷᠭᠤᠭᠤᠯᠬᠤ ᠳᠤ ᠡᠷᠡᠬᠦᠦ ᠶᠢᠨ ᠬᠡᠷᠡᠭ ᠤᠨ ᠲᠠᠰᠤᠯᠤᠯᠲᠠ ᠶᠢᠨ ᠪᠢᠴᠢᠭ᠂ ᠲᠤᠭᠲᠠᠭᠠᠯᠲᠠ ᠶᠢᠨ ᠪᠢᠴᠢᠭ ᠲᠤ ᠲᠤᠭᠲᠠᠭᠠᠭᠰᠠᠨ ᠪᠡᠯᠡ ᠴᠤᠭᠯᠠᠭᠤᠯᠭ᠎ᠠ ᠶᠢᠨ ᠲᠤᠭ᠎ᠠ᠂ ᠪᠤᠳᠠᠲᠤ ᠬᠤᠬᠢᠷᠠᠭᠰᠠᠨ ᠲᠤᠭ᠎ᠠ᠂ ᠪᠤᠴᠠᠭᠠᠭᠰᠠᠨ ᠲᠤᠭ᠎ᠠ ᠶᠢ ᠦᠨᠳᠦᠰᠦᠯᠡᠵᠤ ᠲᠠᠩᠰᠠᠯᠠᠨ᠎ᠠ᠃ ᠪᠡᠯᠡ ᠴᠤᠭᠯᠠᠭᠤᠯᠭ᠎ᠠ ᠳᠤ ᠤᠷᠤᠯᠴᠠᠭᠰᠠᠳ ᠢ ᠲᠠᠩᠰᠠᠯᠠᠬᠤ ᠳᠤ ᠬᠡᠷᠡᠭ ᠤᠨ ᠡᠷᠡᠬᠦᠦ ᠶᠢᠨ ᠭᠡᠷᠡᠭ ᠤᠨ ᠲᠠᠰᠤᠯᠤᠯᠲᠠ ᠶᠢᠨ ᠪᠢᠴᠢᠭ᠂ ᠲᠤᠭᠲᠠᠭᠠᠯᠲᠠ ᠶᠢᠨ ᠪᠢᠴᠢᠭ᠂ ᠲᠤᠰ ᠬᠦᠮᠦᠨ ᠤ ᠪᠡᠶ᠎ᠡ ᠶᠢᠨ ᠦᠨᠡᠮᠯᠡᠯ ︵ᠤᠭ ᠪᠢᠴᠢᠭ᠂ ᠬᠠᠭᠤᠯᠪᠤᠷᠢ ᠪᠢᠴᠢᠭ︶᠎ ᠢᠶᠠᠨ ᠪᠡᠯᠡᠳᠬᠡᠬᠦ ᠶᠢᠨ ᠬᠠᠮᠲᠤ ᠬᠠᠷᠢᠯᠴᠠᠬᠤ ᠠᠷᠭ᠎ᠠ ᠮᠠᠶ᠋ᠢᠭ ᠢᠶᠠᠨ ᠬᠠᠩᠭᠠᠨ᠎ᠠ᠃ ᠬᠡᠷᠪᠡ ᠪᠤᠰᠤᠳ ᠬᠦᠮᠦᠨ ᠳᠤ ᠨᠠᠶᠢᠲᠠᠵᠤ ᠴᠢᠮᠡᠭᠡ ᠵᠠᠩᠭᠢ ᠶᠢ ᠬᠢᠨᠠᠨ ᠬᠠᠷᠭᠤᠭᠤᠯᠵᠤ ᠲᠠᠩᠰᠠᠯᠠᠭᠤᠯᠬᠤ ᠳᠤ ᠲᠤᠰ ᠬᠦᠮᠦᠨ ᠵᠢᠴᠢ ᠨᠠᠶᠢᠳᠠᠭᠰᠠᠨ ᠬᠦᠮᠦᠨ ᠤ ᠪᠡᠶ᠎ᠡ ᠶᠢᠨ ᠦᠨᠡᠮᠯᠡᠯ ᠤᠨ ᠤᠭ ᠪᠢᠴᠢᠭ᠂ ᠬᠠᠭᠤᠯᠪᠤᠷᠢ ᠪᠢᠴᠢᠭ ᠢᠶᠠᠨ ᠪᠡᠯᠡᠳᠬᠡᠬᠦ ᠶᠢᠨ ᠬᠠᠮᠲᠤ ᠨᠠᠶᠢᠳᠠᠯᠭ᠎ᠠ ᠶᠢᠨ ᠪᠢᠴᠢᠭ ᠢ ᠬᠠᠩᠭᠠᠨ᠎ᠠ᠃ ᠪᠡᠯᠡ ᠴᠤᠭᠯᠠᠭᠤᠯᠭ᠎ᠠ ᠳᠤ ᠤᠷᠤᠯᠴᠠᠭᠰᠠᠨ ᠬᠦᠮᠦᠨ ᠨᠢᠭᠡᠨᠲᠡ ᠨᠠᠰᠤ ᠪᠠᠷᠠᠭᠰᠠᠨ ᠪᠤᠯ ᠦᠶ᠎ᠡ ᠵᠠᠯᠭᠠᠮᠵᠢᠯᠠᠭᠴᠢ ᠠᠴᠠ ᠦᠶ᠎ᠡ ᠵᠠᠯᠭᠠᠮᠵᠢᠯᠠᠭᠰᠠᠨ ᠠᠯᠪᠠᠨ ᠬᠡᠷᠡᠴᠢᠯᠡᠭᠡ ᠎ ᠶᠢᠨ ᠪᠢᠴᠢᠭ ᠪᠤᠶᠤ ᠰᠢᠬᠦᠬᠦ ᠬᠤᠷᠢᠶᠠᠨ ᠤ ᠰᠢᠬᠦᠨ ᠲᠠᠰᠤᠯᠤᠭᠰᠠᠨ ᠠᠯᠪᠠᠨ ᠪᠢᠴᠢᠭ ᠵᠢᠴᠢ ᠪᠡᠶ᠎ᠡ ᠶᠢᠨ ᠦᠨᠡᠮᠯᠡᠯ ᠤᠨ ᠤᠭ ᠪᠢᠴᠢᠭ᠂ ᠬᠠᠭᠤᠯᠪᠤᠷᠢ ᠪᠢᠴᠢᠭ ᠢᠶᠠᠨ ᠠᠪᠴᠦ ᠲᠠᠩᠰᠠᠯᠠᠭᠤᠯᠤᠨ᠎ᠠ᠃       ᠭᠤᠷᠪᠠ᠂ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠲᠦᠯᠦᠬᠡᠯᠡᠭᠴᠢ ᠶᠢ ᠰᠤᠩᠭᠤᠵᠦ ᠭᠠᠷᠭᠠᠨ᠎ᠠ       ᠡᠯ᠎ᠡ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠳᠠᠩᠰᠠᠯᠠᠭᠰᠠᠨ ᠮᠡᠳᠡᠭᠡ ᠵᠠᠩᠬᠢ ᠶᠢ ᠬᠢᠨᠠᠨ ᠬᠠᠷᠭᠤᠭᠤᠯᠤᠭᠰᠠᠨ ᠤ ᠬᠠᠮᠲᠤ ᠵᠤᠬᠢᠴᠠᠭᠤᠯᠤᠨ ᠰᠶᠢᠳᠪᠤᠷᠢᠯᠡᠬᠦ ᠲᠦᠪ ᠤᠨ ᠢᠶᠠᠨ ᠲᠤᠭᠳᠠᠭᠠᠯ ᠶᠤᠰᠤᠭᠠᠷ ᠲᠦᠯᠦᠬᠡᠯᠡᠭᠴᠢ ᠶᠢ ᠰᠤᠩᠭᠤᠵᠦ ᠭᠠᠷᠭᠠᠨ᠎ᠠ᠃ ᠪᠡᠯᠡ ᠴᠤᠭᠯᠠᠭᠤᠯᠭ᠎ᠠ ᠳᠤ ᠤᠷᠤᠯᠴᠠᠭᠰᠠᠳ ᠪᠦᠷᠢ ᠵᠦᠪᠬᠡᠨ ᠨᠢᠬᠡ ᠲᠦᠯᠦᠬᠡᠯᠡᠭᠴᠢ ᠰᠤᠩᠭᠤᠵᠦ ᠪᠤᠯᠤᠨ᠎ᠠ᠃ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠰᠤᠩᠭᠤᠭᠰᠠᠨ ᠲᠦᠯᠦᠬᠡᠯᠡᠭᠴᠢ ᠨᠢ ᠲᠦᠯᠦᠬᠡᠯᠡᠭᠴᠢ ᠶᠢᠨ ᠪᠢᠯᠧᠲ ᠦᠭᠭᠦ ᠬᠠᠭᠤᠳᠠᠰᠣ ᠶᠢ ᠲᠠᠭᠯᠠᠵᠦ ᠪᠡᠯᠡ ᠴᠤᠭᠯᠠᠭᠤᠯᠭ᠎ᠠ ᠳᠤ ᠤᠷᠤᠯᠴᠠᠭᠰᠠᠨ ᠲᠤᠰ ᠬᠦᠮᠦᠨ ᠭᠠᠷ ᠤᠨ ᠦᠰᠦᠭ ᠵᠢᠷᠤᠵᠦ ᠲᠠᠮᠠᠭ᠎ᠠ ᠳᠠᠷᠤᠨ᠎ᠠ᠃ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠲᠦᠯᠦᠬᠡᠯᠡᠭᠴᠢ ᠨᠢ ᠬᠠᠣᠯᠢ ᠪᠣᠰᠣ ᠪᠡᠯᠡ ᠴᠣᠭᠯᠠᠭᠤᠯᠭ᠎ᠠ ᠳᠤ ᠤᠷᠤᠯᠴᠠᠭᠰᠠᠨ ᠪᠠᠶᠢᠬᠤ ᠪᠤᠶᠤ ᠪᠡᠯᠡ ᠴᠤᠭᠯᠠᠭᠤᠯᠭ᠎ᠠ ᠳᠤ ᠤᠷᠤᠯᠴᠠᠭᠴᠢ ᠶᠢᠨ ᠨᠠᠶᠢᠳᠠᠭᠰᠠᠨ ᠬᠠᠤᠯᠢᠴᠢ ᠪᠠᠶᠢᠬᠤ ᠬᠡᠷᠡᠭᠲᠡᠢ᠃       ᠰᠤᠩᠭᠤᠵᠦ ᠭᠠᠷᠭᠠᠭᠰᠠᠨ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠲᠦᠯᠦᠬᠡᠯᠡᠭᠴᠢ ᠨᠢ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠲᠦᠯᠦᠬᠡᠯᠡᠭᠴᠢᠳ ᠤᠨ ᠬᠤᠷᠠᠯ ᠢ ᠪᠦᠷᠢᠯᠳᠦᠬᠦᠯᠦᠨ᠎ᠡ᠃ ᠪᠡᠯᠡ ᠴᠤᠭᠯᠠᠭᠤᠯᠭ᠎ᠠ ᠳᠤ ᠤᠷᠤᠯᠴᠠᠭᠰᠠᠳ ᠤᠨ ᠲᠦᠯᠦᠬᠡᠯᠡᠭᠴᠢᠳ ᠤᠨ ᠬᠤᠷᠠᠯ ᠤᠨ ᠰᠶᠢᠳᠪᠤᠷᠢ᠂ ᠲᠤᠭᠳᠠᠭᠠᠯ ᠢ ᠪᠦᠬᠦᠶᠢᠯᠡ ᠪᠡᠯᠡ ᠴᠤᠭᠯᠠᠭᠤᠯᠭ᠎ᠠ ᠳᠤ ᠤᠷᠤᠯᠴᠠᠭᠰᠠᠳ ᠡᠷᠭᠡᠪᠰᠢ ᠵᠢᠷᠤᠮᠯᠠᠨ ᠬᠦᠢᠴᠡᠳᠬᠡᠨ᠎ᠡ᠃       ᠲᠦᠷᠪᠡ᠂ ᠬᠤᠰᠢᠭᠤ ᠵᠤᠬᠢᠴᠠᠭᠤᠯᠤᠨ ᠰᠶᠢᠳᠪᠤᠷᠢᠯᠡᠬᠦ ᠲᠦᠪ ᠤᠨ ᠠᠵᠢᠯᠯᠠᠬᠤ ᠭᠠᠵᠠᠷ᠂ ᠬᠠᠷᠢᠯᠴᠠᠬᠤ ᠠᠷᠭ᠎ᠠ ᠪᠠᠷᠢᠯ       ᠪᠡᠯᠡ ᠴᠤᠭᠯᠠᠭᠤᠯᠭ᠎ᠠ ᠳᠤ ᠤᠷᠤᠯᠴᠠᠭᠴᠢ ᠶᠢᠨ ᠴᠢᠮᠡᠭᠡ ᠵᠠᠩᠬᠢ ᠶᠢ ᠬᠢᠨᠠᠨ ᠬᠠᠷᠭᠤᠭᠤᠯᠵᠦ ᠳᠠᠩᠰᠠᠯᠠᠬᠤ ᠳᠤ ᠲᠦᠬᠦᠮ ᠦᠵᠡᠬᠦᠯᠬᠦ ᠶᠢᠨ ᠲᠦᠯᠦᠬᠡ ᠬᠤᠰᠢᠭᠤ ᠵᠤᠬᠢᠴᠠᠭᠤᠯᠤᠨ ᠰᠶᠢᠳᠪᠤᠷᠢᠯᠡᠬᠦ ᠲᠦᠪ ᠤᠨ ᠡᠯ᠎ᠡ ᠲᠤᠰᠬᠠᠢ ᠬᠡᠷᠡᠭ ᠰᠢᠢᠳᠪᠣᠷᠢᠯᠡᠬᠦ ᠲᠤᠭᠤᠶᠢᠯᠠᠩ ᠨᠢ ᠥᠥᠰᠢᠨ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠲᠦᠪ ᠤᠨ ᠲᠤᠯᠤᠳᠤᠭᠠᠷ ᠳᠠᠪᠬᠤᠷ ᠤᠨ 702᠂ 709 ᠠᠯᠪᠠᠨ ᠭᠡᠷ ᠲᠤ ᠡᠯ᠎ᠡ ᠪᠡᠯᠡ ᠴᠤᠭᠯᠠᠭᠤᠯᠭ᠎ᠠ ᠳᠤ ᠤᠷᠤᠯᠴᠠᠭᠴᠢ ᠪᠤᠯᠤᠨ ᠲᠦᠯᠦᠬᠡᠯᠡᠭᠴᠢ ᠶᠢ ᠬᠦᠯᠢᠶᠠᠨ ᠵᠤᠴᠢᠯᠠᠬᠤ ᠶᠢ ᠬᠠᠷᠢᠭᠤᠴᠠᠨ᠎ᠠ᠃        ᠬᠤᠰᠢᠭᠤ ᠵᠤᠬᠢᠴᠠᠭᠤᠯᠤᠨ ᠰᠶᠢᠳᠪᠤᠷᠢᠯᠡᠬᠦ ᠲᠦᠪ ᠤᠨ ᠬᠠᠶ᠋ᠢᠭ᠄        ᠣᠷᠳᠣᠰ ᠬᠤᠳᠠ ᠶᠢᠨ ᠦᠦᠰᠢᠨ ᠬᠤᠰᠢᠭᠤᠨ ᠤ ᠰᠠᠶᠢᠬᠠᠨ ᠵᠠᠮ ︵ᠲᠤᠯᠤᠳᠤᠭᠠᠷ ᠵᠠᠮ︶᠎ ᠤᠨ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠲᠦᠪ ᠤᠨ ᠲᠤᠯᠤᠳᠤᠭᠠᠷ ᠳᠠᠪᠬᠤᠷ ᠤᠨ 702᠂ 709 ᠠᠯᠪᠠᠨ ᠭᠡᠷ        ᠲᠤᠰᠬᠠᠢ ᠬᠡᠷᠡᠭ ᠰᠢᠢᠳᠪᠣᠷᠢᠯᠡᠬᠦ ᠠᠵᠢᠯ ᠤᠨ ᠨᠢᠭᠡᠳᠤᠭᠡᠷ ᠲᠤᠭᠤᠶᠢᠯᠠᠩ       ︵709︶   ᠣᠳᠠᠰᠣ᠄ 0477 — 2256727        ᠲᠤᠰᠬᠠᠢ ᠬᠡᠷᠡᠭ ᠰᠢᠢᠳᠪᠣᠷᠢᠯᠡᠬᠦ ᠠᠵᠢᠯ ᠤᠨ ᠬᠤᠶᠠᠳᠣᠭᠠᠷ ᠲᠤᠭᠤᠶᠢᠯᠠᠩ      ︵709︶   ᠣᠳᠠᠰᠣ᠄ 0477 — 2256728        ᠲᠤᠰᠬᠠᠢ ᠬᠡᠷᠡᠭ ᠰᠢᠢᠳᠪᠣᠷᠢᠯᠡᠬᠦ ᠠᠵᠢᠯ ᠤᠨ ᠭᠤᠷᠪᠠᠳᠣᠭᠠᠷ ᠲᠤᠭᠤᠶᠢᠯᠠᠩ     ︵702︶   ᠣᠳᠠᠰᠣ᠄ 0477 — 2256729        ᠲᠤᠰᠬᠠᠢ ᠬᠡᠷᠡᠭ ᠤᠨ ᠰᠢᠢᠳᠪᠣᠷᠢᠯᠡᠬᠦ ᠠᠵᠢᠯ ᠤᠨ ᠲᠦᠷᠪᠡᠳᠦᠭᠡᠷ ᠲᠤᠭᠤᠶᠢᠯᠠᠩ ︵702︶   ᠣᠳᠠᠰᠣ᠄ 0477 — 2256730                        ᠥᠥᠰᠢᠨ ᠬᠤᠰᠢᠭᠤᠨ ᠤ ᠬᠠᠤᠯᠢ ᠪᠤᠰᠤ ᠪᠡᠯᠡ ᠴᠤᠭᠯᠠᠭᠤᠯᠭ᠎ᠠ ᠶᠢᠨ ᠬᠡᠷᠡᠭ ᠤᠨ ᠬᠦᠷᠦᠩᠬᠡ ᠶᠢ ᠵᠤᠬᠢᠴᠠᠭᠤᠯᠤᠨ ᠰᠶᠢᠳᠪᠤᠷᠢᠯᠡᠬᠦ ᠲᠦᠪ                                              2019 ᠣᠨ ᠤ 5 ᠰᠠᠷ᠎ᠠ ᠶᠢᠨ 29᠎ ᠤ ᠡᠳᠦᠷ
 
ᠢᠷᠡᠯᠲᠡ᠄ ᠬᠤᠰᠢᠭᠤ ᠠᠷᠠᠳ ᠤᠨ ᠵᠠᠰᠠᠭ ᠤᠨ ᠣᠷᠳᠣᠨ ᠤ ᠠᠯᠪᠠᠨ ᠬᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号