ᠨᠤᠮᠢᠨ ᠲᠠᠩᠰᠤᠭ ᠦᠤᠰᠢᠨ ᠤ ᠨᠤᠭᠤᠭᠠᠷᠠᠭᠤᠯᠤᠯᠲᠡ ᠶᠢᠨ ᠬᠠᠷᠭᠤᠢ
ᠨᠡᠶᠢᠲᠡᠯᠡᠭᠰᠡᠨ ᠴᠠᠭ᠄
2019-06-18
      — ᠦᠤᠰᠢᠨ ᠬᠤᠰᠢᠭᠤᠨ ᠤ ᠠᠮᠢ ᠠᠬᠤᠢ ᠶᠢᠨ ᠪᠦᠲᠦᠬᠡᠨ ᠪᠠᠶᠢᠭᠤᠯᠤᠯᠲᠡ ᠶᠢ ᠲᠡᠮᠲᠡᠭᠯᠡᠪᠡ      ᠤᠳᠤᠷᠢᠳᠬᠠᠯ᠄ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠥᠬᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ ᠬᠤᠷᠠᠯ ᠢᠶᠠᠷ ᠤᠯᠤᠰ ᠤᠨ ᠲᠡᠷᠢᠬᠦᠯᠡᠭᠴᠢ ᠰᠢ ᠶᠢᠨ ᠫᠢᠡᠭ ᠦᠪᠦᠷ ᠮᠤᠩᠭᠤᠯ ᠤᠨ ᠲᠦᠯᠥᠬᠡᠯᠡᠭᠴᠢᠳ ᠤᠨ ᠪᠦᠯᠬᠦᠮ ᠤᠨ ᠬᠢᠨᠡᠨ ᠵᠦᠪᠯᠡᠬᠦ ᠳᠤ ᠤᠷᠤᠯᠴᠠᠬᠤ ᠳᠠᠭᠠᠨ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠲᠡ ᠶᠢ ᠴᠢᠩᠭᠠᠳᠬᠠᠬᠤ ᠪᠠᠶᠢᠯᠳᠤᠬᠤ ᠪᠤᠳᠤᠯᠭ᠎ᠠ ᠶᠢᠨ ᠲᠤᠭᠲᠠᠯ ᠬᠦᠴᠦᠨ ᠢᠶᠠᠨ ᠪᠠᠲᠤᠯᠠᠵᠤ᠂ ᠠᠮᠢ ᠠᠬᠤᠢ ᠶᠢ ᠤᠷᠢᠳ ᠢᠶᠠᠷ ᠪᠤᠳᠤᠯᠬᠢᠯᠠᠭᠰᠠᠨ ᠪᠤᠬᠢᠷᠳᠤᠯ ᠦᠭᠡᠢ ᠬᠦᠭᠵᠢᠯᠲᠡ ᠪᠠᠷ ᠤᠳᠤᠷᠢᠳᠤᠮᠵᠢ ᠪᠤᠯᠭᠠᠭᠰᠠᠨ ᠴᠢᠨᠠᠷ ᠰᠠᠶᠢᠲᠠᠢ ᠬᠦᠭᠵᠢᠯᠲᠡ ᠶᠢᠨ ᠰᠢᠨ᠎ᠡ ᠵᠠᠮ ᠢ ᠡᠷᠢᠯᠬᠢᠯᠡᠵᠤ᠂ ᠠᠮᠢ ᠠᠬᠤᠢ ᠶᠢᠨ ᠰᠢᠰᠲᠧᠮ ᠢ ᠬᠠᠮᠠᠭᠠᠯᠠᠬᠤ ᠡᠷᠴᠢᠮ ᠢᠶᠠᠨ ᠴᠢᠩᠭᠠᠷᠠᠭᠤᠯᠤᠨ᠂ ᠪᠤᠬᠢᠷᠳᠤᠯ ᠢ ᠰᠡᠷᠬᠡᠶᠢᠯᠡᠨ ᠵᠠᠰᠠᠬᠤ ᠪᠤᠭᠤᠮᠲᠠ ᠰᠢᠪᠲᠤᠯᠬᠤ ᠲᠠᠶᠢᠯᠠᠯᠳᠤᠭᠠᠨ ᠢ ᠰᠠᠶᠢᠲᠤᠷ ᠬᠢᠵᠤ᠂ ᠡᠬᠡ ᠤᠯᠤᠰ ᠤᠨ ᠢᠶᠠᠨ ᠤᠮᠠᠷᠠᠲᠤ ᠶᠢᠨ ᠡᠨᠡ ᠬᠦ ᠦᠵᠡᠰᠬᠦᠯᠡᠩᠲᠤ ᠰᠠᠶᠢᠬᠠᠨ ᠦᠵᠡᠮᠵᠢ ᠶᠢᠨ ᠤᠷᠤᠨ ᠢ ᠰᠠᠶᠢᠲᠤᠷ ᠰᠠᠬᠢᠨ ᠬᠠᠮᠠᠭᠠᠯᠠᠬᠤ ᠬᠡᠷᠡᠭᠲᠡᠢ ᠬᠡᠮᠡᠨ ᠴᠢᠬᠤᠯᠠᠴᠢᠯᠠᠭᠰᠠᠨ ᠪᠠᠶᠢᠨ᠎ᠠ᠃      ᠦᠯᠢᠬᠡᠷ ᠪᠤᠶᠤ ᠦᠨᠡᠨ      ᠭᠠᠭᠴᠠᠮᠤᠳᠤ᠂ ᠬᠦᠬᠡᠮᠤᠳᠤ᠂ ᠮᠤᠳᠤᠨ ᠪᠤᠯᠠᠭ᠂ ᠮᠤᠳᠤᠲᠤ ᠨᠤᠲᠤᠭ᠂ ᠶᠠᠰᠢᠯᠲᠤ ᠶᠢᠨ ᠬᠤᠭᠤᠯᠠᠢ᠂ ᠵᠡᠬᠡᠷᠬᠡᠨ᠎ᠡ ᠶᠢᠨ ᠬᠦᠨᠳᠡᠢ᠂ ᠬᠦᠨᠳᠦᠽᠠᠮᠪᠤ ᠶᠢᠨ ᠮᠤᠳᠤ ᠁ ᠬᠡᠬᠦ ᠮᠡᠲᠤᠴᠢᠯᠠᠨ ᠨᠡᠷᠡᠯᠡᠭᠰᠡᠨ ᠮᠠᠩᠬ᠎ᠠ ᠲᠤᠯᠤᠭᠠᠳ᠂ ᠪᠠᠯᠠᠷ ᠡᠷᠢᠶᠡᠯᠡᠩ᠂ ᠬᠦᠨᠳᠡᠢ ᠬᠤᠭᠤᠯᠠᠢ ᠦᠤᠰᠢᠨ ᠨᠤᠲᠤᠭ ᠤᠨ ᠬᠦᠷᠦᠰᠦᠨ ᠳᠤ ᠤᠯᠠᠨ ᠪᠤᠢ᠃ ᠨᠤᠲᠤᠭ ᠤᠨ ᠪᠤᠭᠤᠷᠤᠯᠴᠤᠳ ᠤᠨ ᠬᠠᠭᠤᠴᠢᠯᠠᠬᠤ ᠪᠠᠷ᠂ ᠡᠳᠡᠭᠡᠷ ᠭᠠᠵᠠᠷ ᠤᠨ ᠨᠡᠷ᠎ᠡ ᠶᠢᠨ ᠢᠷᠡᠯᠲᠡ ᠨᠢ ᠶᠡᠭᠡ ᠲᠡᠭᠡᠷ᠎ᠡ ᠦᠶ᠎ᠡ ᠳᠤ ᠡᠨᠡ ᠤᠷᠴᠢᠮ ᠳᠤ ᠭᠠᠭᠴᠠ ᠨᠢᠬᠡ ᠲᠠᠪᠠᠭ ᠪᠤᠳᠠ ᠪᠤᠷᠭᠠᠰᠤ ᠪᠤᠶᠤ ᠤᠳᠠ ᠮᠤᠳᠤ ᠪᠠᠶᠢᠭᠰᠠᠨ ᠡᠰᠡᠬᠦᠯ᠎ᠡ ᠶᠠᠮᠠᠷ ᠨᠢᠬᠡᠨ ᠬᠦᠮᠦᠨ ᠬᠠᠷᠢ ᠬᠤᠯᠠ ᠠᠴᠠ ᠨᠢᠬᠡ ᠰᠤᠶᠤᠭ᠎ᠠ᠂ ᠦᠷ᠎ᠡ ᠠᠪᠴᠢᠷᠠᠨ ᠲᠠᠷᠢᠭᠠᠳ ᠲᠡᠷᠡ ᠨᠢ ᠤᠷᠭᠤᠵᠤ ᠪᠦᠳᠦᠬᠦᠷᠡᠨ᠂ ᠨᠤᠲᠤᠭ ᠤᠨ ᠬᠦᠮᠦᠰ ᠲᠡᠭᠦᠨ ᠤ ᠨᠡᠷ᠎ᠡ ᠪᠠᠷ ᠡᠨᠡ ᠭᠠᠵᠠᠷ ᠤᠷᠤᠨ ᠢ ᠨᠡᠷᠡᠯᠡᠬᠦ ᠪᠤᠯᠤᠭᠰᠠᠨ ᠠᠴᠠ ᠤᠳᠤ ᠪᠤᠯᠲᠠᠯ᠎ᠠ ᠢᠡᠭᠭᠢᠵᠤ ᠶᠠᠷᠢᠭᠳᠠᠭᠰᠠᠨ ᠲᠡᠤᠬᠡ ᠲᠠᠢ ᠠᠵᠢ᠃ ᠡᠭᠦᠨ ᠠᠴᠠ ᠦᠵᠡᠬᠦ ᠳᠤ ᠡᠷᠲᠡ ᠲᠡᠭᠡᠷ᠎ᠡ ᠦᠶ᠎ᠡ ᠳᠤ ᠦᠤᠰᠢᠨ ᠨᠤᠲᠤᠭ ᠤᠨ ᠬᠦᠷᠦᠰᠦᠨ ᠳᠤ ᠮᠤᠳᠤ ᠶᠡᠭᠡ ᠬᠤᠮᠰᠠ ᠪᠠᠶᠢᠭᠰᠠᠨ ᠮᠠᠭᠠᠳᠯᠠᠯ ᠲᠠᠢ᠃ ᠪᠠᠰᠠ ᠴᠤ ᠪᠠᠯᠠᠷ ᠮᠠᠩᠬᠠᠨ ᠤ ᠬᠦᠨ ᠳᠤ ᠮᠠᠯᠵᠢᠬᠤ ᠠᠮᠢᠳᠤᠷᠠᠯ ᠢᠶᠠᠨ ᠬᠢᠵᠤ ᠪᠠᠶᠢᠭ᠎ᠠ ᠦᠲᠡᠬᠦᠰ ᠨᠠᠰᠤᠲᠠᠳ ᠤᠨ ᠶᠠᠷᠢᠶᠠᠨ ᠠᠴᠠ ᠠᠵᠢᠬᠤ ᠳᠤ ᠲᠡᠳᠡᠨ ᠢ ᠪᠠᠭ᠎ᠠ ᠪᠠᠶᠢᠬᠤ ᠳᠤ ᠤᠪᠤᠭ᠎ᠠ ᠤᠷᠤᠳ ᠪᠤᠶᠤ ᠰᠦᠮ᠎ᠡ ᠶᠢᠨ ᠬᠠᠵᠠᠭᠤ ᠳᠤ ᠯᠠ ᠭᠠᠭᠴᠠ ᠬᠡᠳᠦᠨ ᠬᠠᠶᠢᠯᠠᠰᠤ ᠪᠠᠶᠢᠵᠤ᠂ ᠦᠬᠡᠷ᠎ᠡ ᠭᠠᠵᠠᠷ ᠪᠠᠷᠤᠭ ᠮᠤᠳᠤ ᠪᠠᠶᠢᠭᠰᠠᠨ ᠦᠭᠡᠢ᠂ ᠮᠤᠳᠤ ᠪᠠᠶᠢᠬᠤ ᠪᠠᠷ ᠪᠤᠳᠤᠬᠤ ᠳᠤ ᠲᠡᠷᠡ ᠨᠢ ᠤᠢᠢᠷ᠎ᠠ ᠵᠠᠭᠤᠷ᠎ᠠ ᠬᠡᠳᠦᠨ ᠠᠷᠪᠠᠨ ᠭᠠᠵᠠᠷ ᠤᠨ ᠲᠤᠳᠤᠷ᠎ᠠ ᠭᠠᠭᠴᠠ ᠯᠠ ᠪᠠᠶᠢᠭᠰᠠᠨ ᠭᠡᠳᠡᠭ᠃ ᠲᠡᠭᠡᠷ᠎ᠡ ᠵᠠᠭᠤᠨ ᠤ ᠲᠠᠪᠢ ᠵᠢᠷᠠᠭᠠᠳ ᠤᠨ ᠳᠤ ᠪᠤᠷᠤᠯᠳᠠᠢ ᠪᠠᠷ ᠲᠦᠷᠦᠬᠦᠯᠡᠭᠦᠯᠥᠭᠰᠡᠨ ᠦᠤᠰᠢᠨᠵᠤᠤ ᠶᠢᠨ ᠮᠠᠯᠴᠢᠳ ᠮᠤᠳᠤ ᠲᠠᠷᠢᠬᠤ ᠶᠢᠨ ᠲᠦᠯᠥᠬᠡ ᠲᠡᠮᠡᠬᠡᠲᠤ᠂ ᠢᠷᠭᠠᠢ ᠵᠡᠷᠭᠡ ᠭᠠᠵᠠᠷ ᠠᠴᠠ ᠲᠡᠮᠡᠭᠡ᠂ ᠮᠤᠷᠢ᠂ ᠡᠯᠵᠢᠬᠡ ᠪᠠᠷ ᠮᠤᠳᠤᠨ ᠰᠤᠶᠤᠭ᠎ᠠ ᠠᠴᠢᠵᠤ ᠬᠡᠳᠤᠨ ᠠᠷᠪᠠ ᠬᠤᠨᠤᠭ ᠶᠠᠪᠤᠳᠠᠭ ᠪᠠᠶᠢᠭᠰᠠᠨ ᠦᠨᠡᠨ ᠲᠠᠢ ᠬᠤᠯᠪᠤᠪᠠᠰᠤ ᠡᠨᠡ ᠮᠠᠭᠠᠳᠯᠠᠯ ᠵᠦᠪ ᠪᠤᠯᠬᠤ ᠪᠤᠢ ‍ᠶ᠎ᠠ︕      ᠮᠦᠨ ᠴᠤ ᠪᠡᠰᠦᠳ ᠭ᠋᠊ · ᠮᠦᠡᠭᠬᠡᠪᠠᠲᠤ ᠶᠢᠨ ᠤᠷᠴᠢᠭᠤᠯᠤᠭᠰᠠᠨ ︽ᠤᠷᠳᠤᠰ ᠵᠠᠭᠤᠨ ᠵᠢᠯ︾ ᠬᠡᠬᠦ ᠨᠤᠮ ᠳᠤ ᠷᠧᠬᠢᠰ · ᠡᠸᠡᠷᠢᠰᠲ · ᠡᠾᠦ᠋ᠺ ᠤᠨ 1844 ᠤᠨ ᠳᠤ ᠤᠷᠳᠤᠰ ᠢᠶᠠᠷ ᠠᠶᠠᠯᠠᠭᠰᠠᠨ ᠠᠶᠠᠨ ᠵᠠᠮ ᠤᠨ ᠲᠡᠮᠲᠡᠭᠯᠡᠯ ᠳᠤ ᠄ ︽᠁ ᠲᠡᠨᠳᠡ ᠠᠴᠠ ᠶᠠᠪᠤᠭᠠᠳ ᠲᠤᠩ ᠤᠳᠠᠯ ᠦᠭᠡᠢ ᠤᠷᠳᠤᠰ ᠤᠨ ᠲᠠᠴᠢᠷ ᠬᠠᠭᠤᠷᠠᠢ᠂ ᠬᠤᠵᠠᠶᠢᠭᠰᠠᠨ ᠬᠤᠪᠠᠭ᠋ᠠᠢ ᠪᠡᠯᠴᠢᠬᠡᠷ ᠲᠤ ᠬᠦᠷᠦᠯ᠎ᠡ᠃ ᠡ᠊ᠨᠳᠡ ᠬᠠᠮᠢᠭ᠎ᠠ ᠨᠢ ᠪᠤᠯᠪᠠᠴᠤ ᠲᠠᠴᠢᠷ ᠬᠠᠭᠤᠷᠠᠢ᠂ ᠡᠪᠡᠰᠦ ᠤᠷᠭᠤᠮᠠᠯ ᠦᠭᠡᠢ ᠭᠤᠤ ᠵᠢᠯᠠᠭ᠎ᠠ ᠵᠠᠯᠭᠠᠯᠳᠤᠵᠤ᠂ ᠰᠠᠯᠬᠢᠨ ᠤ ᠬᠦᠴᠦᠨ ᠳᠤ ᠦᠯᠢᠶᠡᠭᠳᠡᠨ ᠲᠠᠭᠤᠭᠳᠠᠵᠤ ᠢᠷᠡᠭᠰᠡᠨ ᠨᠡᠬᠦᠳᠡᠯ ᠡᠯᠡᠰᠦ᠂ ᠬᠠᠶᠢᠷ ᠴᠢᠯᠠᠭᠤ ᠲᠦᠬᠦᠷᠦᠭᠰᠡᠨ ᠬᠠᠷᠠᠭᠳᠠᠨ᠎ᠠ᠃ ᠡ᠊ ᠡᠳᠡᠬᠢ ᠶᠢᠨ ᠲᠡᠵᠢᠬᠡᠯ ᠡᠪᠡᠰᠦ ᠨᠢ ᠦᠷᠭᠡᠰᠦ ᠲᠠᠢ ᠪᠤᠲᠠᠯᠢᠭ ᠤᠷᠭᠤᠮᠠᠯ᠂ ᠦᠮᠡᠬᠡᠢ ᠦᠨᠦᠷᠲᠦᠭᠰᠡᠨ ᠤᠢᠢᠮ᠎ᠠ ᠤᠷᠭᠤᠮᠠᠯ ᠤᠳ ᠤᠷᠭᠤᠵᠠᠢ᠂ ᠲᠡᠭᠡᠭᠡᠳ ᠬᠤᠯᠠ ᠬᠤᠯᠠ ᠡ᠊ᠨᠳᠡ ᠲᠡᠨᠳᠡ ᠬᠠᠮᠢᠭ᠎ᠠ ᠨᠢᠬᠡ ᠬᠡᠳᠦᠨ ᠬᠡᠪᠡᠷᠡᠭ ᠡᠪᠡᠰᠦ ᠭᠠᠵᠠᠷ ᠯᠤᠭ᠎ᠠ ᠨᠠᠭᠠᠯᠳᠤᠨ ᠤᠷᠭᠤᠭᠰᠠᠨ ᠪᠠᠶᠢᠭ᠎ᠠ ᠶᠢ ᠨᠢ ᠮᠠᠯ ᠢᠳᠡᠬᠦ ᠬᠡᠵᠤ ᠤᠷᠤᠭᠤᠯ ᠠᠮᠠ ᠪᠠᠷ ᠢᠶᠠᠨ ᠦᠯᠢᠶᠡᠵᠤ ᠲᠤᠷᠬᠢᠳᠠᠨ ᠤᠡᠭᠭᠢᠴᠢᠬᠤ ᠦᠭᠡᠢ ᠪᠤᠯ ᠪᠤᠯᠵᠤ ᠦᠭᠭᠦ ᠦᠭᠡᠢ ᠠᠵᠢ ᠁︾ ᠬᠡᠮᠡᠨ ᠦᠬᠦᠯᠡᠵᠡᠢ᠃      ᠡᠳᠡᠬᠡᠷ ᠦᠯᠢᠬᠡᠷ ᠪᠤᠶᠤ ᠦᠨᠡᠡ ᠲᠡᠮᠲᠡᠭᠯᠡᠯ ᠢ ᠨᠢᠬᠡ ᠲᠤᠤᠷ᠎ᠠ ᠠᠪᠴᠢᠷᠠᠨ ᠰᠢᠨᠵᠢᠬᠦ ᠶᠢᠨ ᠬᠠᠮᠲᠤ ᠲᠤᠤᠷᠠᠲᠤ ᠪᠦᠯᠥᠭ ᠲᠤ ᠭᠠᠷᠬᠤ ᠵᠢᠷᠭᠠᠯᠲᠤ ᠶᠢᠨ ᠮᠤᠳᠤ ᠲᠠᠷᠢᠭᠰᠠᠨ ᠦᠡᠭᠬᠡᠷᠡᠯᠲᠡ ᠲᠠᠢ ᠬᠤᠯᠪᠤᠨ ᠬᠠᠷᠠᠪᠠᠯ ᠠᠭᠠᠷ ᠨᠢᠬᠡᠨ ᠪᠢᠯᠡ ︕ ᠵᠢᠷᠭᠠᠯᠲᠤ ᠠᠩᠬ᠎ᠠ ᠮᠤᠳᠤ ᠲᠠᠷᠢᠬᠤ ᠳᠤ 2004 ᠤᠨ ᠪᠠᠶᠢᠭᠰᠠᠨ ᠴᠤ ᠬᠦᠮᠦᠨ ᠮᠠᠯ ᠴᠦᠬᠡᠨ ᠪᠤᠶᠢᠲᠠ ᠪᠦᠭᠯᠡᠬᠦᠦ ᠮᠠᠩᠬᠠᠨ ᠬᠦᠨ ᠳᠤ ᠰᠠᠭᠤᠷᠢᠰᠢᠭᠰᠠᠨ ᠪᠤᠯᠬᠤᠷ ᠠᠪᠤ ᠶᠢᠨ ᠬᠢᠨᠢ ᠦᠶ᠎ᠡ ᠳᠤ ᠬᠤᠯᠠ ᠠᠴᠠ ᠡᠬᠦᠷᠴᠤ ᠢᠷᠡᠭᠰᠡᠨ ᠲᠦᠴᠢᠬᠡᠳ ᠮᠤᠳᠤᠨ ᠠᠴᠠ ᠰᠤᠶᠤᠭ᠎ᠠ ᠪᠠᠭᠤᠯᠭᠠᠨ ᠮᠤᠳᠤ ᠲᠠᠷᠢᠬᠤ ᠠᠵᠢᠯ ᠢᠶᠠᠨ ᠡᠬᠢᠯᠡᠬᠦᠯᠵᠤ᠂ ᠤᠳᠤ ᠪᠤᠯᠬᠤ ᠳᠤ 5 ᠲᠦᠮᠡᠨ ᠰᠠᠭᠤᠷᠢ ᠮᠤᠳᠤ ᠲᠠᠢ ᠪᠤᠯᠤᠭᠰᠠᠨ ᠠᠵᠢ᠃ ᠡᠬᠦᠨ ᠢ ᠲᠠᠷᠠᠭᠠᠴᠢ ᠶᠢᠨ ᠰᠤᠷᠪᠤᠯᠵᠢᠯᠠᠭ᠎ᠠ ᠳᠤ ᠨᠠᠷᠢᠨ ᠦᠬᠦᠯᠡᠬᠦ ᠪᠤᠯᠬᠤᠷ ᠡ᠊ᠨᠳᠡ ᠨᠤᠷᠰᠢᠬᠤ ᠦᠭᠡᠢ᠃ ᠡ᠊ᠨᠳᠡ ᠵᠦᠪᠬᠡᠨ ᠲᠡᠤᠬᠡᠨ ᠴᠠᠭ ᠦᠶ᠎ᠡ ᠶᠢᠨ ᠦᠤᠰᠢᠨ ᠨᠤᠲᠤᠭ᠂ ᠨᠠᠰᠤᠲᠠᠳ ᠤᠨ ᠶᠠᠷᠢᠶ᠎ᠠ ᠬᠠᠭᠤᠴᠢ ᠬᠢᠭᠡᠳ ᠤᠳᠤᠬᠢ ᠪᠠᠶᠢᠳᠠᠯ ᠢ ᠢᠯᠡᠳᠲᠡ ᠬᠠᠷᠢᠴᠠᠭᠤᠯᠤᠨ᠂ ᠮᠤᠤᠠᠤᠰᠤ ᠶᠢᠨ ᠮᠠᠩᠬᠠᠨ ᠬᠦᠨ ᠳᠠᠬᠢ ᠤᠷᠭᠤᠮᠠᠯ ᠤᠨ ᠪᠦᠷᠬᠦᠪᠴᠢ ᠪᠤᠶᠤ ᠤᠢ ᠮᠤᠳᠤᠨ ᠤ ᠲᠤᠬᠠᠢ ᠲᠦᠬᠦᠮᠬᠡᠨ ᠬᠠᠷᠢᠴᠠᠭᠤᠯᠤᠯ ᠪᠤᠯᠭᠠᠵᠤ᠂ ᠤᠤᠯ ᠨᠢ ᠡᠨᠡ ᠨᠤᠲᠤᠭ ᠲᠤ ᠮᠤᠳᠤ ᠬᠡᠬᠦ ᠵᠦᠢᠯ ᠪᠠᠷᠤᠭ ᠦᠭᠡᠢ ᠪᠠᠶᠢᠭᠰᠠᠨ ᠪᠤᠶᠤ ᠪᠠᠶᠢᠬᠤ ᠪᠠᠷ ᠪᠤᠳᠤᠬᠤ ᠳᠤ ᠲᠤᠩ ᠴᠦᠬᠡᠨ ᠪᠠᠶᠢᠭᠰᠠᠨ ᠢ ᠢᠯᠡᠳᠬᠡᠬᠦ ᠬᠡᠰᠡᠨ ᠰᠠᠨᠠᠭ᠎ᠠ ᠪᠤᠶᠤ︕      ︽ᠦᠤᠰᠢᠨ ᠤ ᠮᠠᠯᠴᠢᠳ ᠮᠤᠳᠤ ᠲᠠᠷᠢᠬᠤ ᠶᠡᠭᠡ ᠲᠤᠷᠠᠲᠠᠢ᠂ ᠤᠢᠢᠵᠢᠭᠤᠯᠤᠯᠲᠡ ᠶᠢᠨ ᠤᠬᠠᠮᠰᠠᠷ ᠦᠨᠳᠦᠷ︾      ᠪᠠᠭ᠎ᠠ ᠭᠠᠷᠴᠠᠭ ᠪᠤᠯᠤᠭᠰᠠᠨ ᠡᠨᠡ ᠦᠬᠡ ᠶᠢ ᠦᠤᠰᠢᠨ ᠬᠤᠰᠢᠭᠤᠨ ᠤ ᠤᠯᠤᠰ ᠤᠨ ᠦᠮᠴᠢᠯᠡᠯᠲᠤ ᠦᠤᠰᠢᠨᠵᠤᠤ ᠳᠠᠬᠢ ᠡᠯᠡᠰᠦ ᠦᠬᠡᠷᠡᠴᠢᠯᠡᠬᠦ ᠦᠷᠲᠡᠬᠡᠨ ᠤ ᠲᠠᠷᠤᠭ᠎ᠠ ᠬᠠᠰᠮᠦ᠋ᠷᠡᠨ ᠰᠤᠷᠪᠤᠯᠵᠢᠯᠠᠭ᠎ᠠ ᠶᠢᠨ ᠵᠠᠪᠰᠠᠷ ᠦᠬᠦᠯᠡᠵᠤ ᠪᠢᠯᠡ᠃ ᠦᠤᠰᠢᠨ ᠬᠤᠰᠢᠭᠤᠨ ᠤ ᠤᠢ ᠰᠢᠭᠤᠢ ᠶᠢᠨ ᠲᠤᠪᠴᠢᠶᠡᠨ ᠳᠤ ᠬᠦᠷᠴᠤ ᠲᠡᠭᠦᠨ ᠲᠠᠢ ᠵᠤᠭᠤᠭᠳᠠᠬᠤ ᠳᠤ ᠲᠡᠷᠡ ᠰᠠᠶ᠋ᠢᠬᠠᠨ ᠬᠦᠳᠡᠭᠡ ᠪᠠᠭᠤᠭᠠᠳ ᠬᠠᠷᠢᠵᠤ ᠢᠷᠡᠭᠰᠡᠨ ᠲᠠᠢ ᠬᠠᠷᠭᠤᠭᠠᠳ ᠤᠴᠢᠷ ᠢ ᠨᠢ ᠯᠠᠪᠯᠠᠪᠠᠰᠤ ᠡᠨᠡ ᠬᠠᠪᠤᠷ ᠲᠡᠳᠡ ᠦᠤᠰᠢᠨ ᠬᠤᠰᠢᠭᠤᠨ ᠤ ᠡᠯ᠎ᠡ ᠰᠤᠮᠤ ᠭᠠᠴᠠᠭ᠎ᠠ ᠪᠠᠷ ᠬᠦᠨᠵᠡᠬᠡᠶᠢᠷᠡᠨ ᠠᠯᠪᠠᠨ ᠺᠠᠳ᠋ᠷ ᠠᠵᠢᠯᠲᠠᠨ ᠠᠯᠪᠠᠨ ᠵᠢᠷᠤᠮ ᠤᠨ ᠮᠤᠳᠤ ᠲᠠᠷᠢᠬᠤ ᠠᠵᠢᠯᠯᠠᠭ᠎ᠠ ᠦᠷᠨᠢᠬᠦᠯᠥᠨ ᠲᠦᠡᠭᠬᠡᠵᠤ ᠰᠢᠪᠲᠤᠷᠠᠭᠠᠨ ᠳᠠᠭᠠᠨ ᠤᠷᠤᠭᠰᠠᠨ ᠪᠠᠶᠢᠯ᠎ᠠ᠃ ᠮᠦᠨ ᠴᠤ ︽ᠰᠢᠷᠭᠤᠯᠵᠢᠨ ᠤᠢ︾ ᠶᠢᠨ ᠠᠵᠢᠯ ᠡᠨᠡ ᠵᠢᠯ ᠤᠨ ᠬᠢ ᠨᠢᠬᠡᠨᠲᠡ ᠳᠠᠭᠤᠰᠴᠤ᠂ ᠲᠡᠳᠡ ᠴᠤ ᠰᠢᠯᠭᠠᠨ ᠪᠠᠶᠢᠴᠠᠭᠠᠯᠲᠠ ᠪᠠᠨ ᠬᠢᠵᠤ ᠪᠠᠶᠢᠭ᠎ᠠ ᠠᠵᠢ᠃      ᠠᠵᠢᠯ ᠤᠨ ᠬᠢᠨᠢ ᠶᠠᠭᠠᠷᠠᠤ ᠲᠠᠢ ᠢᠡᠭᠭᠢᠵᠤ ᠬᠠᠷᠭᠤᠭᠰᠠᠨ ᠪᠤᠯᠬᠤᠷ ᠲᠡᠭᠦᠨ ᠲᠠᠢ ᠬᠠᠮᠲᠤ ᠬᠦᠳᠡᠭᠡ ᠪᠠᠭᠤᠵᠤ ᠲᠤᠬᠠᠢ ᠶᠢᠨ ᠭᠠᠵᠠᠷ ᠲᠤᠨᠢ ᠤᠴᠢᠵᠤ ᠴᠢᠳᠠᠭᠰᠠᠨ ᠦᠭᠡᠢ ᠠᠯᠪᠠᠨ ᠬᠡᠷ ᠲᠤᠨᠢ ᠵᠤᠭᠤᠭᠳᠠᠵᠤ ᠰᠠᠭᠤᠯ᠎ᠠ᠃ ᠲᠡᠭᠦᠨ ᠤ ᠠᠮᠠᠨ ᠠᠴᠠ ᠦᠤᠰᠢᠨ ᠨᠤᠲᠤᠭ ᠤᠨ ᠮᠠᠯᠴᠢᠳ ᠤᠨ ᠡᠬᠡ ᠪᠠᠶᠢᠭᠠᠯᠢ ᠪᠠᠨ ᠬᠠᠮᠠᠭᠠᠯᠠᠵᠤ᠂ ᠤᠢ ᠮᠤᠳᠤ ᠲᠠᠷᠢᠬᠤ ᠦᠵᠡᠯ ᠤᠬᠠᠮᠰᠠᠷ ᠶᠠᠮᠠᠷᠬᠠᠨ ᠪᠠᠶᠢᠭ᠎ᠠ ᠲᠤᠬᠠᠢ ᠶᠡᠬᠡᠬᠡᠨ ᠤᠢᠢᠯᠠᠭᠠᠯᠲᠠ ᠲᠠᠢ ᠪᠤᠯᠤᠭᠰᠠᠨ ᠶᠤᠮ᠃      ︽ᠲᠠᠨᠤᠰ ᠦᠤᠰᠢᠨ ᠤ ᠬᠦᠳᠡᠭᠡ ᠨᠤᠲᠤᠭ ᠢᠶᠠᠷ ᠶᠠᠪᠤᠭᠠᠳ ᠦᠵᠡᠬᠦ ᠳᠤ ᠶᠠᠮᠠᠷ ᠴᠤ ᠠᠶᠢᠯ ᠤᠨ ᠭᠠᠳᠠᠨ᠎ᠠ ᠪᠦᠷ ᠮᠤᠳᠤ ᠲᠠᠢ᠂ ᠲᠠᠨᠢᠬᠤ ᠲᠠᠨᠢᠬᠤ ᠦᠭᠡᠢ ᠡᠯᠳᠡᠪ ᠵᠦᠢᠯ ᠤᠨ ᠮᠤᠳᠤ ᠪᠠᠶᠢᠨ᠎ᠠ᠃ ᠲᠡᠭᠡᠬᠦᠯᠡᠷ ᠮᠠᠨ ᠤ ᠡ᠊ᠨᠳᠡᠬᠢ ᠮᠠᠯᠴᠢᠳ ᠬᠡᠵᠢᠶ᠎ᠡ ᠤᠵᠤᠭᠤᠷ ᠤᠨ ᠦᠭᠡᠢ ︵ᠤᠯᠤᠰ ᠪᠠᠶᠢᠭᠤᠯᠤᠭᠳᠠᠭᠰᠠᠨ ᠠᠴᠠ ᠢᠨᠠᠭᠰᠢ︶ ᠮᠤᠳᠤ ᠲᠠᠷᠢᠬᠤ ᠦᠵᠡᠯ ᠤᠬᠠᠮᠰᠠᠷ ᠪᠤᠢ ᠪᠤᠯᠴᠢᠬᠠᠭᠰᠠᠨ᠂ ᠲᠡᠳᠡ ᠶᠠᠮᠠᠷ ᠴᠤ ᠲᠦᠷᠦᠯ ᠵᠦᠢᠯ᠂ ᠠᠰᠢᠭ ᠬᠤᠨᠵᠢᠶ᠎ᠠ ᠬᠡᠵᠤ ᠪᠤᠳᠤᠬᠤ ᠴᠤ ᠦᠭᠡᠢ ᠪᠠᠷ ᠬᠠᠨᠭ᠍ᠰᠢ ᠶᠢᠨ ᠦᠶᠡᠰ ᠢᠶᠠᠷ ᠶᠡᠭᠡ ᠴᠤ ᠪᠠᠭ᠎ᠠ ᠴᠤ ᠬᠡᠳᠦᠨ ᠰᠤᠶᠤᠭ᠎ᠠ ᠬᠠᠳᠬᠤᠵᠤ ᠦᠵᠡᠨ᠎ᠡ᠃ ᠡᠨᠡ ᠨᠢ ᠦᠬᠡᠷ᠎ᠡ ᠬᠡᠳᠦᠨ ᠬᠤᠰᠢᠭᠤ ᠶᠢ ᠪᠤᠳᠤᠪᠠᠯ ᠢᠯᠡᠷᠬᠡᠢ ᠵᠦᠷᠢᠶᠡᠨ ᠲᠠᠢ᠃ ᠪᠠᠰᠠ ᠨᠢᠬᠡ ᠨᠢ ᠮᠠᠨ ᠤ ᠬᠤᠰᠢᠭᠤᠨ ᠤ ᠪᠠᠭ᠎ᠠ ᠰᠤᠷᠭᠠᠭᠤᠯᠢ ᠶᠢᠨ ᠬᠡᠤᠬᠡᠳ ᠵᠢᠯ ᠪᠤᠯᠭᠠᠨ ᠬᠦᠳᠡᠭᠡ ᠳᠤ ᠤᠴᠢᠵᠤ ᠮᠤᠳᠤ ᠲᠠᠷᠢᠬᠤ ᠪᠤᠯᠬᠤᠷ ᠲᠡᠳᠡ ᠴᠤ ᠦᠰᠴᠤ ᠦᠬᠡᠯᠡᠢ ᠪᠤᠯᠤᠭᠠᠳ ᠢᠷᠡᠬᠦ ᠪᠠᠷ ᠡᠬᠡ ᠪᠠᠶᠢᠭᠠᠯᠢ ᠪᠠᠨ ᠬᠠᠶᠢᠷᠠᠯᠠᠬᠤ ᠦᠵᠡᠯ ᠦᠨᠳᠦᠷ ᠪᠤᠯᠵᠤ᠂ ᠲᠠᠷᠠᠭ᠎ᠠ ᠨᠢᠬᠡ ᠦᠶ᠎ᠡ ᠳᠡᠭᠡᠨ ᠤᠯᠠᠮᠵᠢᠯᠠᠨ᠎ᠠ᠃ ᠮᠢᠨᠤ ᠮᠡᠳᠡᠬᠦ ᠪᠠᠷ ᠵᠠᠷᠢᠮ ᠮᠠᠯᠴᠢᠳ ᠤᠨ ᠬᠡᠤᠬᠡᠳ ᠬᠤᠲᠠ ᠳᠤ ᠠᠵᠢᠯ ᠲᠠᠢ ᠪᠠᠶᠢᠭᠠᠳ ᠬᠠᠪᠤᠷ ᠤᠨ ᠴᠠᠭ ᠲᠤ ᠭᠠᠷᠠᠭ ᠤᠨ ᠠᠮᠠᠷᠠᠯᠲᠠ ᠪᠠᠷ ᠬᠦᠳᠡᠭᠡ ᠬᠡᠷ ᠲᠡᠭᠡᠨ ᠢᠷᠡᠵᠤ ᠮᠤᠳᠤ ᠲᠠᠷᠢᠵᠤ ᠪᠠᠶᠢᠨ᠎ᠠ᠃ ᠡᠨᠡ ᠪᠤᠯ ᠲᠡᠳᠡ ᠴᠦᠮ ᠦᠪᠡᠷ ᠤᠨ ᠰᠠᠶᠢᠨ ᠲᠤᠷ᠎ᠠ ᠠᠴᠠ ᠪᠠᠨ᠂ ᠶᠠᠮᠠᠷ ᠴᠤ ᠤᠢ ᠰᠢᠭᠤᠢ ᠶᠢᠨ ᠨᠦᠬᠦᠪᠦᠷᠢ᠂ ᠲᠦᠷᠦᠯ ᠵᠦᠢᠯ ᠳᠤ ᠲᠠᠳᠠᠭᠳᠠᠬᠤ ᠦᠭᠡᠢ ᠪᠠᠷ ᠬᠢᠵᠤ ᠪᠠᠶᠢᠭ᠎ᠠ ᠶᠠᠪᠤᠳᠠᠯ︾︕ ᠬᠠᠰᠮᠦ᠋ᠷᠡᠨ ᠤ ᠡᠨᠡ ᠦᠬᠡ ᠦᠨᠡᠨ ᠪᠠᠶᠢᠯ᠎ᠠ᠃ ᠡᠮᠦᠨ᠎ᠡ ᠡᠳᠦᠷ ᠪᠢᠷᠴᠢᠨ ᠦᠤᠰᠢᠨ ᠬᠤᠰᠢᠭᠤᠨ ᠤ ᠰᠦᠯᠳᠡ ᠰᠤᠮᠤᠨ ᠤ ᠬᠦᠭᠡᠮᠠᠩᠬ᠎ᠠ ᠭᠠᠴᠠᠭ᠎ᠠ ᠪᠠᠷ ᠰᠤᠷᠪᠤᠯᠵᠢᠯᠠᠵᠤ ᠶᠠᠪᠤᠬᠤ ᠳᠤ ᠲᠤᠰ ᠭᠠᠴᠠᠭᠠᠨ ᠤ ᠮᠠᠯᠴᠢᠳ ᠵᠠᠮ ᠤᠨ ᠬᠠᠵᠠᠭᠤ᠂ ᠮᠠᠩᠬᠠᠨ ᠠᠷᠤ ᠪᠠᠷ ᠪᠦᠷ ᠰᠢᠨᠡᠬᠡᠨ ᠰᠤᠶᠤᠭ᠎ᠠ ᠲᠠᠷᠢᠵᠤ᠂ ᠭᠠᠴᠠᠭᠠᠨ ᠤ ᠱᠦᠵᠢ ᠰᠡᠴᠡᠨᠪᠠᠭᠠᠲᠤᠷ ᠨᠡᠩ ᠴᠤ ᠮᠤᠳᠤ ᠲᠠᠷᠢᠬᠤ ᠬᠤᠷᠤᠬᠠᠢ ᠲᠠᠢ ᠡᠷ᠎ᠡ ᠪᠠᠶᠢᠭᠰᠠᠨ ᠢ ᠪᠤᠰᠤᠳ ᠤᠨ ᠠᠮᠠᠨ ᠠᠴᠠ ᠰᠤᠨᠤᠰᠴᠤ ᠪᠢᠯᠡ︕      ᠮᠤᠳᠤ ᠲᠠᠷᠢᠬᠤ ᠪᠤᠯ ᠨᠢᠬᠡ ᠤᠳᠠᠭᠠᠨ ᠳᠠᠭᠠᠭᠠᠮᠠᠭᠠᠢ ᠳᠠᠶᠢᠨ ᠮᠦᠨ᠂ ᠦᠷ᠎ᠡ ᠠᠰᠢᠭ ᠨᠢ ᠴᠤ ᠬᠡᠳᠦᠨ ᠠᠷᠪᠠᠨ ᠵᠢᠯ ᠤᠨ ᠲᠠᠷᠠᠭ᠎ᠠ ᠰᠠᠶ᠋ᠢ ᠢᠯᠡᠷᠡᠵᠤ ᠪᠠᠶᠢᠳᠠᠭ ᠢᠶᠠᠷ ᠢᠶᠠᠨ ᠮᠤᠳᠤ ᠲᠠᠷᠢᠵᠤ ᠪᠠᠶᠠᠵᠢᠨ᠎ᠠ ᠬᠡᠪᠡᠯ ᠪᠠᠷᠤᠭ ᠪᠦᠲᠦᠰᠢ ᠦᠭᠡᠢ ᠬᠡᠷᠡᠭ ᠪᠠᠶᠢᠪᠠ᠃ ᠲᠡᠭᠡᠬᠦᠯᠡᠷ ᠦᠤᠰᠢᠨ ᠤ ᠦᠶ᠎ᠡ ᠦᠶ᠎ᠡ ᠶᠢᠨ ᠮᠠᠯᠴᠢᠳ ᠤᠨ ᠲᠠᠷᠢᠭᠰᠠᠨ ᠮᠤᠳᠤ ᠤᠷᠤᠨ ᠳᠠᠭᠠᠨ ᠬᠦᠳᠡᠯᠥᠯ ᠦᠭᠡᠢ ᠰᠦᠭᠯᠡᠶᠢᠵᠤ᠂ ᠡᠬᠡ ᠪᠠᠶᠢᠭᠠᠯᠢ ᠶᠢᠨ ᠰᠦᠷᠲᠤ ᠦᠵᠡᠰᠬᠦᠯᠡᠩ ᠪᠤᠯᠬᠤ ᠶᠢᠨ ᠰᠠᠴᠠᠭᠤ ᠲᠤᠬᠠᠢ ᠶᠢᠨ ᠭᠠᠵᠠᠷ ᠤᠷᠤᠨ ᠤ ᠬᠤᠷ᠎ᠠ ᠲᠤᠨᠤᠳᠠᠰᠤ ᠶᠢ ᠨᠡᠮᠡᠭᠳᠡᠬᠦᠯᠥᠨ᠂ ᠬᠠᠪᠤᠷ ᠤᠨ ᠬᠠᠷ᠎ᠠ ᠰᠢᠭᠤᠷᠭ᠎ᠠ ᠰᠠᠯᠬᠢᠨ ᠢ ᠬᠠᠭᠠᠳᠠᠭ ᠢᠶᠠᠷ ᠢᠶᠠᠨ ᠭᠠᠳᠠᠨ᠎ᠠ ᠠᠴᠠ ᠨᠢ ᠬᠠᠷᠠᠬᠤ ᠳᠤ ᠳᠡᠮᠡᠢ ᠠᠰᠢᠭ ᠦᠭᠡᠢ ᠪᠠᠶᠢᠪᠠᠴᠤ ᠨᠠᠷᠢᠨ ᠰᠢᠨᠵᠢᠯᠡᠬᠦ ᠳᠤ ᠲᠡᠷᠡ ᠨᠢ ᠮᠠᠯ ᠤᠨᠤᠭ᠎ᠠ ᠠᠴᠠ ᠠᠬᠢᠭᠤᠯᠤᠭᠠᠳ ᠠᠭᠤᠷ ᠠᠮᠢᠰᠬᠤᠯ ᠤᠨ ᠬᠤᠪᠢᠷᠠᠯᠲᠠ ᠶᠢ ᠰᠠᠶᠢᠵᠢᠷᠠᠭᠤᠯᠤᠨ ᠡᠪᠡᠳᠴᠢᠨ ᠡᠮᠬᠡᠭ ᠢ ᠰᠡᠷᠬᠡᠶᠢᠯᠡᠬᠦ ᠳᠤ ᠬᠦᠷᠲᠡᠯ᠎ᠡ ᠲᠤᠰᠠ ᠪᠤᠯᠳᠠᠭ ᠠᠵᠢ᠃ ᠬᠠᠰᠮᠦ᠋ᠷᠡᠨ ᠡᠨᠡ ᠲᠤᠬᠠᠢ᠄ ︽ᠮᠤᠳᠤ ᠲᠠᠷᠢᠬᠤ ᠶᠢᠨ ᠦᠷ᠎ᠡ ᠠᠰᠢᠭ ᠢ ᠤᠳᠤ ᠠᠵᠢᠭᠯᠠᠭᠠᠳ ᠪᠠᠶᠢᠬᠤ ᠳᠤ ᠡᠨᠡ ᠮᠤᠳᠤ ᠭᠡᠰᠡᠨ ᠶᠠᠭᠤᠮ᠎ᠠ ᠰᠠᠯᠬᠢ ᠬᠠᠭᠠᠬᠤ ᠦᠢᠯᠡᠳᠦᠯ ᠨᠢ ᠶᠡᠭᠡ ᠪᠠᠶᠢᠨ᠎ᠠ᠃ ᠲᠡᠷᠡ ᠮᠦᠷᠲᠡᠬᠡᠨ ᠲᠠᠷᠢᠭᠰᠠᠨ ᠮᠤᠳᠤ ᠨᠢ ᠤᠳᠠᠭᠠᠨ ᠵᠢᠯ ᠪᠤᠯᠬᠤ ᠲᠤᠰᠤᠮ ᠢᠶᠠᠨ ᠦᠢᠯᠡᠳᠦᠯ ᠢᠶᠠᠨ ᠪᠠᠳᠠᠷᠠᠭᠤᠯᠬᠤ ᠨᠢ ᠨᠡᠩ ᠶᠡᠭᠡ ᠪᠠᠶᠢᠨ᠎ᠠ᠃ ᠤᠳᠤ ᠮᠠᠨ ᠤ ᠬᠤᠰᠢᠭᠤᠨ ᠤ ᠪᠦᠬᠦ ᠮᠠᠯᠴᠢᠳ ᠪᠦᠷ ︿ᠨᠠᠶᠢᠲᠠ ᠶᠢᠨ ᠠᠰᠢᠭᠲᠤ ᠤᠢ ᠰᠢᠭᠤᠢ﹀ ᠠᠴᠠ ᠠᠰᠢᠭ ᠬᠦᠷᠲᠡᠵᠤ ᠪᠠᠶᠢᠨ᠎ᠠ︾ ᠬᠡᠮᠡᠨ ᠶᠠᠷᠢᠯ᠎ᠠ᠃      ᠠᠵᠢᠯ ᠤᠨ ᠲᠤᠷᠰᠢᠯᠭ᠎ᠠ ᠬᠡᠳᠡᠭ ᠪᠤᠯ ᠠᠯᠢᠪᠠ ᠶᠢ ᠲᠤᠭᠲᠠᠭᠠᠬᠤ ᠶᠢᠨ ᠰᠠᠭᠤᠷᠢ ᠠᠵᠢ᠃ ︽ᠤᠤᠯ ᠨᠢ ᠪᠢᠳᠠ ᠮᠤᠳᠤ ᠲᠠᠷᠢᠬᠤ᠂ ᠲᠤᠷᠯᠤᠭ ᠲᠠᠷᠢᠬᠤ ᠵᠡᠷᠭᠡ ᠳᠤ ᠲᠤᠷᠰᠢᠯᠭ᠎ᠠ ᠲᠤᠳᠠᠭᠳᠠᠵᠤ ᠪᠠᠶᠢᠭᠰᠠᠨ᠂ ᠲᠠᠷᠢᠭᠰᠠᠨ ᠮᠤᠳᠤ ᠨᠢ ᠬᠡᠳᠦᠨ ᠵᠢᠯ ᠤᠨ ᠲᠠᠷᠠᠭ᠎ᠠ ᠦᠬᠦᠬᠦ ᠤᠴᠢᠷ ᠭᠠᠷᠳᠠᠭ᠂ ᠲᠡᠭᠡᠬᠦᠯᠡᠷ ᠡᠨᠡ ᠵᠢᠯ ᠪᠢᠳᠠ ᠴᠠᠭ ᠬᠦᠭ ᠢ ᠨᠢ ᠲᠠᠭᠠᠷᠠᠭᠤᠯᠵᠤ ᠂ ᠰᠢᠨᠵᠢᠯᠡᠬᠦ ᠤᠬᠠᠭᠠᠨᠴᠢ ᠪᠠᠷ ᠤᠳᠠᠭᠠᠨ ᠳᠠᠭᠠᠭᠠᠮᠠᠭᠠᠢ ᠳᠠᠶᠢᠨ ᠬᠢᠬᠦ ᠠᠷᠭ᠎ᠠ ᠠᠪᠤᠭᠰᠠᠨ᠂ ᠮᠤᠳᠤ ᠲᠠᠷᠢᠨ᠎ᠠ ᠬᠡᠳᠡᠭ ᠬᠡᠵᠢᠶ᠎ᠡ ᠲᠠᠷᠢᠶ᠎ᠠ ᠬᠡᠪᠡᠯ ᠲᠠᠷᠢᠴᠢᠬᠠᠳᠠᠭ ᠵᠦᠢᠯ ᠪᠢᠰᠢ᠂ ᠮᠦᠨ ᠴᠤ ᠵᠠᠷᠢᠮ ᠭᠠᠵᠠᠷ ᠤᠷᠤᠨ ᠳᠤ ᠮᠠᠯ ᠬᠤᠢ ᠠᠴᠠ ᠰᠡᠷᠬᠡᠶᠢᠯᠡᠬᠦ ᠬᠡᠷᠡᠭᠲᠡᠢ᠃ ᠲᠡᠭᠡᠬᠦᠯᠡᠷ ᠵᠦᠪᠬᠡᠨ ᠭᠠᠵᠠᠷ ᠤᠨ ᠲᠠᠯᠠᠪᠠᠢ᠂ ᠲᠤᠭ᠎ᠠ ᠮᠠᠭᠠᠳ ᠢᠶᠠᠷ ᠦᠨᠳᠦᠷ ᠢ ᠬᠦᠭᠡᠭᠡᠴᠡᠯᠳᠦᠬᠦ ᠠᠴᠠ ᠢᠯᠡᠬᠦᠦ ᠴᠢᠨᠠᠷ ᠢ ᠪᠠᠲᠤᠯᠠᠬᠤ ᠨᠢ ᠴᠢᠬᠤᠯᠠ᠃ ᠡᠭᠦᠨ ᠤ ᠬᠠᠮᠲᠤ ᠪᠢᠳᠠ ᠬᠡᠳᠦᠨ ᠵᠠᠭᠤᠨ ᠵᠢᠯ ᠤᠨ ᠲᠡᠤᠬᠡ ᠲᠠᠢ ᠮᠤᠳᠤ ᠪᠠᠨ ᠬᠠᠮᠠᠭᠠᠯᠠᠬᠤ ᠳᠤ ᠶᠡᠭᠡᠭᠡᠨ ᠬᠦᠴᠦ ᠤᠷᠤᠭᠤᠯᠵᠤ ᠪᠠᠶᠢᠨ᠎ᠠ᠃ ᠰᠦᠮ᠎ᠡ ᠶᠢᠨ ᠬᠠᠵᠠᠭᠤ ᠪᠠᠷ ᠬᠢ ᠬᠠᠶᠢᠯᠠᠰᠤ᠂ ᠠᠷᠴᠠ᠂ ᠶᠠᠰᠢᠯ ᠵᠡᠷᠭᠡ ᠶᠢ ᠪᠦᠷ ᠭᠤᠤᠯᠳᠠᠯᠭ᠎ᠠ ᠲᠠᠢ ᠬᠠᠮᠠᠭᠠᠯᠠᠵᠤ ᠪᠠᠶᠢᠨ᠎ᠠ︾ ᠬᠡᠮᠡᠨ ᠬᠠᠰᠮᠦ᠋ᠷᠡᠨ ᠤᠳᠤᠬᠢ ᠠᠵᠢᠯ ᠤᠨ ᠲᠤᠷᠰᠢᠯᠭ᠎ᠠ ᠪᠠᠨ ᠪᠠᠰᠠ ᠶᠠᠷᠢᠵᠤ ᠪᠠᠶᠢᠯ᠎ᠠ᠃      ᠤᠢᠢᠯᠠᠭᠠᠭᠰᠠᠨ ᠢᠶᠠᠷ᠂ ᠦᠤᠰᠢᠨ ᠬᠤᠰᠢᠭᠤᠨ ᠤ ᠤᠢ ᠰᠢᠭᠤᠢ ᠶᠢᠨ ᠲᠤᠪᠴᠢᠶ᠎ᠡ ᠨᠢ ᠨᠤᠮᠢᠨ ᠲᠠᠩᠰᠤᠭ ᠦᠤᠰᠢᠨ ᠢ ᠪᠦᠲᠦᠬᠡᠨ ᠪᠠᠶᠢᠭᠤᠯᠬᠤ ᠶᠢᠨ ᠲᠤᠰᠠᠳᠠ ᠡᠯᠡᠰᠦ ᠶᠢ ᠲᠤᠭᠲᠠᠪᠤᠷᠢᠵᠢᠭᠤᠯᠤᠨ ᠮᠤᠳᠤ ᠲᠠᠷᠢᠬᠤ᠂ ᠠᠲᠠᠷ ᠬᠠᠭᠠᠯᠪᠤᠷᠢᠯᠠᠬᠤ ᠶᠢ ᠵᠤᠭᠰᠤᠭᠠᠨ ᠡᠪᠡᠰᠦ ᠮᠤᠳᠤ ᠲᠠᠷᠢᠬᠤ᠂ ᠠᠵᠤ ᠠᠬᠤᠢᠢᠯᠠᠯ ᠤᠨ ᠤᠷᠴᠢᠨ ᠲᠤᠭᠤᠷᠢᠨ ᠢ ᠴᠡᠭᠴᠡᠯᠡᠨ ᠵᠠᠰᠠᠬᠤ᠂ ᠵᠢᠮᠢᠰ ᠤᠨ ᠮᠤᠳᠤ ᠶᠢ ᠲᠠᠷᠢᠶᠠᠨ ᠭᠠᠵᠠᠷ ᠲᠤ ᠲᠠᠷᠢᠬᠤ ᠁ ᠵᠡᠷᠭᠡ ᠤᠯᠠᠨ ᠲᠦᠷᠦᠯ ᠤᠨ ᠠᠷᠭ᠎ᠠ ᠬᠡᠯᠪᠡᠷᠢ ᠪᠠᠷ ᠠᠮᠢ ᠠᠬᠤᠢ᠂ ᠤᠷᠴᠢᠨ ᠲᠤᠭᠤᠷᠢᠨ ᠢᠶᠠᠨ ᠰᠠᠶᠢᠵᠢᠷᠠᠭᠤᠯᠵᠤ ᠪᠠᠶᠢᠭ᠎ᠠ ᠶᠤᠮ ᠪᠠᠶᠢᠨ᠎ᠠ᠃ ᠡᠬᠦᠨ ᠳᠤ ᠵᠢᠮᠢᠰ ᠤᠨ ᠮᠤᠳᠤ ᠶᠢ ᠲᠠᠷᠢᠶᠠᠨ ᠭᠠᠵᠠᠷ ᠲᠤ ᠲᠠᠷᠢᠬᠤ ᠨᠢ ᠬᠡᠳᠦ ᠬᠡᠳᠦᠨ ᠵᠦᠢᠯ ᠤᠨ ᠠᠰᠢᠭ ᠢ ᠵᠡᠷᠭᠡ ᠪᠠᠷ ᠬᠦᠷᠲᠡᠵᠤ ᠪᠤᠯᠬᠤ ᠠᠵᠢ᠃ ︽ᠮᠠᠨ ᠤ ᠬᠤᠰᠢᠭᠤᠨ ᠤ ᠨᠠᠷᠢᠨᠭᠤᠤᠯ ᠪᠠᠯᠭᠠᠰᠤᠨ ᠤ ᠸᠠᠩ ᠶᠤᠤ ᠶᠢᠨ ᠲᠤᠬᠤᠢ ᠳᠤ ᠠᠶᠢᠯ ᠪᠤᠯᠭᠠᠨ ᠳᠤ ᠪᠠᠭ᠎ᠠ ᠵᠢᠮᠢᠰ ᠤᠨ ᠬᠦᠷᠢᠶᠡᠯᠡᠩ ᠪᠤᠢ᠂ ᠪᠢᠳᠠ ᠡ᠊ᠨᠳᠡ ᠠᠴᠠ ᠮᠤᠳᠤᠨ ᠰᠤᠶᠤᠭ᠎ᠠ ᠶᠢ ᠬᠠᠨᠭ᠍ᠭᠠᠵᠤ᠂ ᠲᠡᠳᠡ ᠤᠰᠤᠨ ᠭᠠᠵᠠᠷ ᠲᠠᠭᠠᠨ ᠵᠢᠮᠢᠰ ᠤᠨ ᠮᠤᠳᠤ ᠪᠠᠨ ᠲᠠᠷᠢᠭᠠᠳ ᠬᠤᠤᠰ ᠠᠰᠢᠭ ᠬᠦᠷᠲᠡᠵᠤ ᠪᠠᠶᠢᠨ᠎ᠠ᠂ ᠤᠷᠭᠤᠮᠠᠯ ᠮᠤᠳᠤ ᠯᠠ ᠬᠡᠪᠡᠯ ᠶᠠᠮᠠᠷ ᠴᠤ ᠲᠦᠷᠦᠯ ᠨᠢ ᠬᠡᠳ ᠴᠦᠮ ᠠᠮᠢ ᠠᠬᠤᠢ ᠳᠤ ᠲᠤᠰᠠᠲᠠᠢ ᠪᠦᠬᠡᠳ ᠲᠡᠳᠡ ᠠᠯᠢᠮ᠎ᠠ ᠵᠢᠮᠢᠰ ᠢᠶᠠᠨ ᠵᠠᠬ᠎ᠠ ᠳᠡᠯᠬᠡᠬᠦᠷ ᠲᠤ ᠭᠠᠷᠭᠠᠭᠠᠳ ᠠᠰᠢᠭ ᠬᠦᠷᠲᠡᠯ᠎ᠡ᠃ ᠮᠦᠨ ᠡᠬᠦᠨ ᠢᠶᠠᠷ ᠳᠠᠮᠵᠢᠭᠤᠯᠤᠭᠠᠳ ᠲᠠᠷᠢᠶᠠᠯᠠᠩ ᠤᠨ ᠲᠠᠯᠠᠪᠠᠢ ᠶᠢᠨ ᠡᠯᠡᠰᠦᠷᠬᠡᠭᠵᠢᠬᠦ ᠶᠢ ᠰᠡᠷᠬᠡᠶᠢᠯᠡᠵᠤ ᠴᠢᠳᠠᠨ᠎ᠠ᠃ ᠬᠡᠪᠡᠴᠤ ᠡᠭᠦᠨ ᠳᠤ ᠭᠠᠵᠠᠷ ᠰᠤᠩᠭᠤᠬᠤ ᠵᠢᠴᠢ ᠮᠡᠷᠬᠡᠵᠢᠯ ᠤᠨ ᠲᠠᠯ᠎ᠠ ᠪᠠᠷ ᠱᠠᠭᠠᠷᠳᠠᠯᠭ᠎ᠠ ᠦᠨᠳᠦᠷ᠂ ᠬᠡᠨ ᠬᠦᠮᠦᠨ ᠲᠠᠷᠢᠶ᠎ᠠ ᠬᠡᠪᠡᠯ ᠲᠠᠷᠢᠴᠢᠬᠠᠳᠠᠭ ᠲᠡᠶᠢᠮᠤ ᠠᠮᠠᠷᠬᠠᠨ ᠵᠦᠢᠯ ᠪᠢᠰᠢ︾ ᠬᠡᠮᠡᠨ ᠬᠠᠰᠮᠦ᠋ᠷᠡᠨ ᠰᠤᠷᠪᠤᠯᠵᠢᠯᠠᠭᠴᠢ ᠳᠤ ᠬᠡᠯᠡᠵᠤ ᠪᠠᠶᠢᠯ᠎ᠠ᠃      40 ᠵᠢᠯ ᠳᠤ 14000 ᠮᠦ          ᠬᠤᠲᠠ ᠬᠦᠳᠡᠭᠡ ᠠᠳᠠᠯᠢᠬᠠᠨ ᠪᠤᠯᠵᠡᠢ ᠬᠡᠳᠡᠭ ᠪᠤᠯᠪᠠᠴᠤ ᠤᠨᠴᠠᠭᠠᠢ ᠵᠠᠷᠢᠮ ᠭᠠᠵᠠᠷ ᠪᠤᠶᠤ ᠠᠶᠢᠯ ᠡᠷᠦᠬᠡ ᠳᠤ ᠬᠦᠷᠬᠦ ᠳᠤ ᠪᠠᠰᠠ ᠯᠠ ᠡ᠊ᠡᠭᠬᠦᠯ ᠲᠤᠩᠬᠤᠯ ᠲᠠᠢ ᠰᠢᠪᠡᠷ ᠵᠠᠮ ᠢᠶᠠᠷ ᠵᠠᠮᠨᠠᠵᠤ᠂ ᠮᠠᠰᠢᠨ ᠪᠠᠷᠢᠭᠰᠠᠨ ᠬᠦᠮᠦᠨ ᠮᠤᠷᠢ ᠤᠨᠤᠭ᠎ᠠ ᠤᠨᠤᠭᠰᠠᠨ ᠠᠴᠠ ᠢᠯᠡᠬᠦᠦ ᠶᠠᠳᠠᠷᠠᠳᠠᠭ ᠨᠢ ᠦᠨᠡᠨ ᠠᠵᠢ᠃ ᠦᠤᠰᠢᠨ ᠬᠤᠰᠢᠭᠤᠨ ᠤ ᠦᠤᠰᠢᠨᠵᠤᠤ ᠪᠠᠯᠭᠠᠰᠤᠨ ᠤ ᠪᠦᠷᠢᠳᠤ ᠭᠠᠴᠠᠭᠠᠨ ᠤ ᠴᠠᠭᠠᠨᠲᠤᠯᠤᠭᠠᠢ ᠮᠠᠯᠵᠢᠯ ᠤᠨ ᠬᠤᠷᠰᠢᠶᠠᠨ ᠤ ᠵᠢᠷᠭᠠᠯᠲᠤ ᠶᠢᠨ ᠳᠤ ᠬᠦᠷᠬᠦ ᠳᠤ ︽ᠴᠠᠩ ᠴᠢᠩ︾ ᠤᠨ ᠨᠠᠷᠢᠨ ᠵᠠᠰᠠᠮᠠᠯ ᠵᠠᠮ ᠠᠴᠠ ᠪᠠᠭᠤᠭᠠᠳ ᠠᠷᠪᠠᠨ ᠭᠠᠵᠠᠷ ᠢ ᠲᠤᠭᠤᠯᠬᠤ ᠳᠤ ᠯᠠ ᠡᠨᠡ ᠠᠮᠲᠠ ᠶᠢ ᠮᠡᠳᠡᠷᠡᠵᠤ ᠪᠢᠯᠡ᠃ ᠲᠡᠳᠡᠨ ᠤ ᠬᠢᠨ ᠴᠤᠬᠤᠮ ᠬᠦ ᠪᠤᠶᠢᠳᠠ ᠪᠦᠭᠯᠡᠬᠦᠦ ᠭᠠᠵᠠᠷ ᠤᠨ ᠮᠤᠬᠤᠷ ᠲᠤ ᠰᠠᠭᠤᠵᠤ ᠂ ᠤᠢᠢᠷ᠎ᠠ ᠵᠠᠭᠤᠷ᠎ᠠ ᠠᠶᠢᠯ ᠡᠷᠦᠬᠡ ᠴᠦᠬᠡᠨᠲᠡᠢ ᠪᠤᠯᠬᠤᠷ ᠨᠤᠲᠤᠭ ᠪᠡᠯᠴᠢᠬᠡᠷ ᠤᠨ ᠬᠢᠨᠢ ᠲᠠᠯᠠᠪᠠᠢ ᠴᠤ ᠶᠡᠭᠡ ᠪᠠᠶᠢᠯ᠎ᠠ᠃ ᠵᠢᠷᠭᠠᠯᠲᠤ ᠬᠡᠵᠤ ᠨᠠᠷᠠ ᠰᠠᠯᠬᠢᠨ ᠳᠤ ᠤᠳᠠᠭᠠᠨ ᠵᠢᠯ ᠢᠶᠠᠷ ᠴᠤᠬᠢᠭᠤᠯᠵᠤ ᠶᠠᠪᠤᠭᠰᠭᠠᠷ ᠪᠠᠶᠢᠵᠤ ᠨᠢᠭᠤᠷ ᠨᠢ ᠬᠠᠷᠠᠯᠠᠴᠢᠬᠠᠭᠰᠠᠨ ᠲᠠᠪᠢᠭᠠᠳ ᠨᠠᠰᠤᠨ ᠤ ᠡᠷ᠎ᠡ ᠪᠠᠶᠢᠯ᠎ᠠ᠃      ᠤᠨᠠᠬᠰᠠᠨ ᠨᠤᠲᠤᠭ ᠤᠨ ᠬᠦᠮᠦᠨ ᠪᠤᠯᠬᠤᠷ ᠡᠷᠡᠭᠡ ᠵᠢᠷᠤᠭ᠎ᠠ ᠦᠭᠡᠢ ᠵᠤᠭᠤᠭ ᠳᠡᠯᠬᠡᠵᠤ ᠰᠠᠭᠤᠭᠰᠠᠨ ᠮᠢᠨᠢ ᠤᠯᠵᠠ ᠶᠡᠬᠡᠲᠡᠢ ᠪᠠᠶᠢᠯ᠎ᠠ᠃ ᠵᠢᠷᠭᠠᠯᠲᠤ 1982 ᠤᠨ ᠳᠤ ᠠᠩᠬ᠎ᠠ ᠰᠢᠪᠠᠭ ᠲᠠᠷᠢᠵᠤ ᠡᠬᠢᠯᠡᠬᠦ ᠦᠶ᠎ᠡ ᠶᠢᠨ ᠬᠦᠴᠢᠷᠳᠡᠯ ᠢᠶᠠᠨ ᠲᠤᠭᠠᠴᠠᠬᠤ ᠳᠤ ᠲᠡᠭᠦᠨ ᠤ ᠨᠢᠭᠤᠷ ᠲᠤ ᠰᠠᠭᠤᠭᠰᠠᠨ ᠠᠲᠤᠷᠢᠶ᠎ᠠ ᠨᠢ ᠡᠨᠡ ᠪᠦᠬᠦᠨ ᠢ ᠬᠡᠷᠡᠴᠢᠯᠡᠵᠤ ᠪᠠᠶᠢᠯ᠎ᠠ᠃ ︽ᠲᠡᠷᠡ ᠦᠶᠡᠰ ᠮᠠᠨ ᠤ ᠡᠨᠡ ᠬᠠᠪᠢ ᠳᠤ ᠴᠦᠮ ᠮᠠᠩᠬ᠎ᠠ ᠪᠠᠶᠢᠵᠤ᠂ ᠮᠠᠭᠤ ᠬᠡᠷ ᠨᠢ ᠶᠠ ᠮᠠᠩᠬᠠᠨ ᠳᠤ ᠲᠠᠷᠤᠭᠳᠠᠭᠠᠳ ᠪᠠᠶᠢᠭᠰᠠᠨ᠂ ᠲᠡᠭᠡᠭᠡᠳ ᠶᠠᠭᠠᠬᠢᠪᠠᠴᠤ ᠡᠨᠡ ᠮᠠᠩᠬ᠎ᠠ ᠶᠢ ᠤᠢᠢᠵᠢᠭᠤᠯᠵᠤ ᠠᠪᠬᠤ ᠬᠡᠮᠡᠨ ᠵᠢᠷᠭᠤᠭᠠᠨ ᠭᠠᠵᠠᠷ ᠤᠨ ᠬᠤᠯᠠ ᠠᠴᠠ ᠰᠢᠪᠠᠭ ᠡᠬᠦᠷᠴᠤ ᠲᠠᠷᠢᠵᠤ ᠡᠬᠢᠯᠡᠯ᠎ᠡ᠃ ᠡᠭᠦᠨ ᠳᠤ ᠮᠠᠨ ᠤ ᠪᠦᠰᠡᠬᠦᠢ ᠤᠳᠬᠠᠨᠭᠡᠷᠡᠯ ᠯᠠ ᠶᠡᠭᠡ ᠲᠤᠰᠠ ᠪᠤᠯᠵᠤ᠂ ᠨᠠᠮ᠎ᠠ ᠶᠢ ᠵᠤᠷᠢᠭᠵᠢᠭᠤᠯᠤᠨ ᠲᠤᠷᠭᠠᠨ ᠵᠢᠯᠤᠭᠤ ᠶᠢ ᠲᠠᠯᠪᠢᠭᠰᠠᠨ ᠬᠡᠵᠤ ᠬᠡᠯᠡᠵᠤ ᠪᠤᠯᠤᠨ᠎ᠠ᠃ ᠢᠡᠭᠭᠢᠬᠡᠳ ᠯᠠ ᠤᠢᠢᠵᠢᠭᠤᠯᠤᠯᠲᠡ ᠶᠢᠨ ᠠᠩᠬᠠᠨ ᠤ ᠮᠦᠷ ᠲᠠᠮᠠᠭᠠᠯᠠᠭᠳᠠᠨ᠂ ᠪᠦᠰᠡᠬᠦᠢ ᠪᠢᠳᠠ ᠬᠤᠶᠠᠭᠤᠯᠠ ᠦᠳᠡ ᠬᠠᠯᠠᠭᠤᠨ ᠦᠭᠡᠢ ᠰᠢᠪᠠᠭ ᠡᠬᠦᠷᠴᠤ ᠮᠠᠩᠬ᠎ᠠ ᠤᠢᠢᠵᠢᠭᠤᠯᠬᠤ ᠠᠵᠢᠯ ᠳᠤ ᠭᠠᠪᠰᠢᠭᠠᠢᠢᠯᠠᠨ ᠲᠡᠮᠡᠴᠡᠭᠰᠡᠨ ᠶᠤᠮ︾ ᠬᠡᠮᠡᠨ ᠵᠢᠷᠭᠠᠯᠲᠤ ᠦᠬᠡᠨ ᠰᠡᠵᠢᠬᠦᠷ ᠢᠶᠠᠨ ᠡᠯᠬᠦᠯ᠎ᠡ᠃      ᠤᠨ ᠴᠠᠭ ᠤᠨ ᠤᠷᠲᠤ ᠭᠡᠭᠴᠢ ᠲᠤᠭᠤᠯᠤᠭ᠎ᠠ ᠦᠭᠡᠢ ᠪᠠᠶᠢᠬᠤ ᠳᠤ ᠶᠡᠭᠡ ᠬᠤᠯᠠ ᠰᠠᠨᠠᠭᠳᠠᠪᠠᠴᠤ ᠲᠤᠭᠤᠯᠤᠭᠰᠠᠨ ᠬᠤᠶᠢᠨ᠎ᠠ ᠪᠤᠯ ᠬᠡᠳᠦᠬᠡᠨ ᠡᠳᠦᠷ ᠤᠨ ᠡᠮᠦᠨᠡᠬᠢ ᠮᠡᠲᠤ ᠪᠤᠳᠤᠭᠳᠠᠳᠠᠭ ᠠᠵᠢ᠃ ᠵᠢᠷᠭᠠᠯᠲᠤ ᠲᠡᠷᠡ ᠶᠡᠭᠡ ᠡᠯᠡᠰᠦ ᠮᠠᠩᠬᠠᠨ ᠳᠤ ᠰᠢᠪᠠᠭ ᠲᠠᠷᠢᠵᠤ ᠡᠬᠡ ᠨᠤᠲᠤᠭ᠂ ᠠᠮᠢ ᠠᠬᠤᠢ ᠶᠢᠨ ᠪᠦᠲᠦᠬᠡᠨ ᠪᠠᠶᠢᠭᠤᠯᠤᠯᠲᠡ ᠶᠢ ᠡᠬᠢᠯᠡᠬᠦᠯᠵᠤ᠂ ᠲᠡᠭᠦᠨ ᠤ ᠲᠠᠷᠠᠭ᠎ᠠ ᠨᠢ 30 ᠭᠠᠵᠠᠷ ᠤᠨ ᠦᠵᠦᠬᠦᠷ ᠠᠴᠠ ᠡᠯᠵᠢᠬᠡᠨ ᠬᠠᠰᠠᠭ ᠢᠶᠠᠷ ᠪᠤᠷᠭᠠᠰᠤ ᠲᠠᠳᠠᠵᠤ ᠠᠪᠴᠢᠷᠠᠨ ᠲᠠᠷᠢᠭᠰᠠᠨ ᠪᠦᠬᠦᠨ ᠢ ᠪᠢᠳᠠ ᠬᠠᠵᠠᠭᠤ ᠠᠴᠠ ᠨᠢ ᠰᠤᠨᠤᠰᠬᠤ ᠳᠤ ᠶᠡᠭᠡ ᠤᠷᠲᠤ ᠴᠠᠭ ᠪᠠᠶᠢᠪᠠᠴᠤ ᠵᠢᠷᠭᠠᠯᠲᠤ ᠲᠡᠷᠡ ᠪᠦᠬᠦᠨ ᠢ ᠨᠢᠬᠡ ᠯᠠ ᠡᠳᠦᠷ ᠮᠡᠲᠤ ᠪᠠᠷ ᠲᠤᠭᠤᠯᠤᠭᠰᠠᠨ ᠠᠵᠢ᠃ ᠮᠦᠨ 2000 ᠤᠨ ᠪᠤᠯᠵᠤ ᠠᠷᠠᠳ ᠤᠨ ᠠᠮᠢᠳᠤᠷᠠᠯ ᠰᠠᠶᠢᠵᠢᠷᠠᠵᠤ᠂ ᠬᠦᠳᠡᠭᠡ ᠤᠷᠤᠨ ᠢᠶᠠᠷ ᠲᠠᠷᠢᠶᠠᠯᠠᠩ ᠤᠨ ᠮᠠᠰᠢᠨ ᠡᠨᠡ ᠲᠡᠷᠡ ᠡᠬᠢᠯᠡᠨ ᠲᠦᠬᠡᠮᠡᠯᠵᠢᠬᠦ ᠳᠤ ᠲᠡᠷᠡ ᠪᠠᠶᠠᠨᠰᠠᠷᠡᠩ ᠤᠨ ᠬᠠᠭᠤᠴᠢᠨ ᠲᠷᠡᠺᠲ᠋ᠣᠷ ᠢ ᠬᠤᠳᠠᠯᠳᠤᠨ ᠠᠪᠴᠢᠷᠠᠵᠤ᠂ ᠬᠦᠮᠦᠨ ᠤ ᠬᠦᠴᠦ ᠪᠠᠷ ᠪᠤᠶᠤ ᠮᠤᠷᠢ ᠡᠯᠵᠢᠬᠡᠨ ᠬᠠᠰᠠᠭ ᠢᠶᠠᠷ ᠵᠦᠬᠡᠬᠡᠪᠦᠷᠢ ᠪᠤᠯᠭᠠᠵᠤ ᠪᠠᠶᠢᠭᠰᠠᠨ ᠲᠡᠤᠬᠡ ᠪᠠᠨ ᠡᠴᠦᠰᠯᠡᠬᠦᠯᠵᠤ ᠪᠢᠯᠡ᠃ ᠡᠨᠡ ᠲᠤᠬᠠᠢ ᠲᠡᠷᠡ᠄ ︽ᠲᠡᠷᠡ ᠵᠢᠯ ᠠᠩᠬ᠎ᠠ ᠲᠷᠡᠺᠲ᠋ᠣᠷ ᠠᠪᠴᠢᠷᠠᠭᠠᠳ ᠰᠢᠪᠠᠭ ᠪᠤᠷᠭᠠᠰᠤ ᠲᠡᠭᠡᠭᠡᠭᠰᠡᠨ ᠴᠢᠨᠢ ᠠᠵᠢᠯ ᠤᠨ ᠨᠤᠷᠮ᠎ᠠ ᠤᠤᠯ ᠤᠨ ᠬᠢ ᠠᠴᠠ ᠪᠠᠨ ᠬᠡᠳᠦᠨ ᠳᠠᠬᠢᠨ ᠲᠡᠭᠡᠭᠰᠢᠯᠡᠵᠤ᠂ ᠤᠷᠮ᠎ᠠ ᠵᠤᠷᠢᠭ ᠴᠤ ᠨᠡᠩ ᠶᠡᠭᠡ ᠬᠦᠪᠴᠢᠯᠡᠭᠳᠡᠵᠤ ᠢᠷᠡᠭᠰᠡᠨ᠃ ᠢᠡᠭᠭᠢᠭᠡᠳ 2004 ᠤᠨ ᠪᠤᠯᠬᠤ ᠳᠤ ᠮᠠᠨ ᠤ ᠠᠪᠠᠢ ᠵᠠᠯᠠᠭᠤ ᠪᠠᠶᠢᠬᠤ ᠳᠠᠭᠠᠨ ᠲᠡᠵᠢᠳᠨᠤᠷᠪᠤ ᠶᠢᠨ ᠲᠡᠨᠳᠡ ᠠᠴᠠ ᠡᠬᠦᠷᠴᠤ ᠢᠷᠡᠭᠰᠡᠨ ᠲᠦᠴᠢᠬᠡᠳ ᠮᠤᠳᠤᠨ ᠠᠴᠠ ᠰᠤᠶᠤᠭ᠎ᠠ ᠪᠠᠭᠤᠯᠭᠠᠵᠤ᠂ ᠮᠤᠳᠤ ᠲᠠᠷᠢᠬᠤ ᠠᠵᠢᠯ ᠵᠦᠭ ᠰᠢᠯᠵᠢᠭᠰᠡᠨ ᠪᠢᠯᠡ︾ ᠬᠡᠮᠡᠨ ᠶᠠᠷᠢᠵᠤ ᠪᠠᠶᠢᠯ᠎ᠠ᠃ ᠡᠭᠦᠨᠴᠡ ᠬᠤᠶᠢᠰᠢ ᠰᠠᠷ᠎ᠠ ᠡᠳᠦᠷ ᠤᠳ ᠤᠯᠠᠷᠢᠭᠰᠠᠭᠠᠷ᠂ ᠲᠡᠭᠦᠨ ᠤ ᠲᠠᠷᠢᠭᠰᠠᠨ ᠮᠤᠳᠤ ᠰᠢᠪᠠᠭ ᠴᠤ ᠨᠡᠮᠡᠭᠳᠡᠭᠰᠡᠭᠡᠷ ᠪᠠᠶᠢᠵᠤ ᠦᠨᠦᠳᠦᠷ ᠪᠤᠯᠬᠤ 14000 ᠮᠦ ᠪᠡᠯᠴᠢᠬᠡᠷ ᠲᠡᠭᠡᠷ᠎ᠡ ᠪᠠᠨ 5 ᠲᠦᠮᠡᠨ ᠰᠠᠭᠤᠷᠢ ᠮᠤᠳᠤ ᠲᠠᠷᠢᠵᠤ ᠠᠮᠵᠢᠭᠰᠠᠨ ᠪᠠᠶᠢᠯ᠎ᠠ᠃ ᠬᠠᠷᠢᠨ 2013 ᠤᠨ ᠳᠤ ᠲᠡᠷᠭᠡᠨ ᠡ᠊ᠨᠳᠡᠯ ᠢᠶᠠᠷ ᠨᠢᠬᠡ ᠮᠤᠳᠤ ᠴᠤ ᠲᠠᠷᠢᠵᠤ ᠴᠢᠳᠠᠭ᠎ᠠ ᠦᠭᠡᠢ ᠲᠡᠭᠡᠷ᠎ᠡ ᠪᠠᠨ 3000 ᠭᠠᠷᠤᠢ ᠮᠤᠳᠤᠨ ᠰᠤᠶᠤᠭ᠎ᠠ ᠪᠠᠨ ᠪᠦᠬᠦᠳᠡ ᠶᠢ ᠪᠦᠷᠢᠯᠬᠡᠵᠤ ᠬᠠᠶᠠᠭᠰᠠᠨ ᠨᠢ ᠲᠡᠭᠦᠨ ᠳᠤ ᠮᠠᠰᠢ ᠶᠡᠭᠡ ᠬᠠᠷᠭᠤᠰᠤᠯ ᠪᠤᠯᠵᠠᠢ᠃ ᠬᠡᠪᠡᠴᠤ ᠡᠨᠡ ᠨᠢ ᠪᠠᠰᠠ ᠲᠡᠭᠦᠨ ᠳᠤ ᠲᠤᠷᠰᠢᠯᠭ᠎ᠠ ᠪᠤᠯᠵᠤ᠂ ᠬᠡᠳᠦ᠋ᠢᠪᠡᠷ ᠡ᠊ᠨᠳᠡᠯ ᠭᠠᠷᠤᠭᠰᠠᠨ ᠪᠤᠯᠪᠠᠴᠤ ᠮᠠᠩᠬᠠᠨ ᠳᠤ ᠬᠡᠷᠭᠢᠨ ᠰᠤᠶᠤᠭ᠎ᠠ ᠤᠷᠭᠤᠭᠤᠯᠬᠤ ᠲᠠᠯ᠎ᠠ ᠪᠠᠷ ᠤᠤᠯ ᠠᠴᠠ ᠪᠠᠨ ᠪᠠᠰᠠ ᠨᠢᠬᠡ ᠢᠯᠡᠬᠦᠦ ᠶᠢ ᠮᠡᠳᠡᠵᠤ ᠠᠪᠴᠠᠢ᠃ ᠢᠡᠭᠭᠢᠭᠡᠳ ᠮᠠᠨ ᠤ ᠬᠤᠶᠠᠷ ᠤᠨ ᠶᠠᠷᠢᠯᠴᠠᠭ᠎ᠠ ᠲᠡᠭᠦᠨ ᠤ ᠮᠤᠳᠤ ᠲᠠᠷᠢᠭᠰᠠᠨ ᠦᠢᠯᠡ ᠶᠠᠪᠤᠳᠠᠯ ᠠᠴᠠ ᠪᠠᠨ ᠠᠮᠢ ᠠᠬᠤᠢ ᠪᠠᠨ ᠬᠡᠰᠡᠨ ᠦᠵᠡᠯ ᠪᠤᠳᠤᠯ ᠪᠠ ᠤᠨᠤᠯ ᠲᠤᠷᠰᠢᠯᠭ᠎ᠠ ᠵᠦᠭ ᠰᠢᠯᠵᠢᠯ᠎ᠡ᠃      ᠬᠦᠮᠦᠨ ᠤ ᠦᠵᠡᠯ ᠰᠠᠨᠠᠭ᠎ᠠ ᠬᠡᠳᠡᠭ ᠨᠢᠬᠡ ᠬᠦᠮᠦᠨ ᠢ ᠦᠪᠡᠷ ᠤᠨ ᠬᠦᠰᠡᠭᠰᠡᠨ ᠵᠦᠭ ᠤᠷᠤᠭᠤ ᠪᠠᠨ ᠡᠷᠴᠢᠮᠲᠡᠢ ᠲᠡᠮᠡᠤᠯᠤᠬᠦᠯᠳᠡᠭ ᠲᠡᠶᠢᠮᠤ ᠰᠢᠳᠢ ᠲᠠᠢ ᠠᠵᠢ᠃ ᠵᠢᠷᠭᠠᠯᠲᠤ ᠠᠮᠢ ᠠᠬᠤᠢ ᠪᠠᠨ ᠬᠠᠮᠠᠭᠠᠯᠠᠵᠤ᠂ ᠨᠤᠲᠤᠭ ᠤᠷᠤᠨ ᠢᠶᠠᠨ ᠨᠤᠮᠢᠨ ᠲᠠᠩᠰᠤᠭ ᠪᠤᠯᠭᠠᠬᠤ ᠶᠢᠨ ᠲᠤᠰᠠᠳᠠ ᠦᠪᠡᠷ ᠢᠶᠠᠨ ᠲᠦᠴᠢᠨ ᠬᠠᠪᠤᠷ ᠨᠠᠮᠤᠷ ᠵᠢᠳᠬᠦᠨ ᠴᠢᠷᠮᠠᠶᠢᠭᠰᠠᠨ ᠢᠶᠠᠷ ᠪᠠᠷᠠᠬᠤ ᠦᠭᠡᠢ ᠦᠷ᠎ᠡ ᠬᠡᠤᠬᠡᠳ ᠢᠶᠠᠨ ᠴᠤ ᠢᠡᠭᠭᠢᠵᠤ ᠬᠦᠮᠦᠵᠢᠬᠦᠯᠵᠤ ᠴᠢᠳᠠᠭᠰᠠᠨ ᠪᠠᠶᠢᠪᠠ᠃ ᠲᠡᠭᠦᠨ ᠤ ᠬᠤᠶᠠᠷ ᠬᠡᠤᠬᠡᠳ ᠨᠢ ᠤᠳᠤ ᠬᠡᠳᠦ᠋ᠢᠪᠡᠷ ᠬᠤᠲᠠ ᠳᠤ ᠠᠵᠢᠯ ᠲᠠᠢ ᠪᠤᠯᠪᠠᠴᠤ ᠭᠠᠷᠠᠭ ᠤᠨ ᠠᠮᠠᠷᠠᠯᠲᠠ ᠪᠠᠷ ᠬᠦᠳᠡᠭᠡ ᠳᠡᠭᠡᠨ ᠢᠷᠡᠵᠤ ᠤᠢᠢᠵᠢᠭᠤᠯᠤᠯᠲᠡ ᠶᠢᠨ ᠠᠵᠢᠯ ᠳᠤ ᠬᠦᠴᠦᠨ ᠨᠡᠮᠡᠷᠢ ᠪᠠᠨ ᠦᠵᠡᠬᠦᠯᠥᠭᠰᠡᠭᠡᠷ ᠪᠤᠢ᠃ ᠵᠢᠷᠭᠠᠯᠲᠤ ᠬᠡᠳᠦ᠋ᠢᠪᠡᠷ ᠲᠡᠶᠢᠮᠤ ᠶᠡᠭᠡ ᠮᠤᠳᠤ ᠲᠠᠢ ᠪᠤᠯᠪᠠᠴᠤ ᠨᠢᠬᠡ ᠴᠤ ᠮᠤᠳᠤᠨ ᠰᠤᠶᠤᠭ᠎ᠠ ᠪᠠᠨ ᠭᠠᠳᠠᠭᠰᠢ ᠬᠤᠳᠠᠯᠳᠤᠳᠠᠭ ᠦᠭᠡᠢ ᠪᠦᠬᠡᠳ ᠲᠡᠭᠦᠨ ᠢ ᠪᠠᠨ ᠬᠠᠮᠢᠭ᠎ᠠ ᠮᠠᠩᠬ᠎ᠠ ᠪᠠᠶᠢᠪᠠᠯ ᠲᠡᠨᠳᠡ ᠨᠢ ᠲᠠᠷᠢᠭᠠᠳ ᠯᠠ ᠪᠠᠶᠢᠭ᠎ᠠ ᠨᠢ ᠬᠤᠵᠢᠮ ᠤᠢ ᠰᠢᠭᠤᠢ ᠪᠤᠯᠬᠤ ᠶᠢᠨ ᠪᠡᠯᠬᠡ ᠪᠤᠢ ‍ᠶ᠎ᠡ︕ ᠢᠡᠭᠭᠢᠭᠡᠳ ᠲᠡᠮᠲᠡᠭᠯᠡᠯ ᠤᠨ ᠬᠢᠨᠢ ᠲᠡᠪᠲᠡᠷ ᠲᠡᠭᠡᠷᠡᠬᠢ ︽ᠨᠤᠲᠤᠭ ᠢᠶᠠᠨ ᠵᠠᠰᠠᠵᠤ ᠶᠠᠪᠤᠪᠠᠰᠤ ᠪᠡᠶ᠎ᠡ ᠪᠠᠨ ᠵᠠᠰᠠᠵᠤ ᠶᠠᠪᠤᠭᠰᠠᠨ ᠬᠤᠶᠠᠷ ᠠᠳᠠᠯᠢ︾ ᠬᠡᠮᠡᠬᠦ ᠵᠢᠷᠭᠠᠯᠲᠤ ᠶᠢᠨ ᠵᠤᠬᠢᠶᠠᠭᠰᠠᠨ ᠮᠡᠷᠬᠡᠨ ᠬᠡᠯᠡᠴᠡ ᠪᠠᠷ ᠰᠤᠷᠪᠤᠯᠵᠢᠯᠠᠭ᠎ᠠ ᠵᠠᠪᠰᠠᠷᠯᠠᠶ᠎ᠠ︕      ᠴᠢᠨᠡᠬᠡᠯᠢᠭ ᠨᠡᠶᠢᠬᠡᠮ ᠳᠤ ᠲᠠᠪᠰᠢᠬᠤ ᠳᠤ ᠠᠮᠢ ᠠᠬᠤᠢ ᠲᠡᠷᠢᠭᠦᠨ ᠴᠢᠬᠤᠯᠠ      ᠦᠤᠰᠢᠨ ᠬᠤᠰᠢᠭᠤ ᠨᠢ ᠤᠢᠢᠷ᠎ᠠ ᠶᠢᠨ ᠬᠡᠳᠦᠨ ᠵᠢᠯ ᠳᠤ ᠠᠮᠢ ᠠᠬᠤᠢ ᠶᠢᠨ ᠪᠦᠲᠦᠬᠡᠨ ᠪᠠᠶᠢᠭᠤᠯᠤᠯᠲᠡ ᠶᠢ ᠴᠢᠩᠭ᠎ᠠ ᠠᠳᠬᠤᠭᠰᠠᠨ ᠢᠶᠠᠷ ᠪᠠᠷᠠᠬᠤ ᠦᠭᠡᠢ ᠠᠵᠤ ᠦᠢᠯᠡᠳᠪᠦᠷᠢ ᠶᠢᠨ ᠤᠷᠴᠢᠨ ᠲᠤᠭᠤᠷᠢᠨ ᠳᠤ ᠦᠵᠡᠬᠦᠯᠬᠦ ᠨᠦᠯᠥᠬᠡ ᠶᠢ ᠠᠩᠬᠠᠷᠤᠨ᠂ ᠪᠤᠬᠢᠷᠳᠤᠯ ᠢ ᠰᠡᠷᠬᠡᠶᠢᠯᠡᠨ ᠵᠠᠰᠠᠭᠠᠳ ᠢᠯᠡᠷᠬᠡᠢ ᠠᠮᠵᠢᠯᠲᠠ ᠳᠤ ᠬᠦᠷᠦᠭᠰᠡᠨ ᠪᠠᠶᠢᠯ᠎ᠠ᠃ ᠡᠭᠦᠨ ᠤ ᠬᠠᠮᠲᠤ ᠠᠮᠢ ᠠᠬᠤᠢ ᠤᠷᠴᠢᠨ ᠲᠤᠭᠤᠷᠢᠨ ᠤ ᠰᠠᠶᠢᠵᠢᠷᠠᠭᠤᠯᠤᠯᠲᠠ ᠪᠠᠷ ᠠᠷᠠᠳ ᠤᠨ ᠠᠮᠢᠳᠤᠷᠠᠯ ᠢ ᠴᠤ ᠪᠠᠶᠠᠵᠢᠨ ᠴᠢᠨᠡᠬᠡᠯᠢᠭᠵᠢᠬᠦᠯᠵᠤ᠂ ᠨᠤᠮᠢᠨ ᠲᠠᠩᠰᠤᠭ ᠦᠤᠰᠢᠨ ᠤ ᠨᠤᠭᠤᠭᠠᠷᠠᠭᠤᠯᠤᠯᠲᠡ ᠶᠢᠨ ᠬᠠᠷᠭᠤᠢ ᠶᠢ ᠤᠯᠠᠮ ᠲᠠᠷᠳᠠᠩ ᠪᠤᠯᠭᠠᠭᠰᠠᠨ ᠪᠠᠶᠢᠨ᠎ᠠ᠃     ᠦᠤᠰᠢᠨ ᠬᠤᠰᠢᠭᠤᠨ ᠤ ᠤᠬᠠᠭᠤᠯᠬᠤ ᠭᠡᠯᠲᠡᠰ ᠤᠨ ᠭᠠᠨᠳᠢᠭ ᠠᠴᠠ ᠤᠢᠢᠯᠠᠭᠠᠭᠰᠠᠨ ᠢᠶᠠᠷ᠂ ᠦᠤᠰᠢᠨ ᠬᠤᠰᠢᠭᠤᠨ ᠤ ᠱᠦᠨ ᠹᠠ ᠤᠯᠠᠭᠠᠨ ᠴᠢᠪᠠᠭ᠎ᠠ ᠶᠢᠨ ᠲᠠᠷᠢᠮᠠᠯ ᠤᠨ ᠬᠤᠷᠰᠢᠶᠠᠵᠢᠯ᠂ ᠰᠦᠯᠳᠡ ᠰᠤᠮᠤᠨ ᠤ ᠱᠦᠭᠦᠷᠬᠡᠢ ᠰᠤᠶᠤᠭ᠎ᠠ ᠲᠠᠷᠢᠬᠤ ᠰᠠᠭᠤᠷᠢᠨ ᠭᠠᠵᠠᠷ᠂ ᠦᠤᠰᠢᠨᠵᠤᠤ ᠪᠠᠯᠭᠠᠰᠤᠨ ᠤ ᠮᠤᠤᠠᠤᠰᠤ ᠶᠢᠨ ᠠᠮᠢᠳᠤ ᠪᠤᠳᠡᠰ ᠤᠨ ᠮᠠᠰ ᠢᠶᠠᠷ ᠴᠠᠬᠢᠯᠭᠠᠨ ᠭᠠᠷᠭᠠᠬᠤ ᠲᠦᠷᠦᠯ ᠵᠦᠢᠯ ᠵᠡᠷᠭᠡ ᠨᠢ ᠠᠮᠢ ᠠᠬᠤᠢ ᠪᠠᠨ ᠬᠠᠮᠠᠭᠠᠯᠠᠬᠤ ᠶᠢᠨ ᠵᠡᠷᠭᠡ ᠪᠠᠷ ᠮᠠᠯᠴᠢᠨ ᠲᠦᠮᠡᠨ ᠳᠡᠭᠡᠨ ᠯᠤᠲᠤ ᠶᠡᠭᠡ ᠠᠵᠤ ᠠᠬᠤᠢ ᠶᠢᠨ ᠦᠷ᠎ᠡ ᠠᠰᠢᠭ ᠠᠪᠴᠢᠷᠠᠵᠠᠢ ᠃ ᠮᠦᠨ ᠴᠤ ᠤᠯᠠᠭᠠᠨᠲᠤᠯᠤᠭᠠᠢ ᠪᠠᠯᠭᠠᠰᠤᠨ ᠤ ᠡᠯᠡᠰᠦ ᠶᠢ ᠵᠠᠰᠠᠬᠤ ᠦᠷᠲᠡᠭᠡ᠂ ᠦᠤᠰᠢᠨᠵᠤᠤ ᠪᠠᠯᠭᠠᠰᠤᠨ ᠤ ᠡᠯᠡᠰᠦ ᠶᠢ ᠵᠠᠰᠠᠬᠤ ᠦᠷᠲᠡᠭᠡ᠂ ᠲᠤᠭ ᠪᠠᠯᠭᠠᠰᠤ ᠪᠤᠯᠤᠨ ᠨᠠᠷᠢᠨᠭᠤᠤᠯ ᠪᠠᠯᠭᠠᠰᠤᠨ ᠤ ᠠᠷᠴᠠᠨ ᠤ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠨᠢ ᠦᠤᠰᠢᠨ ᠤ ︽ᠠᠮᠢ ᠠᠬᠤᠢ ᠶᠢᠨ ᠨᠡᠷᠡᠲᠤ ᠲᠡᠮᠲᠡᠭ︾ ᠪᠤᠯᠵᠤ᠂ ᠡᠭᠦᠨ ᠳᠤ ᠤᠯᠠᠨ ᠲᠦᠷᠦᠯ ᠤᠨ ᠠᠮᠢᠲᠠᠨ ᠤᠷᠤᠰᠢᠨ ᠠᠮᠢᠳᠤᠷᠠᠵᠤ᠂ ᠬᠦᠮᠦᠨ ᠠᠮᠢᠲᠠᠨ ᠵᠤᠬᠢᠴᠠᠩᠭᠤᠢ ᠤᠷᠤᠰᠢᠭᠰᠠᠨ ᠡᠶ᠎ᠡ ᠵᠤᠬᠢᠴᠠᠯᠲᠤ ᠭᠠᠵᠠᠷ ᠤᠷᠤᠨ ᠪᠤᠯᠤᠭᠰᠠᠨ ᠨᠢ ᠪᠠᠶᠠᠷᠯᠠᠭᠤᠰᠢᠲᠠᠢ᠃ ᠪᠤᠬᠢᠷᠳᠤᠯ ᠦᠭᠡᠢ ᠬᠦᠭᠵᠢᠯᠲᠡ ᠶᠢᠨ ᠲᠠᠯ᠎ᠠ ᠪᠠᠷ ᠨᠡᠩ ᠴᠤ ᠲᠤᠪᠤᠶᠢᠮ᠎ᠠ ᠠᠰᠢᠭ ᠤᠯᠵᠤ᠂ ᠰᠦᠯᠳᠡ ᠰᠤᠮᠤᠨ ᠳᠤ ᠪᠠᠶᠢᠷᠢᠯᠠᠭ᠎ᠠ ᠦᠪᠦᠷ ᠮᠤᠩᠭᠤᠯ ᠤᠨ ᠡᠾᠸᠡᠭ ᠱᠸᠡᠭ ᠠᠮᠢ ᠠᠬᠤᠢ ᠶᠢ ᠬᠠᠮᠠᠭᠠᠯᠠᠬᠤ ᠰᠢᠨᠵᠢᠯᠡᠭᠡ ᠮᠡᠷᠬᠡᠵᠢᠯ ᠤᠨ ᠢᠨᠵᠧᠨᠧᠷᠢᠩ ᠤᠨ ᠬᠢᠵᠠᠭᠠᠷᠲᠤ ᠺᠤᠮᠫᠠᠨᠢ ᠨᠢ 2015 ᠤᠨ ᠳᠤ ᠪᠠᠶᠢᠭᠤᠯᠤᠭᠳᠠᠭᠰᠠᠨ ᠠᠴᠠ ᠨᠠᠭᠠᠰᠢ ᠠᠵᠤ ᠦᠢᠯᠡᠳᠪᠦᠷᠢ ᠶᠢᠨ ᠪᠤᠬᠢᠷ ᠤᠰᠤ ᠶᠢ ᠰᠢᠢᠳᠪᠦᠷᠢᠯᠡᠬᠦ᠂ ᠠᠵᠤ ᠦᠢᠯᠡᠳᠪᠦᠷᠢ ᠶᠢᠨ ᠬᠠᠲᠠᠭᠤ ᠪᠡᠶᠡᠲᠤ ᠬᠠᠶᠠᠭᠳᠠᠮᠠᠯ ᠢ ᠰᠢᠢᠳᠪᠦᠷᠢᠯᠡᠬᠦ᠂ ᠠᠮᠢ ᠠᠬᠤᠢ ᠶᠢ ᠬᠠᠮᠠᠭᠠᠯᠠᠬᠤ ᠮᠡᠷᠬᠡᠵᠢᠯ ᠢ ᠰᠤᠳᠤᠯᠬᠤ ᠵᠢᠴᠢ ᠦᠢᠯᠡᠴᠢᠯᠡᠬᠦ᠂ ᠬᠢᠮᠢ ᠶᠢᠨ ᠪᠦᠲᠦᠬᠡᠭᠳᠡᠬᠦᠨ ᠢ ᠦᠢᠯᠡᠳᠪᠦᠷᠢᠯᠡᠨ ᠪᠤᠷᠤᠯᠠᠭᠤᠯᠬᠤ ᠵᠡᠷᠭᠡ ᠲᠠᠯ᠎ᠠ ᠪᠠᠷ ᠴᠢᠬᠤᠯᠠ ᠦᠢᠯᠡᠳᠦᠯ ᠦᠵᠡᠬᠦᠯᠦᠭᠰᠡᠨ ᠪᠤᠯᠬᠤᠷ 2018 ᠤᠨ ᠳᠤ ᠤᠯᠤᠰ ᠤᠨ ᠲᠡᠭᠡᠳᠦ ᠮᠡᠷᠬᠡᠵᠢᠯ ᠤᠨ ᠠᠵᠤ ᠠᠬᠤᠢᠢᠯᠡᠯ ᠢᠶᠠᠷ ᠦᠨᠡᠯᠡᠭᠳᠡᠭᠰᠡᠨ ᠪᠠᠶᠢᠨ᠎ᠠ᠃      ᠡᠳᠡᠭᠡᠷ ᠢ ᠤᠢᠢᠯᠠᠭᠠᠭᠰᠠᠨ ᠤ ᠲᠠᠷᠠᠭ᠎ᠠ ᠦᠤᠰᠢᠨ ᠬᠤᠰᠢᠭᠤᠨ ᠤ ᠤᠢ ᠰᠢᠭᠤᠢ ᠶᠢᠨ ᠲᠤᠪᠴᠢᠶᠡᠨ ᠤ ᠬᠠᠨᠭ᠍ᠭᠠᠭᠰᠠᠨ ᠮᠠᠲ᠋ᠧᠷᠢᠶᠠᠯ ᠢ ᠦᠨᠳᠦᠰᠦᠯᠡᠪᠡᠯ᠂ ᠦᠤᠰᠢᠨ ᠬᠤᠰᠢᠭᠤᠨ ᠤ ᠤᠢ ᠰᠢᠭᠤᠢ ᠶᠢᠨ ᠲᠠᠯᠠᠪᠠᠢ ᠤᠳᠤ ᠪᠤᠯᠬᠤ ᠳᠤ 576 ᠲᠦᠮᠡᠨ ᠮᠦ ᠳᠤ ᠬᠦᠷᠴᠤ᠂ ᠤᠢ ᠰᠢᠭᠤᠢ ᠶᠢᠨ ᠪᠦᠷᠬᠦᠴᠡ ᠬᠢᠭᠡᠳ ᠤᠷᠭᠤᠮᠠᠯ ᠤᠨ ᠪᠦᠷᠬᠦᠴᠡ ᠨᠢ ᠲᠤᠰ ᠪᠦᠷᠢ 32.89% ᠪᠠ 80% ᠳᠤ ᠬᠦᠷᠦᠭᠰᠡᠨ ᠪᠠᠶᠢᠨ᠎ᠠ᠃ ᠮᠦᠨ ᠴᠤ ᠮᠢᠩᠭᠠᠨ ᠮᠦ ᠠᠴᠠ ᠲᠡᠭᠡᠭᠰᠢᠬᠢ ᠮᠤᠳᠤ ᠲᠠᠷᠢᠭᠰᠠᠨ ᠡᠷᠦᠬᠡ 214 ᠳᠤ ᠬᠦᠷᠦᠭᠰᠡᠨ ᠪᠠᠶᠢᠨ᠎ᠠ᠃ ᠢᠡᠭᠭᠢᠭᠡᠳ ᠤᠯᠤᠰ ᠤᠨ ᠤᠢ ᠰᠢᠭᠤᠢ ᠶᠢᠨ ᠲᠤᠪᠴᠢᠶᠡᠨ ᠠᠴᠠ ︽ᠤᠯᠤᠰ ᠤᠨ ᠮᠤᠳᠤᠨ ᠰᠤᠶᠤᠭ᠎ᠠ ᠪᠤᠶᠢᠵᠢᠭᠤᠯᠬᠤ ᠰᠠᠭᠤᠷᠢᠨ ᠭᠠᠵᠠᠷ︾᠂ ︽ᠦᠪᠦᠷ ᠮᠤᠩᠭᠤᠯ ᠤᠨ ᠦᠤᠰᠢᠨ ᠬᠤᠰᠢᠭᠤᠨ ᠤ ᠱᠦᠭᠦᠷᠬᠡᠢ ᠤᠯᠤᠰ ᠤᠨ ᠡᠯᠡᠰᠦ ᠮᠠᠩᠬᠠᠨ ᠤ ᠬᠦᠷᠢᠶᠡᠯᠡᠩ︾ ᠬᠡᠮᠡᠬᠦ ᠨᠡᠷᠡᠶᠢᠳᠤᠯ ᠦᠭᠴᠦ᠂ ᠤᠷᠢᠳ ᠬᠤᠵᠢᠳ ︽ᠪᠦᠬᠦ ᠤᠯᠤᠰ ᠤᠨ ᠨᠤᠭᠤᠭᠠᠷᠠᠭᠤᠯᠤᠯᠲᠡ ᠶᠢᠨ ᠳᠠᠭᠤᠷᠢᠶᠠᠯ ᠬᠤᠰᠢᠭᠤ︾᠂ ︽ᠲᠤᠮᠳᠠᠳᠤ ᠤᠯᠤᠰ ᠤᠨ ᠪᠦᠬᠦ ᠲᠠᠯ᠎ᠠ ᠪᠠᠷ ᠴᠢᠨᠡᠬᠡᠯᠢᠭ ᠨᠡᠶᠢᠬᠡᠮ ᠳᠤ ᠤᠷᠤᠬᠤ ᠠᠮᠢ ᠠᠬᠤᠢ ᠶᠢᠨ ᠪᠤᠯᠪᠠᠰᠤᠨ ᠤ ᠵᠢᠱᠢᠶᠡᠴᠢ ᠬᠤᠰᠢᠭᠤ︾᠂ ︽ᠤᠯᠤᠰ ᠤᠨ ᠤᠢ ᠰᠢᠭᠤᠢ ᠶᠢᠨ ᠶᠠᠪᠤᠳᠠᠯ ᠤᠨ ᠰᠢᠨᠵᠢᠯᠡᠭᠡ ᠮᠡᠷᠬᠡᠵᠢᠯ ᠤᠨ ᠵᠢᠱᠢᠶᠡᠴᠢ ᠬᠤᠰᠢᠭᠤ︾ ᠵᠡᠷᠭᠡ ᠢᠷᠠᠭᠤ ᠠᠯᠳᠠᠷ ᠢ ᠤᠯᠭᠤᠭᠰᠠᠨ ᠪᠠᠶᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号