ᠮᠠᠯ ᠤᠨ ᠮᠦᠷ ᠢᠶᠠᠷ ᠲᠤᠰᠤ
ᠨᠡᠶᠢᠲᠡᠯᠡᠭᠰᠡᠨ ᠴᠠᠭ᠄
2019-06-18
     — ᠮᠠᠯ ᠤᠨ ᠠᠰᠢᠭ ᠰᠢᠮ᠎ᠡ ᠪᠠᠷ ᠦᠢᠯᠡᠰ ᠢᠶᠠᠨ ᠪᠤᠰᠬᠠᠭᠰᠠᠨ ᠮᠠᠯᠴᠢᠨ ᠯᠤᠭᠯᠤ ᠶᠢᠨ ᠲᠤᠬᠠᠢ ᠲᠠᠲᠠᠯᠠᠭ᠎ᠠ
     ᠵᠤᠨ ᠤ ᠳᠡᠯᠬᠡᠷ ᠴᠠᠭ ᠢᠶᠠᠷ ᠦᠤᠰᠢᠨ ᠬᠤᠰᠢᠭᠤᠨ ᠤ ᠤᠯᠠᠭᠠᠨᠲᠤᠯᠤᠭᠠᠢ ᠪᠠᠯᠭᠠᠰᠤᠨ ᠤ ᠪᠠᠶᠠᠨᠭᠤᠤᠯ ᠭᠠᠴᠠᠭᠠᠨ ᠤ ᠪᠠᠶᠠᠵᠢᠯ ᠤᠨ ᠳᠠᠭᠠᠭᠤᠯᠤᠭᠴᠢ ᠡᠷᠦᠬᠡ᠂ ᠨᠠᠮ ᠤᠨ ᠬᠡᠰᠢᠬᠦᠨ ᠮᠠᠯᠴᠢᠨ ᠯᠤᠭᠯᠤ ᠶᠢ ᠵᠤᠷᠢᠵᠤ ᠬᠦᠷᠬᠦ ᠳᠤ ᠲᠡᠷᠡ ᠪᠦᠰᠡᠬᠦᠢ ᠲᠠᠢ ᠪᠠᠨ ᠮᠠᠯ ᠬᠤᠢ ᠬᠡᠮᠡᠨ ᠶᠠᠭᠠᠷᠠᠯᠳᠤᠵᠤ ᠪᠠᠶᠢᠯ᠎ᠠ᠃ ᠡᠨᠡ ᠠᠶᠢᠯ ᠪᠠᠶᠠᠨᠭᠤᠤᠯ ᠭᠠᠴᠠᠭ᠎ᠠ ᠬᠦᠷᠬᠦ ᠵᠠᠰᠠᠮᠠᠯ ᠵᠠᠮ ᠤᠨ ᠪᠠᠷᠠᠭᠤᠨ ᠳᠡᠨᠵᠢᠨ ᠳᠤ ᠪᠠᠶᠢᠰᠢᠩ ᠬᠦᠷᠢᠶ᠎ᠡ ᠪᠠᠨ ᠲᠤᠬᠢᠯᠢᠭ ᠪᠠᠷᠢᠵᠤ ᠰᠠᠭᠤᠷᠢᠰᠢᠭᠠᠳ ᠴᠠᠶᠢᠳᠠᠮ ᠵᠦᠯᠬᠡ ᠨᠢ ᠴᠠᠭ ᠤᠨ ᠰᠠᠶᠢᠬᠠᠨ ᠳᠤ ᠨᠤᠭᠤᠭᠠᠷᠠᠵᠤ᠂ ᠴᠠᠢ ᠬᠤᠭᠤᠯᠠ ᠨᠢ ᠡᠷᠡᠨ ᠦᠶ᠎ᠡ ᠳᠤ ᠵᠤᠬᠢᠴᠠᠭᠠᠳ ᠢᠷᠡᠭᠰᠡᠨ ᠵᠤᠴᠢᠨ ᠤ ᠤᠢᠢᠳᠬᠠᠷ ᠢ ᠰᠡᠷᠬᠦᠭᠡᠬᠦ ᠨᠢ ᠵᠤᠭᠠᠲᠠᠢ᠃ ᠡᠨᠡ ᠰᠠᠶᠢᠬᠠᠨ ᠢ ᠡᠳ᠋ᠯᠡᠬᠦ ᠪᠤᠶᠠᠨ ᠵᠠᠶᠠᠭ᠎ᠠ ᠶᠢ ᠲᠡᠷᠡ ᠠᠵᠢᠯᠴᠢ ᠵᠠᠩ᠂ ᠠᠷᠭ᠎ᠠ ᠤᠬᠠᠭᠠᠨ ᠬᠤᠶᠠᠷ ᠢᠶᠠᠷ ᠢᠶᠠᠨ ᠰᠤᠯᠢᠵᠤ ᠠᠪᠴᠢᠷᠠᠭᠰᠠᠨ ᠨᠢ ᠪᠠᠰᠠ ᠦᠯᠢᠬᠡᠷ ᠲᠠᠢ᠃      ᠨᠤᠲᠤᠭ ᠪᠡᠯᠴᠢᠬᠡᠷ ᠢ ᠡᠷᠦᠬᠡ ᠳᠤ ᠳᠠᠭᠠᠭᠠᠴᠢᠯᠠᠭᠤᠯᠬᠤ ᠳᠤ ᠡᠳᠡᠨ ᠤ ᠬᠢ ᠰᠠᠶᠢᠨ ᠪᠡᠯᠴᠢᠬᠡᠷ ᠲᠡᠭᠡᠷ᠎ᠡ ᠰᠠᠭᠤᠷᠢᠰᠢᠭᠰᠠᠨ ᠲᠡᠭᠡᠷ᠎ᠡ ᠪᠠᠨ ᠬᠦᠮᠦᠨ ᠠᠮᠠ ᠴᠦᠬᠡᠨᠲᠡᠢ ᠪᠤᠯᠬᠤᠷ 400 ᠮᠦ ᠬᠦᠷᠬᠦ ᠦᠭᠡᠢ ᠪᠡᠯᠴᠢᠬᠡᠷ ᠢ ᠯᠠ ᠬᠤᠪᠢᠳᠠᠵᠤ ᠠᠪᠤᠭᠰᠠᠨ ᠪᠠᠶᠢᠪᠠ᠃ ᠢᠡᠭᠭᠢᠭᠡᠳ ᠬᠡᠳᠦᠬᠡᠨ ᠮᠠᠯ ᠢᠶᠠᠨ ᠬᠠᠷᠢᠭᠤᠯᠵᠤ ᠪᠠᠶᠢᠭᠠᠳ 2000 ᠤᠨ ᠳᠤ ᠨᠢᠬᠡ ᠬᠠᠭᠤᠴᠢᠨ ᠰᠢᠷᠤᠢ ᠲᠦᠯᠬᠢᠬᠦ ᠮᠠᠰᠢᠨ ᠢ ᠦᠨᠳᠦᠷ ᠬᠦᠤ ᠲᠠᠢ ᠵᠢᠬᠡᠯᠡᠯᠬᠡ᠂ ᠮᠠᠯ ᠬᠤᠢ ᠪᠠᠨ ᠬᠤᠳᠠᠯᠳᠤᠵᠤ ᠤᠯᠤᠭᠰᠠᠨ ᠵᠤᠭᠤᠰ᠂ ᠠᠶᠢᠯ ᠠᠶᠢᠮᠠᠭ ᠲᠦᠷᠦᠯ ᠰᠠᠳᠤᠨ ᠠᠴᠠ ᠪᠠᠨ ᠵᠢᠬᠡᠯᠡᠭᠰᠡᠨ ᠵᠤᠭᠤᠰ ᠢᠶᠠᠨ ᠬᠤᠷᠠᠮᠳᠤᠭᠤᠯᠵᠤ ᠪᠠᠶᠢᠭᠠᠳ 6 ᠲᠦᠮᠡᠨ ᠲᠦᠬᠦᠷᠢᠭ ᠢᠶᠠᠷ ᠬᠤᠳᠠᠯᠳᠤᠨ ᠠᠪᠴᠢᠷᠠᠵᠤ᠂ ᠠᠰᠢᠭ ᠤᠷᠤᠯᠭ᠎ᠠ ᠪᠠᠨ ᠨᠡᠮᠡᠭᠳᠡᠬᠦᠯᠬᠦ ᠬᠡᠰᠡᠨ ᠪᠠᠶᠢᠪᠠ᠃ ᠬᠡᠪᠡᠴᠤ ᠡᠨᠡ ᠨᠢ ᠠᠰᠢᠭ ᠤᠷᠤᠭᠤᠯᠵᠤ ᠲᠡᠶᠢᠯᠥᠬᠡ ᠦᠭᠡᠢ ᠮᠦᠷᠳᠡᠭᠡᠨ ᠭᠡᠳᠡᠷᠬᠦ ᠪᠠᠨ ᠲᠡᠭᠦᠨ ᠢ ᠨᠢᠬᠡ ᠶᠡᠭᠡ ᠦᠷᠢᠨ ᠳᠤ ᠤᠨᠠᠭᠠᠵᠤ ᠬᠠᠶᠠᠭᠰᠠᠨ ᠪᠠᠶᠢᠯ᠎ᠠ᠃ ︽ᠲᠡᠷᠡ ᠦᠶᠡᠰ ᠤᠨ ᠵᠤᠭᠤᠰᠤᠨ ᠤ ᠦᠷᠲᠡᠭ ᠤᠳᠤ ᠠᠴᠠ ᠬᠤᠯᠠ ᠶᠡᠭᠡ᠂ ᠮᠢᠨᠤ ᠦᠷᠢ ᠨᠡᠮᠡᠭᠳᠡᠭᠰᠡᠭᠡᠷ ᠪᠠᠶᠢᠵᠤ 10 ᠲᠦᠮᠡ ᠬᠦᠷᠬᠦ ᠳᠤ ᠪᠢ ᠲᠤᠳᠤᠷ᠎ᠠ ᠪᠠᠨ ᠤᠳᠤ ᠴᠤ ᠨᠠᠰᠤ ᠪᠠᠷ ᠢᠶᠠᠨ ᠦᠷᠢ ᠲᠠᠢ ᠶᠠᠪᠤᠬᠤ ᠶᠤᠮ ᠪᠠᠶᠢᠨ᠎ᠠ ᠬᠡᠮᠡᠨ ᠪᠤᠳᠤᠭᠰᠠᠨ᠂ ᠲᠤᠬᠠᠢ ᠶᠢᠨ ᠦᠶᠡᠰ ᠤᠨ 10 ᠲᠦᠮᠡ ᠬᠡᠭᠴᠢ ᠤᠳᠤ ᠶᠢᠨ 100 ᠲᠦᠮᠡ ᠠᠴᠠ ᠴᠤ ᠬᠤᠯᠠ ᠶᠡᠭᠡ ᠰᠠᠨᠠᠭᠳᠠᠵᠤ ᠪᠠᠶᠢᠯ᠎ᠠ᠃ ᠶᠠᠭ ᠡᠨᠡ ᠦᠶᠡᠰ ᠳ᠋ᠦᠡᠭᠱᠸᠡᠭ ᠳᠤ ᠮᠠᠯ ᠤᠨ ᠬᠡᠳᠡᠰᠦ ᠲᠤᠳᠤᠷ ᠪᠤᠷᠤᠯᠠᠭᠤᠯᠭ᠎ᠠ ᠰᠠᠶᠢᠨ ᠬᠡᠮᠡᠨ ᠰᠤᠨᠤᠰᠤᠭᠠᠳ ᠲᠡᠨᠳᠡ ᠤᠴᠢᠬᠤ ᠪᠠᠷ ᠵᠤᠷᠢᠭ ᠰᠢᠭᠤᠳᠤᠭᠰᠠᠨ︾ ᠬᠡᠮᠡᠨ ᠯᠤᠭᠯᠤ ᠦᠡᠭᠬᠡᠷᠡᠭᠰᠡᠨ ᠢᠶᠠᠨ ᠬᠠᠭᠤᠴᠢᠯᠠᠵᠤ ᠭᠠᠷᠤᠯ᠎ᠠ᠃      ᠡᠷᠢᠶᠡᠨ ᠠᠯᠠᠭ ᠬᠤᠷᠸ᠎ᠠ ᠶᠢᠨ ᠡᠬᠡᠳᠡᠷᠡᠬᠡᠨᠲᠡᠢ ᠠᠮᠢᠳᠤᠷᠠᠯ ᠤᠨ ᠵᠦᠷᠢᠭ ᠬᠦᠮᠦᠨ ᠢ ᠶᠠᠭᠤ ᠴᠤ ᠬᠢᠯᠬᠡᠬᠦ ᠠᠴᠠ ᠪᠤᠴᠠᠳᠠᠭ ᠦᠭᠡᠢ ᠨᠢ ᠦᠨᠡᠨ ᠠᠵᠢ᠃ ᠯᠤᠭᠯᠤ ᠠᠩᠬ᠎ᠠ ᠳ᠋ᠦᠡᠭᠱᠸᠡᠭ ᠳᠤ ᠢᠷᠡᠵᠤ ᠮᠠᠯ ᠤᠨ ᠬᠡᠳᠡᠰᠦ ᠲᠤᠳᠤᠷ ᠢᠶᠠᠨ ᠬᠤᠳᠠᠯᠳᠤᠬᠤ ᠳᠤ ᠡᠨᠡ ᠵᠠᠮ ᠴᠤ ᠲᠡᠶᠢᠮᠤ ᠰᠢᠯᠤᠭᠤᠨ ᠪᠢᠰᠢ᠂ ᠬᠤᠭᠤᠯᠠᠨ ᠬᠡᠷ ᠪᠤᠯᠭᠠᠨ ᠢ ᠴᠢᠷᠠᠶᠢᠳᠠᠵᠤ᠂ ᠡᠨᠡ ᠬᠤᠲᠠ ᠶᠢᠨ ᠮᠤᠩᠭᠤᠯ ᠬᠤᠭᠤᠯᠠᠨ ᠬᠡᠷ ᠪᠤᠯᠭᠠᠨ ᠤ ᠬᠠᠲᠠᠪᠴᠢ ᠶᠢ ᠲᠠᠪᠠᠭᠰᠠᠨ ᠬᠡᠬᠦ ᠳᠤ ᠢᠯᠡᠬᠦᠳᠡᠮᠡᠷ ᠦᠭᠡᠢ᠃ ᠬᠦᠮᠦᠨ ᠤ ᠠᠷᠢᠭᠤᠨ ᠴᠠᠭᠠᠨ ᠬᠦᠳᠡᠯᠮᠦᠷᠢ ᠶᠢᠨ ᠬᠠᠷᠢᠭᠤ ᠳᠤ ᠠᠩᠭᠢᠯᠥᠮ᠎ᠡ ᠴᠡᠴᠡᠭ ᠳᠡᠯᠬᠡᠷᠡᠳᠡᠭ ᠨᠢ ᠴᠤ ᠮᠡᠳᠡᠬᠡᠵᠢ ᠬᠤᠶᠢᠨ᠎ᠠ ᠲᠡᠭᠦᠨ ᠤ ᠡᠨᠡ ᠰᠤᠩᠭᠤᠯᠲᠡ ᠬᠡᠳᠦᠢ ᠪᠠᠷ ᠬᠦᠴᠢᠷᠲᠡᠢ ᠪᠤᠯᠪᠠᠴᠤ ᠠᠵᠤ ᠠᠬᠤᠢ ᠶᠢᠨ ᠲᠠᠯ᠎ᠠ ᠳᠤ ᠨᠢ ᠰᠠᠶᠢᠨ ᠡᠷᠭᠢᠯᠲᠡ ᠭᠠᠷᠴᠤ ᠨᠢᠬᠡ ᠡᠳᠦᠷ ᠬᠦᠶᠦᠬᠡᠳ 300 ᠲᠦᠬᠦᠷᠢᠭ ᠬᠠᠷᠮᠠᠯᠠᠵᠤ᠂ ᠶᠤᠰᠤᠲᠠᠢ ᠠᠩᠬ᠎ᠠ ᠤᠳᠠᠭ᠎ᠠ ᠪᠠᠨ ᠭᠠᠭᠴᠠᠬᠠᠨ ᠡᠳᠦᠷ ᠲᠤ ᠡᠶᠢᠮᠤ ᠶᠡᠭᠡ ᠵᠤᠭᠤᠰ ᠤᠯᠵᠤ ᠪᠠᠶᠢᠭ᠎ᠠ ᠳᠠᠭᠠᠨ ᠮᠠᠩᠨᠠᠢ ᠲᠡᠨᠢᠢᠵᠤ ᠪᠢᠯᠡ᠃ ᠢᠡᠭᠭᠢᠵᠤ ᠵᠤᠷᠢᠭᠵᠢᠭᠰᠠᠨ ᠲᠡᠷᠡ᠂ ᠨᠤᠲᠤᠭ ᠤᠨ ᠮᠠᠯᠴᠢᠳ ᠮᠠᠨᠢ ᠬᠤᠨᠢ ᠮᠠᠯ ᠭᠠᠷᠭᠠᠬᠤ ᠳᠠᠭᠠᠨ ᠭᠡᠳᠡᠰᠦ ᠲᠤᠳᠤᠷ ᠢ ᠨᠢ ᠪᠠᠷᠤᠭ ᠵᠦᠬᠡᠷ ᠲᠤᠭᠠᠨ ᠤ ᠰᠢᠬᠠᠭᠤ ᠵᠠᠪᠰᠠᠷ ᠤᠨ ᠮᠠᠶᠢᠮᠠᠶᠢᠴᠢᠨ ᠳᠤ ᠦᠭᠴᠢᠬᠡᠳᠡᠭ ᠪᠠᠶᠢᠳᠠᠯ ᠢ ᠬᠤᠪᠢᠷᠠᠭᠤᠯᠬᠤ ᠪᠠᠷ ᠲᠡᠳᠡᠨ ᠤ ᠮᠠᠯ ᠤᠨ ᠬᠡᠳᠡᠰᠦ ᠲᠤᠳᠤᠷ ᠢ ᠵᠠᠬ᠎ᠠ ᠳᠡᠯᠬᠡᠬᠦᠷ ᠤᠨ ᠦᠨ᠎ᠡ ᠪᠠᠷ ᠬᠤᠳᠠᠯᠳᠤᠨ ᠠᠪᠴᠢᠷᠠᠵᠤ ᠬᠤᠭᠤᠯᠠᠨ ᠬᠡᠷ ᠲᠤ ᠪᠤᠷᠤᠯᠠᠭᠤᠯᠤᠭᠰᠠᠨ ᠠᠴᠠ ᠤᠯᠵᠠ ᠰᠠᠶᠢᠲᠠᠢ ᠪᠤᠯᠤᠭᠰᠠᠨ ᠪᠠᠶᠢᠪᠠ᠃ ᠢᠡᠭᠭᠢᠭᠡᠳ ᠬᠦᠴᠦ ᠬᠦᠷᠦᠯᠴᠡᠬᠦ ᠦᠭᠡᠢ ᠪᠠᠶᠢᠳᠠᠯ ᠭᠠᠷᠬᠤ ᠳᠤ ᠪᠦᠰᠡᠬᠦᠢ ᠨᠢ ᠬᠦᠳᠡᠭᠡ ᠳᠡᠭᠡᠨ ᠮᠠᠯ ᠬᠠᠷᠠᠬᠤ ᠶᠢᠨ ᠵᠠᠪᠰᠠᠷ ᠠᠳᠡ ᠢᠷᠡᠵᠤ ᠲᠡᠭᠦᠨ ᠳᠤ ᠬᠠᠪᠰᠤᠷᠤᠭᠰᠠᠨ ᠪᠠᠶᠢᠪᠠ᠃ ᠡᠨᠡ ᠨᠢ 2004 ᠤᠨ ᠤ ᠤᠴᠢᠷ᠃      ᠠᠳᠡ ᠠᠴᠠ ᠡᠬᠢᠯᠡᠨ ᠲᠡᠭᠦᠨ ᠤ ᠠᠵᠢᠯ ᠦᠢᠯᠡᠰ ᠡᠷᠭᠢᠯᠲᠡ ᠶᠢᠨ ᠴᠢᠨᠠᠷ ᠭᠠᠷᠴᠤ᠂ ᠳ᠋ᠦᠡᠭᠱᠸᠡᠭ ᠤᠨ ᠠᠵᠤ ᠠᠬᠤᠢ ᠲᠡᠤᠬᠡᠨ ᠳᠤ ᠭᠠᠷᠤᠭ᠎ᠠ ᠦᠭᠡᠢ ᠬᠦᠭᠵᠢᠭᠰᠡᠨ ᠬᠤᠭᠤᠴᠠᠭᠠᠨ ᠳᠤ ᠲᠠᠭᠠᠷᠠᠭᠰᠠᠨ ᠪᠦᠬᠡᠳ ᠬᠤᠭᠤᠯᠠᠨ ᠬᠡᠷ ᠰᠢᠨ᠎ᠡ ᠪᠠᠷ ᠨᠡᠮᠡᠭᠳᠡᠵᠤ ᠯᠠ ᠪᠠᠶᠢᠯ᠎ᠠ᠃ ᠲᠡᠷᠡ ᠴᠤ ᠪᠦᠰᠡᠬᠦᠢ ᠲᠠᠢ ᠪᠠᠨ ᠪᠤᠷᠪᠢ ᠪᠤᠬᠢᠰᠤᠯ ᠦᠭᠡᠢ ᠶᠠᠭᠠᠷᠠᠵᠤ᠂ ᠬᠦᠳᠡᠭᠡ ᠬᠡᠷ ᠮᠠᠯ ᠢᠶᠠᠨ ᠪᠤᠰᠤᠳ ᠢᠶᠠᠷ ᠬᠠᠷᠠᠭᠤᠯᠵᠤ᠂ 2008 ᠤᠨ ᠪᠤᠯᠬᠤ ᠳᠤ ᠡᠳᠦᠷ ᠤᠨ ᠤᠷᠤᠯᠭ᠎ᠠ 8000 ᠶᠢ ᠲᠠᠪᠠᠭᠰᠠᠨ ᠪᠠᠶᠢᠯ᠎ᠠ᠃ ᠮᠦᠨ ᠲᠤᠰ ᠵᠢᠯ ᠦᠷᠢ ᠰᠢᠷᠢ ᠪᠠᠨ ᠪᠦᠭᠦᠳᠡ ᠶᠢ ᠲᠦᠯᠥᠵᠤ ᠪᠠᠷᠠᠭᠠᠭᠰᠠᠨ ᠨᠢ ᠲᠡᠳᠡᠨ ᠳᠤ ᠠᠪᠴᠤ ᠬᠡᠯᠡᠪᠡᠯ ᠪᠠᠶᠠᠷ ᠲᠡᠭᠡᠷ᠎ᠡ ᠪᠠᠶᠠᠷ ᠪᠠᠭᠪᠤᠷ ᠲᠡᠭᠡᠷ᠎ᠡ ᠰᠢᠬᠢᠷ ᠪᠤᠯᠤᠭᠰᠠᠨ ᠪᠠᠶᠢᠪᠠ᠃      ᠠᠳᠡ ᠬᠦᠷᠲᠡᠯ᠎ᠡ ᠶᠠᠷᠢᠯᠴᠠᠭᠠᠳ ᠯᠤᠭᠯᠤ ᠶᠢᠨ ᠤᠬᠤᠷᠬᠠᠨ 6 ᠵᠢᠯ ᠤᠨ ᠬᠤᠭᠤᠴᠠᠭᠠᠨ ᠳᠤ ᠮᠠᠯ ᠤᠨ ᠠᠰᠢᠭ ᠰᠢᠮ᠎ᠡ ᠪᠠᠨ ᠡᠶᠢᠮᠤ ᠦᠨᠳᠦᠷ ᠦᠷᠲᠡᠭ ᠲᠠᠢ ᠪᠤᠯᠭᠠᠵᠤ ᠴᠢᠳᠠᠭᠰᠠᠨ ᠳᠤ ᠨᠢ ᠪᠠᠭ᠋ᠠᠷᠬᠠᠯ᠎ᠠ᠃ ᠤᠳᠤ ᠲᠡᠭᠦᠨ ᠤ ᠵᠢᠯ ᠤᠨ ᠤᠷᠤᠯᠭ᠎ᠠ 40 ᠲᠦᠮᠡ ᠬᠦᠷᠴᠤ ᠪᠠᠶᠠᠵᠢᠯ ᠤᠨ ᠳᠠᠭᠠᠭᠤᠯᠤᠭᠴᠢ ᠡᠷᠦᠬᠡ ᠪᠠᠷ ᠬᠢᠯᠠᠷᠠᠭᠤᠯᠵᠤ ᠶᠠᠪᠤᠭ᠎ᠠ ᠠᠵᠢ᠃ ᠬᠤᠵᠢᠮ ᠬᠤᠶᠢᠰᠢᠲᠡ ᠶᠢᠨ ᠲᠠᠯ᠎ᠠ ᠪᠠᠷ ᠲᠡᠷᠡ ᠤᠷᠳᠤᠰ ᠤᠨ ᠨᠠᠷᠢᠨ ᠨᠤᠤᠰᠤᠲᠤ ᠬᠤᠨᠢᠨ ᠤ ᠪᠠᠨ ᠠᠰᠢᠭ ᠰᠢᠮ᠎ᠡ ᠶᠢ ᠭᠠᠳᠠᠨ᠎ᠠ ᠭᠠᠵᠠᠷ ᠲᠤ ᠪᠤᠷᠤᠯᠠᠭᠤᠯᠵᠤ᠂ ᠨᠢᠬᠡ᠂ ᠬᠤᠶᠠᠳᠤᠭᠠᠷ ᠠᠵᠤ ᠦᠢᠯᠡᠰ ᠤᠨ ᠬᠡᠯᠪᠡᠷᠢ ᠠᠴᠠ ᠪᠠᠨ ᠭᠤᠷᠪᠠᠳᠤᠭᠠᠷ ᠠᠵᠤ ᠦᠢᠯᠡᠰ ᠲᠡᠰᠢ ᠬᠦᠭᠵᠢᠬᠦᠯᠬᠦ ᠪᠠᠷ ᠵᠤᠷᠢᠵᠤ ᠶᠠᠪᠤᠭ᠎ᠠ ᠠᠵᠢ᠃ ᠲᠡᠭᠦᠨ ᠤ ᠠᠵᠢᠯ ᠦᠢᠯᠡᠰ ᠤᠯᠠᠮ ᠦᠬᠡᠳᠡ ᠡᠰᠡᠷᠡᠭ ᠪᠤᠯᠤᠭᠠᠰᠠᠢ︕
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号