ᠤᠶᠢᠷ᠎ᠠ ᠶᠢᠨ ᠡᠳᠦᠷ ᠲᠤᠭ ᠪᠠᠯᠭᠠᠰᠤᠨ ᠤ ᠬᠤᠸᠠᠲᠤᠯᠤᠭᠠᠢ ᠭᠠᠴᠠᠭᠠᠨ ᠤ ᠳᠠᠬᠢᠭᠠᠴᠢ ᠶᠢᠨ ᠪᠤᠯᠠᠭ ᠤᠨ | ᠳᠠᠬᠢᠯᠭ᠎ᠠ ᠶᠠᠪᠤᠭᠳᠠᠵᠤ ᠨᠤᠲᠤᠭ ᠤᠨ ᠤᠯᠠᠨ ᠭᠡᠰᠢᠭ ᠪᠤᠶᠠᠨ ᠢᠶᠠᠨ ᠬᠤᠷᠤᠶᠢᠯᠠᠯ᠎ᠠ᠃ ᠲᠠᠬᠢᠭᠠᠴᠢ ᠶᠢᠨ ᠪᠤᠯᠠᠭ ᠤᠨ | ᠲᠠᠬᠢᠯᠭ᠎ᠠ ᠡᠬᠢᠯᠡᠬᠦ ᠪᠠᠷ ᠯᠠᠮᠠ ᠬᠤᠸᠠᠷᠠᠭ ᠠᠴᠠ ᠳᠠᠬᠢᠯᠭᠠᠨ ᠳᠤ ᠬᠡᠷᠡᠭᠯᠡᠬᠦ ᠵᠦᠢᠯ ᠢᠶᠠᠨ ᠪᠡᠯᠡᠳᠭᠡᠭᠡᠳ ᠭᠠᠵᠠᠷ | ᠤᠰᠤᠨ ᠤ ᠳᠠᠭᠠᠳᠬᠠᠯ ᠤᠨ ᠲᠤᠬᠠᠢ ᠨᠤᠮ ᠤᠩᠰᠢᠨ ᠷᠠᠰᠢᠶᠠᠨ ᠪᠤᠯᠠᠭ ᠲᠤ ᠪᠠᠨ ᠳᠡᠭᠡᠵᠢ ᠰᠠᠴᠤᠯᠢ ᠡᠷᠭᠦᠭᠰᠡᠨ ᠤ | ᠳᠠᠷᠠᠭ᠎ᠠ ︽ᠵᠠᠩᠭᠠᠨ ᠤ ᠰᠠᠩ︾ ᠤᠩᠰᠢᠵᠤ ᠨᠤᠲᠤᠭ ᠤᠨ ᠤᠯᠠᠨ ᠲᠦᠮᠡᠨ ᠭᠡᠰᠢᠭ ᠪᠤᠶᠠᠨ ᠢᠶᠠᠨ ᠳᠠᠭᠠᠳᠬᠠᠨ | ᠳᠠᠯᠠᠯᠠᠭ᠎ᠠ ᠭᠢᠭᠰᠡᠨ ᠪᠠᠶᠢᠨ᠎ᠠ᠃ | ᠮᠤᠩᠭᠤᠯᠴᠤᠳ ᠡᠷᠳᠡ ᠲᠡᠭᠡᠳᠤ ᠠᠴᠠ ᠪᠠᠨ ᠤᠤᠭᠤᠭᠰᠠᠨ ᠤᠰᠤᠨ ᠤ ᠪᠠᠨ ᠡᠬᠢ ᠪᠤᠯᠬᠤ ᠷᠠᠰᠢᠶᠠᠨ | ᠪᠤᠯᠠᠭ ᠢᠶᠠᠨ ᠲᠠᠬᠢᠵᠦ ᠡᠬᠡ ᠪᠠᠶᠢᠭᠠᠯᠢ ᠪᠠᠨ ᠠᠮᠢᠨ ᠵᠢᠷᠤᠬᠡᠨ ᠲᠠᠢ ᠪᠠᠨ ᠠᠳᠠᠯᠢ ᠲᠡᠭᠡᠳᠤᠯᠠᠨ ᠰᠢᠳᠤᠵᠦ ᠬᠠᠮᠤᠭ | ᠠᠮᠢᠳᠠᠨ ᠠᠯᠢᠪᠡ ᠵᠦᠢᠯᠡᠰ ᠠᠮᠤᠭᠤᠯᠠᠩ ᠪᠤᠯᠵᠦ ᠡᠪᠡᠰᠤ ᠪᠡᠯᠴᠢᠬᠡᠷ ᠰᠠᠶᠢᠵᠢᠷᠠᠨ ᠠᠳᠤᠭᠤ ᠮᠠᠯ ᠥᠨᠢᠷ ᠥᠰᠴᠤ | ᠶᠠᠭᠤ ᠪᠤᠳᠤᠭᠰᠠᠨ ᠶᠢᠰᠤᠨ ᠬᠥᠰᠡᠯ ᠵᠦᠢᠴᠢᠯᠡᠨ ᠪᠦᠲᠦᠬᠦ ᠶᠢ ᠳᠠᠭᠠᠳᠬᠠᠳᠠᠭ᠃ ᠲᠡᠶᠢᠮᠤ ᠠᠴᠠ ᠡᠷᠳᠡ ᠢᠵᠠᠭᠤᠷ | ᠠᠴᠠ ᠪᠠᠨ ᠡᠨᠡ ᠨᠤᠳᠤᠭ ᠤᠨ ᠬᠥᠮᠥᠰ ᠲᠠᠬᠢᠭᠠᠴᠢ ᠶᠢᠨ ᠪᠤᠯᠠᠭ ᠢ ᠲᠤᠰᠬᠠᠢ ᠲᠠᠬᠢᠳᠠᠭ ᠪᠠᠶᠢᠵᠠᠢ᠃ ᠲᠠᠬᠢᠭᠠᠴᠢ ᠶᠢᠨ | ᠪᠤᠯᠠᠭ ᠤᠨ ᠲᠠᠬᠢᠯᠭ᠎ᠠ ᠪᠤᠯ ᠭᠠᠵᠠᠷ ᠤᠰᠤᠨ ᠤ ᠲᠠᠬᠢᠯᠭ᠎ᠠ ᠪᠠᠶᠢᠵᠤ ᠳᠠᠬᠢᠯᠭᠠᠨ ᠳᠤ ᠪᠠᠰᠠ ᠵᠡᠯ᠎ᠡ ᠲᠠᠲᠠᠵᠤ ᠭᠡᠭᠦᠦ | ᠰᠠᠭᠠᠵᠤ ᠵᠤᠯᠠᠭ ᠬᠢᠳᠡᠭ ᠵᠤᠷᠰᠢᠯ ᠲᠠᠢ ᠪᠠᠶᠢᠵᠤ ᠵᠢᠯ ᠪᠥᠷᠢ ᠶᠢᠨ ᠣᠷᠳᠣᠰ ᠲᠤᠭᠠᠯᠠᠯ ᠤᠨ 8 ᠰᠠᠷ᠎ᠠ ᠶᠢᠨ 15 ᠤ | ᠡᠳᠤᠷ ᠶᠠᠪᠤᠭᠳᠠᠳᠠᠭ ᠪᠠᠶᠢᠨ᠎ᠠ᠃ | ᠨᠤᠲᠤᠭ ᠤᠨ ᠲᠤᠮᠤᠭᠠᠲᠠᠨ ᠰᠡᠷᠡᠩᠳᠤᠷᠵᠢ ᠪᠤᠯ ᠳᠠᠬᠢᠯᠭ᠎ᠠ ᠶᠢ ᠭᠤᠤᠯᠯᠠᠨ ᠬᠢᠵᠦ ᠪᠠᠶᠢᠭ᠎ᠠ ᠠᠶᠢᠯ ᠤᠨ ᠨᠢᠭᠡ ᠨᠢ | ᠪᠠᠶᠢᠵᠤ ᠡᠨᠡ ᠵᠢᠯ ᠴᠦ ᠳᠠᠬᠢᠯᠭᠠᠨ ᠳᠤ ᠪᠡᠶ᠎ᠡ ᠪᠠᠷ ᠢᠶᠠᠨ ᠤᠷᠤᠯᠴᠠᠭᠰᠠᠨ ᠪᠢᠯᠡ᠃ ᠲᠡᠷᠡ ᠄ ︽ᠪᠠᠶᠠᠨᠨᠠᠭᠤᠷ ᠤᠨ | ᠴᠠᠶᠢᠳᠠᠮ ᠢ ᠲᠤᠭᠤᠷᠢᠭᠠᠳ ᠠᠷᠪᠠᠨ ᠭᠤᠷᠪᠠᠨ ᠪᠤᠯᠠᠭ ᠪᠠᠶᠢᠳᠠᠭ᠃ ᠭᠡᠪᠡᠴᠦ ᠡᠨᠡ ᠲᠠᠬᠢᠭᠠᠴᠢ ᠶᠢᠨ ᠪᠤᠯᠠᠭ ᠨᠢ ᠡᠨᠡ | ᠠᠷᠪᠠᠨ ᠭᠤᠷᠪᠠᠨ ᠪᠤᠯᠠᠭ ᠤᠨ ᠭᠤᠤᠯ ᠮᠦᠷᠲᠡᠭᠡᠨ ᠶᠠᠭ ᠴᠠᠶᠢᠳᠠᠮ ᠤᠨ ᠭᠤᠤᠯ ᠲᠤ ᠪᠠᠶᠢᠨ᠎ᠠ᠂ ᠪᠠᠰᠠ ᠶᠠᠭ | ᠨᠠᠭᠤᠷ ᠤᠨ ᠬᠠᠵᠠᠭᠤ ᠳᠤ ᠨᠢ ᠪᠠᠶᠢᠨ᠎ᠠ᠂ ᠢᠩᠭᠢᠬᠦᠯᠡᠷ ᠡᠨᠡ ᠪᠤᠯᠠᠭ ᠢᠶᠠᠷ ᠭᠤᠤᠯ ᠪᠤᠯᠭᠠᠭᠠᠳ ᠲᠡᠬᠢᠬᠤ ᠤᠴᠢᠷ ᠠᠴᠠ | ᠡᠨᠡ ᠪᠤᠯᠠᠭ ᠤᠨ ᠨᠡᠷ᠎ᠡ ᠶᠢ ᠳᠠᠬᠢᠭᠠᠴᠢ ᠶᠢᠨ ᠪᠤᠯᠠᠭ ᠢᠶᠠᠷ ᠨᠡᠷᠡᠯᠡᠭᠡᠳ ᠤᠤᠯ ᠠᠴᠠ ᠨᠢ ᠡᠨᠡ ᠨᠢᠭᠡ ᠪᠤᠯᠠᠭ ᠢ ᠭᠤᠤᠯ | ᠪᠤᠯᠭᠠᠵᠤ ᠳᠠᠬᠢᠭᠠᠳ ᠡᠨᠡ ᠪᠤᠯᠠᠭ ᠤᠨ ᠢᠶᠠᠨ ᠰᠠᠴᠤᠯᠢ ᠳᠡᠭᠡᠵᠢ ᠠᠯᠢᠪᠠ ᠶᠢ ᠠᠷᠪᠠᠨ ᠭᠤᠷᠪᠠᠨ ᠪᠤᠯᠠᠭ ᠲᠤ ᠪᠠᠨ | ᠲᠦᠭᠡᠭᠡᠵᠦ ᠰᠠᠴᠤᠳᠠᠭ ᠵᠠᠩᠰᠢᠯ ᠲᠠᠢ ︾ ᠭᠡᠵᠤ ᠪᠢᠳᠠᠨ ᠳᠤ ᠳᠠᠬᠢᠭᠠᠴᠢ ᠶᠢᠨ ᠪᠤᠯᠠᠭ ᠤᠨ ᠳᠠᠬᠢᠯᠭ᠎ᠠ ᠶᠢᠨ ᠲᠤᠬᠠᠢ | ᠨᠠᠷᠢᠨ ᠲᠠᠶᠢᠯᠪᠤᠷᠢᠯᠠᠯᠲᠠ ᠬᠢᠵᠦ ᠦᠭᠭᠦᠯ᠎ᠡ᠃ | ᠲᠠᠬᠢᠯᠭ᠎ᠠ ᠤᠨ ᠳᠠᠷᠠᠭ᠎ᠠ ᠪᠠᠷ ᠤᠯᠠᠭᠠᠨᠮᠦ᠋ᠴᠢᠷ ᠤᠨ ᠤᠷᠠᠨ ᠰᠠᠶᠢᠬᠠᠨ ᠤ ᠲᠣᠭᠯᠠᠯᠲᠠ᠂ ᠡᠷ᠎ᠡ ᠶᠢᠨ ᠭᠤᠷᠪᠠᠨ | ᠨᠠᠭᠠᠳᠤᠮ᠂ ᠬᠥᠴᠥ ᠵᠠᠯᠭᠠᠵᠦ ᠬᠥᠶᠥᠬᠦ ᠲᠠᠮᠢᠷ ᠤᠨ ᠤᠷᠤᠯᠳᠤᠭᠠᠨ ᠵᠡᠷᠬᠡ ᠡᠯᠪᠡᠭ ᠪᠠᠶᠠᠯᠢᠭ ᠠᠭᠤᠯᠭ᠎ᠠ ᠪᠥᠬᠦᠢ | ᠰᠣᠶᠣᠯ ᠲᠠᠮᠢᠷ ᠤᠨ ᠠᠵᠢᠯᠯᠠᠭ᠎ᠠ ᠶᠢ ᠡᠷᠬᠢᠯᠡᠨ ᠬᠢᠭᠰᠡᠨ ᠪᠠᠶᠢᠨ᠎ᠠ᠃ | |