ᠤᠯᠠᠨ ᠤ ᠬᠦᠴᠦᠨ ᠳᠤ ᠤᠷᠤᠯᠭ᠎ᠠ ᠨᠡᠮᠡᠭᠳᠡᠨ᠎ᠠ
ᠨᠡᠶᠢᠲᠡᠯᠡᠭᠰᠡᠨ ᠴᠠᠭ᠄
2019-06-21
     ᠲᠤᠭ ᠪᠠᠯᠭᠠᠰᠤᠨ ᠤ ᠬᠤᠸᠠᠲᠣᠯᠣᠭᠠᠢ ᠭᠠᠴᠠᠭᠠᠨ ᠤ ᠬᠡᠰᠡᠭ ᠮᠠᠯᠴᠢᠳ ᠪᠡᠯᠡ ᠬᠤᠷᠠᠮᠳᠤᠭᠤᠯᠤᠨ ᠤᠷᠤᠨ ᠨᠤᠳᠤᠭ ᠤᠨ ᠵᠤᠭᠠᠴᠠᠯ ᠤᠨ ᠡᠬᠢ ᠪᠠᠶᠠᠯᠢᠭ ᠢᠶᠠᠨ ᠨᠡᠬᠡᠬᠡᠨ ᠠᠰᠢᠭᠯᠠᠬᠤ ᠪᠠᠷ ᠲᠠᠮᠵᠢᠭᠠᠳ ᠤᠷᠤᠯᠭ᠎ᠠ ᠪᠠᠨ ᠨᠡᠮᠡᠭᠳᠡᠬᠦᠯᠵᠦ ᠴᠢᠳᠠᠵᠠᠢ᠃      ᠲᠤᠭ ᠪᠠᠯᠭᠠᠰᠤᠨ ᠤ ᠬᠤᠸᠠᠲᠣᠯᠣᠭᠠᠢ ᠭᠠᠴᠠᠭᠠᠨ ᠤ ᠮᠠᠯᠴᠢᠨ ᠵᠢᠮᠢᠰ ᠤᠨ ᠨᠤᠳᠤᠭ ᠲᠤ ᠪᠠᠶᠠᠠᠨᠠᠭᠤᠷ ᠤᠨ ᠲᠠᠯ᠎ᠠ ᠨᠤᠳᠤᠭ ᠤᠨ ᠵᠤᠭᠠᠴᠠᠯ ᠤᠨ ᠭᠠᠵᠠᠷ ᠪᠠᠶᠢᠳᠠᠭ᠃ ᠵᠢᠮᠢᠰ ᠡᠨᠡᠬᠦ ᠵᠤᠭᠠᠴᠠᠯ ᠤᠨ ᠭᠠᠵᠠᠷ ᠤᠨ ᠲᠠᠪᠠᠭᠤᠯᠢᠭ ᠢ ᠠᠰᠢᠭᠯᠠᠨ ᠮᠠᠯᠴᠢᠨ ᠠᠶᠢᠯ ᠤᠨ ᠵᠤᠴᠢᠯᠠᠭ᠎ᠠ ᠶᠢᠨ ᠭᠠᠵᠠᠷ ᠡᠷᠬᠢᠯᠡᠵᠤ ᠮᠤᠩᠭᠤᠯ ᠬᠤᠭᠤᠯᠠ ᠤᠮᠳᠠ ᠪᠠᠷ ᠵᠤᠭᠠᠴᠠᠭᠰᠠᠳ ᠲᠤ ᠦᠢᠯᠡᠴᠢᠯᠠᠵᠤ ᠪᠠᠶᠢᠵᠠᠢ᠃ ᠬᠡᠪᠡᠴᠦ ᠨᠠᠭᠠᠳᠤᠮ ᠲᠤᠭᠯᠠᠭᠠᠮ ᠤᠨ ᠲᠦᠷᠦᠯ ᠵᠦᠢᠯ ᠳᠠᠩ ᠴᠤᠯᠭᠤᠢ ᠪᠤᠯᠬᠤᠷ ᠭᠠᠳᠠᠨ᠎ᠠ ᠭᠠᠵᠠᠷ ᠤᠨ ᠵᠤᠭᠠᠴᠠᠭᠰᠠᠳ ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠤ ᠴᠢᠳᠠᠬᠤ ᠦᠬᠡᠢ ᠪᠤᠯᠤᠭᠰᠠᠨ ᠢᠶᠠᠨ ᠡᠵᠡᠩᠨᠡᠯᠳᠡ ᠲᠤᠮᠳᠠ ᠪᠠᠨ ᠤᠯᠵᠦ ᠮᠡᠳᠡᠪᠡ᠃ ᠵᠤᠭᠠᠴᠠᠯ ᠤᠨ ᠲᠦᠷᠦᠯ ᠵᠦᠢᠯ ᠢᠶᠠᠨ ᠨᠡᠮᠡᠭᠳᠡᠬᠦᠯᠦᠶ᠎ᠡ ᠬᠡᠬᠦ ᠳᠤ ᠭᠠᠭᠴᠠ ᠡᠷᠦᠬᠡ ᠶᠢᠨ ᠴᠢᠳᠠᠯ ᠬᠦᠷᠬᠦ ᠦᠬᠡᠢ ᠣᠴᠢᠷ ᠠᠴᠠ ᠡᠨᠡ ᠵᠤᠨ ᠵᠤᠭᠠᠴᠠᠯ ᠤᠨ ᠦᠢᠯᠡᠰ ᠢᠶᠠᠷ ᠤᠷᠤᠯᠭ᠎ᠠ ᠪᠠᠨ ᠨᠡᠮᠡᠭᠳᠡᠬᠦᠯᠬᠦ ᠬᠦᠰᠡᠯ ᠲᠠᠢ ᠭᠠᠴᠠᠭᠠᠨ ᠤ ᠪᠠᠨ 12 ᠡᠷᠦᠬᠡ ᠲᠠᠢ ᠬᠠᠮᠳᠤᠷᠠᠨ ᠬᠤᠷᠢᠨ ᠲᠦᠮᠡᠨ ᠲᠦᠬᠦᠷᠢᠭ ᠤᠨ ᠪᠡᠯᠡ ᠬᠤᠷᠠᠮᠳᠤᠭᠤᠯᠵᠤ ᠣᠷᠳᠣᠰ ᠬᠤᠲᠠ ᠶᠢᠨ ᠪᠠᠶᠠᠨᠨᠠᠭᠤᠷ ᠰᠣᠶᠣᠯ ᠵᠢᠭᠤᠯᠴᠢᠯᠠᠯ ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢ ᠪᠠᠶᠢᠭᠤᠯᠵᠤ ᠵᠤᠭᠠᠴᠠᠯ ᠤᠨ ᠲᠦᠷᠦᠯ ᠵᠦᠢᠯ ᠢᠶᠠᠨ ᠦᠷᠬᠡᠳᠬᠡᠵᠡᠢ᠃      ᠤᠯᠠᠨ ᠤ ᠬᠦᠴᠦ ᠬᠠᠮᠳᠤᠷᠠᠭᠰᠠᠨ ᠤ ᠰᠠᠶᠢᠨ ᠢᠶᠠᠷ ᠤᠳᠤ ᠵᠢᠮᠢᠰ ᠤᠨ ᠮᠠᠯᠴᠢᠨ ᠠᠶᠢᠯ ᠤᠨ ᠵᠤᠴᠢᠯᠠᠭ᠎ᠠ ᠶᠢᠨ ᠭᠠᠵᠠᠷ ᠲᠤ ᠮᠠᠩᠬᠠᠨ ᠳᠤ ᠭᠤᠯᠭᠤᠬᠤ᠂ ᠮᠣᠲ᠋ᠣᠷ ᠲᠡᠷᠭᠡ ᠤᠨᠤᠬᠤ᠂ ᠮᠣᠷᠢ ᠲᠡᠮᠡᠭᠡ ᠤᠨᠤᠬᠤ᠂ ᠬᠡᠢ ᠪᠥᠮᠪᠦᠭᠡ ᠨᠠᠭᠠᠳᠬᠤ ᠵᠡᠷᠭᠡ ᠨᠢᠭᠡᠨ ᠰᠢᠷᠢᠰ ᠨᠠᠭᠠᠳᠤᠮ ᠲᠣᠭᠯᠠᠭᠠᠮ ᠤᠨ ᠲᠥᠷᠥᠯ ᠵᠦᠢᠯ ᠪᠠ ᠰᠤᠶᠤᠯ ᠲᠡᠥᠬᠡ ᠶᠢ ᠪᠡᠶᠡᠴᠢᠯᠡᠨ ᠣᠶᠢᠯᠠᠭᠠᠬᠤ ᠲᠥᠷᠥᠯ ᠵᠦᠢᠯ ᠲᠠᠢ ᠪᠤᠯᠵᠤ ᠵᠤᠭᠠᠴᠠᠭᠰᠠᠳ ᠤᠨ ᠬᠡᠷᠡᠭᠴᠡᠭᠡ ᠶᠢ ᠬᠠᠩᠭᠠᠵᠤ ᠴᠢᠳᠠᠬᠤ ᠪᠤᠯᠵᠠᠢ᠃      ᠵᠢᠮᠢᠰ᠄ ︽ᠣᠣᠯ ᠳᠤ ᠪᠠᠨ ᠵᠦᠪᠬᠡᠨ ᠨᠢᠬᠡ ᠬᠤᠭᠤᠯᠠᠨ ᠬᠡᠷ ᠡᠷᠬᠢᠯᠡᠵᠤ ᠪᠠᠶᠢᠭᠰᠠᠨ ᠠᠴᠠ ᠪᠠᠨ ᠣᠳᠣ ᠡᠯ᠎ᠡ ᠲᠤᠭᠯᠠᠭᠠᠮ ᠨᠠᠭᠠᠳᠤᠮ ᠤᠨ ᠵᠦᠢᠯ᠂ ᠮᠠᠯᠵᠢᠬᠤ ᠰᠤᠶᠤᠯ ᠲᠠᠢ ᠤᠶᠠᠯᠳᠤᠭᠰᠠᠨ ᠵᠦᠢᠯ ᠤᠯᠠᠳᠠᠵᠦ ᠮᠢᠨᠤ ᠠᠳᠡ ᠢᠷᠡᠭᠰᠡᠨ ᠬᠡᠶᠢᠴᠢᠨ ᠵᠤᠴᠢᠨ ᠡᠮᠤᠨ᠎ᠡ ᠬᠤᠶᠠᠷ ᠵᠢᠯ ᠠᠴᠠ ᠨᠡᠯᠢᠶᠠᠳ ᠨᠡᠮᠡᠭᠳᠡᠵᠡᠢ᠃ ᠡᠨᠡ ᠨᠢᠬᠡ ᠰᠠᠷ᠎ᠠ ᠶᠢᠨ ᠤᠷᠤᠯᠭ᠎ᠠ ᠨᠡᠯᠢᠶᠡᠳ ᠵᠦᠬᠡᠷ᠂ ᠡᠨᠡ ᠬᠡᠳᠦᠨ ᠡᠳᠦᠷ ᠵᠠᠷᠢᠮ ᠳᠠᠭᠠᠨ ᠬᠤᠶᠠᠷ ᠭᠤᠷᠪᠠᠨ ᠮᠢᠩᠭ᠎ᠠ ᠤᠯᠴᠢᠬᠠᠨ᠎ᠠ᠂ ᠵᠠᠷᠢᠮ ᠳᠤ ᠪᠠᠨ ᠬᠡᠳᠦᠨ ᠵᠠᠭᠤ ᠤᠯᠴᠢᠬᠠᠨ᠎ᠠ᠂ ᠡᠨᠡ ᠨᠢ ᠬᠦᠳᠡᠭᠡ ᠶᠢᠨ ᠬᠦᠮᠦᠨ ᠳᠤ ᠠᠪᠴᠤ ᠬᠡᠯᠡᠪᠡᠯ ᠠᠮᠠᠷ ᠦᠬᠡᠢ ᠶᠡᠭᠡ ᠤᠷᠤᠯᠭ᠎ᠠ ᠶᠤᠮ︾ ᠬᠡᠵᠦ ᠪᠠᠶᠠᠷᠲᠠᠢ ᠶᠠᠷᠢᠵᠦ ᠪᠠᠶᠢᠯ᠎ᠠ᠃      ᠣᠶᠢᠯᠠᠭᠠᠭᠰᠠᠨ ᠢᠶᠠᠷ᠂ ᠠᠶᠢᠯ ᠠᠶᠢᠮᠠᠭ ᠤᠨ ᠠᠮᠢ ᠨᠢ ᠨᠢᠭᠡ ᠭᠡᠳᠡᠭ ᠢᠶᠠᠷ ᠤᠷᠤᠨ ᠨᠤᠲᠤᠭ ᠤᠨ ᠳᠠᠪᠠᠭᠤᠯᠢᠭ ᠢᠶᠠᠨ  ᠰᠤᠶᠤᠯ ᠵᠤᠭᠠᠴᠠᠯ ᠤᠨ ᠦᠢᠯᠡᠰ ᠲᠠᠢ ᠤᠶᠠᠯᠳᠤᠭᠤᠯᠤᠨ ᠣᠷᠣᠯᠭ᠎ᠠ ᠠᠰᠢᠭ ᠢᠶᠠᠨ ᠨᠡᠮᠡᠭᠳᠡᠭᠦᠯᠵᠦ ᠪᠠᠶᠢᠭ᠎ᠠ ᠪᠠᠶᠠᠨᠨᠠᠭᠤᠷ ᠰᠤᠶᠤᠯ ᠵᠢᠭᠤᠯᠴᠢᠯᠠᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠨᠢ ᠬᠤᠵᠢᠮ ᠨᠡᠩ ᠤᠯᠠᠨ ᠮᠠᠯᠴᠢᠳ ᠢᠶᠠᠨ ᠴᠢᠨᠡᠭᠡᠯᠢᠭᠵᠢᠯ ᠤᠨ ᠵᠠᠮ ᠢᠶᠠᠷ ᠳᠠᠭᠠᠭᠤᠯᠬᠤ ᠪᠠᠷ ᠲᠦᠯᠦᠪᠯᠡᠵᠦ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号