ᠠᠴᠢ ᠪᠤᠶᠠᠨ ᠤ ᠦᠢᠯᠡ ᠶᠢ ᠠᠯᠭᠠᠰᠠᠯ ᠦᠭᠡᠢ ᠬᠢᠭᠴᠢ — ᠠᠭᠤᠯᠠ
ᠨᠡᠶᠢᠲᠡᠯᠡᠭᠰᠡᠨ ᠴᠠᠭ᠄
2019-06-21
     ᠬᠠᠤᠯᠢ ᠶᠢᠨ ᠮᠡᠳᠡᠯᠬᠡ ᠲᠤᠯᠢᠮᠠᠭ ᠪᠤᠶᠤ ᠬᠠᠤᠯᠢ ᠶᠢᠨ ᠲᠤᠬᠠᠢ ᠵᠢᠭᠠᠬᠠᠨ ᠴᠤ ᠤᠢᠢᠯᠠᠭᠠᠯᠲᠠ ᠦᠭᠡᠢ ᠠᠴᠠ ᠪᠤᠯᠵᠤ ᠬᠠᠮᠤᠭ ᠤᠨ ᠦᠨᠳᠦᠰᠦᠨ ᠱᠠᠲᠤᠨ ᠳᠤ ᠪᠠᠶᠢᠭ᠎ᠠ ᠮᠠᠯᠴᠢᠳ ᠮᠠᠨᠢ ᠤᠯᠠᠨ ᠵᠦᠢᠯ ᠲᠡᠭᠡᠷ᠎ᠡ ᠬᠤᠬᠢᠷᠠᠯ ᠠᠮᠰᠠᠵᠤ ᠪᠠᠶᠢᠭᠰᠠᠨ ᠵᠢᠱᠢᠶ᠎ᠡ ᠮᠤᠩ ᠦᠭᠡᠢ᠃ ᠬᠠᠷᠢᠨ ᠤᠷᠴᠢᠮ ᠤᠨ ᠬᠤᠶᠠᠷ ᠵᠢᠯ ᠠᠴᠠ ᠮᠠᠯᠴᠢᠳ ᠮᠠᠨᠢ ᠬᠠᠤᠯᠢ ᠶᠢᠨ ᠤᠬᠠᠮᠰᠠᠷ ᠲᠠᠢ ᠪᠤᠯᠵᠤ᠂ ᠬᠠᠤᠯᠢ ᠶᠤᠰᠤᠭᠠᠷ ᠦᠪᠡᠷ ᠤᠨ ᠡᠷᠭᠡ ᠠᠰᠢᠭ ᠢᠶᠠᠨ ᠬᠠᠮᠠᠭᠠᠯᠠᠬᠤ ᠪᠤᠯᠤᠭᠰᠠᠨ ᠨᠢ ᠪᠠᠶᠠᠷᠯᠠᠭᠤᠰᠢᠲᠠᠢ᠃ ᠬᠡᠪᠡᠴᠤ ᠵᠦᠪᠬᠡᠨ ᠬᠠᠤᠯᠢ ᠶᠢᠨ ᠨᠤᠮ ᠲᠡᠪᠳᠡᠷ ᠠᠪᠤᠭᠠᠳ ᠦᠵᠡᠴᠢᠬᠡᠪᠡᠯ ᠬᠠᠤᠯᠢ ᠨᠡᠪᠲᠡᠷᠴᠢᠬᠡᠬᠦ ᠪᠢᠰᠢ ᠮᠦᠷᠲᠡᠬᠡᠨ ᠵᠠᠷᠢᠮ ᠰᠢᠨ᠎ᠡ ᠪᠠᠷ ᠭᠠᠷᠤᠭᠰᠠᠨ ᠬᠠᠤᠯᠢ ᠲᠦᠷᠢᠮ ᠤᠨ ᠮᠤᠩᠭᠤᠯ ᠬᠡᠪᠯᠡᠯ ᠪᠠᠶᠢᠬᠤ ᠦᠭᠡᠢ ᠪᠤᠯᠬᠤᠷ ᠪᠠᠰᠠ ᠨᠢᠬᠡ ᠪᠦᠯᠥᠭ ᠬᠦᠮᠦᠨ ᠡᠨᠡ ᠲᠠᠯ᠎ᠠ ᠪᠠᠷ ᠰᠠᠨᠠᠭ᠎ᠠ ᠪᠠᠶᠢᠪᠠᠴᠤ ᠤᠨᠤᠭ᠎ᠠ ᠬᠦᠷᠬᠦ ᠦᠭᠡᠢ ᠲᠡᠭᠡᠷ᠎ᠡ ᠪᠠᠨ ᠮᠠᠯ ᠤᠨᠤᠭ᠎ᠠ᠂ ᠭᠠᠵᠠᠷ ᠲᠠᠷᠢᠶ᠎ᠠ ᠬᠡᠳ ᠶᠠᠭᠠᠷᠠᠴᠢᠬᠠᠬᠤ ᠪᠤᠯᠬᠤᠷ ᠠᠯᠢ ᠵᠠᠪ ᠢᠶᠠᠷ ᠨᠢ ᠬᠠᠤᠯᠢ ᠶᠢᠨ ᠮᠡᠳᠡᠯᠬᠡ ᠪᠠᠨ ᠳᠡᠬᠡᠭᠰᠢᠯᠡᠬᠦᠯᠵᠦ ᠴᠢᠳᠠᠬᠤ ᠪᠢᠯᠡ︖       ᠵᠤᠨ ᠤ ᠠᠭᠤᠷ ᠤᠷᠤᠭᠰᠠᠨ ᠤ ᠲᠠᠷᠠᠭ᠎ᠠ ᠪᠢᠷᠴᠢᠨ ᠦᠤᠰᠢᠨ ᠬᠤᠰᠢᠭᠤᠨ ᠤ ᠰᠦᠯᠳᠡ ᠰᠤᠮᠤᠨ ᠤ ᠳᠠᠯ ᠎ᠠ ᠶᠢᠨ ᠤᠰᠤ ᠭᠠᠴᠠᠭᠠᠨ ᠳᠤ ᠬᠤᠷᠸ᠎ᠠ ᠶᠢ ᠰᠤᠷᠪᠤᠯᠵᠢᠯᠠᠵᠤ ᠬᠦᠷᠬᠦ ᠳᠤ ᠲᠡᠭᠦᠨ ᠤ ᠠᠪᠤ ᠨᠢ ᠠᠭᠤᠯᠠ ᠬᠠᠷᠢᠨ ᠴᠠᠢ ᠶᠢᠨ ᠰᠢᠷᠡᠬᠡᠨ ᠲᠡᠭᠡᠷ᠎ᠡ ᠪᠠᠨ ᠨᠢᠬᠡ ᠪᠦᠯᠥᠭ ᠬᠠᠤᠯᠢ ᠶᠢᠨ ᠨᠤᠮ ᠤᠪᠤᠭᠠᠯᠠᠵᠤ᠂ ᠪᠢᠷ ᠪᠡᠭᠡ ᠬᠦᠳᠡᠯᠬᠡᠵᠤ ᠪᠠᠶᠢᠬᠤ ᠶᠢ ᠨᠢ ᠬᠠᠷᠠᠭᠠᠳ ᠲᠡᠭᠦᠨ ᠲᠠᠢ ᠵᠤᠭᠤᠭᠳᠠᠵᠤ ᠰᠠᠭᠤᠭᠠᠳ ᠡᠨᠡ ᠬᠦᠮᠦᠨ ᠤ ᠮᠠᠯᠴᠢᠳ ᠲᠠᠭᠠᠨ ᠦᠨ᠎ᠡ ᠲᠦᠯᠥᠪᠦᠷᠢ ᠦᠭᠡᠢ ᠦᠢᠯᠡᠴᠢᠯᠡᠭᠰᠡᠨ ᠦᠨᠡᠨ ᠤᠴᠢᠷ ᠢ ᠠᠭᠤᠲᠠᠯᠯᠠᠵᠤ ᠪᠢᠯᠡ︕      ᠠᠭᠤᠯᠠ ᠭᠤᠸᠠᠢ ᠤᠤᠯ ᠨᠢ ᠠᠷᠠᠳ ᠤᠨ ᠪᠠᠭᠰᠢ ᠪᠠᠶᠢᠭᠰᠠᠨ ᠠᠴᠠ ᠪᠠᠨ ᠪᠠᠶᠢᠴᠠᠭᠠᠬᠤ ᠪᠠᠶᠢᠭᠤᠯᠭ᠎ᠠ ᠳᠤ ᠠᠵᠢᠯ ᠰᠢᠯᠵᠢᠬᠡᠳ ᠬᠤᠷᠢᠨ ᠵᠢᠯ ᠤᠨ ᠨᠢᠭᠤᠷ ᠢ ᠦᠵᠡᠵᠤ 2015 ᠤᠨ ᠳᠤ ᠠᠵᠢᠯ ᠠᠴᠠ ᠪᠠᠨ ᠠᠮᠠᠷᠠᠵᠤ ᠬᠦᠳᠡᠭᠡ ᠳᠡᠭᠡᠨ ᠢᠷᠡᠵᠤ ᠮᠠᠯ ᠢᠶᠠᠨ ᠬᠠᠷᠠᠭᠰᠠᠨ ᠪᠠᠶᠢᠵᠠᠢ᠃ ᠬᠦᠳᠡᠭᠡ ᠳᠡᠭᠡᠨ ᠬᠠᠷᠢᠭᠰᠠᠨ ᠤ ᠲᠠᠷᠠᠭ᠎ᠠ ᠲᠡᠷᠡ ᠤᠯᠠᠩᠬᠢ ᠮᠠᠯᠴᠢᠳ ᠬᠠᠤᠯᠢ ᠶᠢᠨ ᠮᠡᠳᠡᠯᠬᠡ ᠲᠤᠤᠷ᠎ᠠ ᠠᠴᠠ ᠪᠤᠯᠵᠤ ᠬᠤᠬᠢᠷᠠᠯ ᠠᠮᠰᠠᠵᠤ ᠪᠠᠶᠢᠭ᠎ᠠ ᠶᠢ ᠬᠠᠷᠠᠭᠠᠳ ᠦᠪᠡᠷ ᠤᠨ ᠢᠶᠠᠨ 20 ᠵᠢᠯ ᠪᠠᠶᠢᠴᠠᠭᠠᠬᠤ ᠪᠠᠶᠢᠭᠤᠯᠭ᠎ᠠ ᠳᠤ ᠠᠵᠢᠯᠯᠠᠭᠰᠠᠨ ᠲᠤᠷᠰᠢᠯᠭ᠎ᠠ ᠳᠠᠭᠠᠨ ᠰᠠᠭᠤᠷᠢᠯᠡᠨ ᠬᠤᠯᠪᠤᠭ᠎ᠠ ᠴᠤᠭᠯᠠᠷᠠᠯ ᠲᠡᠭᠡᠷ᠎ᠡ ᠬᠠᠤᠯᠢ ᠶᠢᠨ ᠮᠡᠳᠡᠯᠬᠡ ᠲᠦᠬᠡᠮᠡᠯᠵᠢᠬᠦᠯᠬᠦ ᠠᠵᠢᠯ ᠳᠠᠭᠠᠨ ᠰᠢᠮᠲᠠᠭᠰᠠᠨ ᠪᠠᠶᠢᠨ᠎ᠠ᠃      ︽ᠮᠢᠨᠤ ᠭᠠᠷ ᠤᠲᠠᠰᠤᠨ ᠲᠡᠭᠡᠷ᠎ᠡ ᠤᠳᠤ 6 ᠴᠤᠭᠯᠠᠷᠠᠯ ᠲᠠᠢ᠂ ᠴᠤᠭᠯᠠᠷᠠᠯ ᠪᠦᠷᠢ ᠳᠤ 500 ᠬᠦᠮᠦᠨ ᠪᠠᠶᠢᠵᠤ ᠰᠢᠯᠢ ᠶᠢᠨ ᠭᠤᠤᠯ᠂ ᠬᠦᠯᠥᠨ ᠪᠦᠢᠷ ᠵᠡᠷᠭᠡ ᠪᠦᠬᠦ ᠤᠷᠤᠨ ᠤ ᠡᠯ᠎ᠡ ᠠᠶᠢᠮᠠᠭ ᠬᠤᠲᠠ ᠶᠢᠨ ᠮᠠᠯᠴᠢᠳ ᠪᠠᠶᠢᠨ᠎ᠠ᠃ ᠡᠬᠦᠨ ᠳᠤ ᠭᠤᠤᠯᠳᠠᠭᠤ ᠮᠠᠨ ᠤ ᠤᠯᠤᠰ ᠤᠨ ᠦᠨᠳᠦᠰᠦᠨ ᠬᠠᠤᠯᠢ᠂ ᠤᠷᠤᠭ ᠤᠨ ᠬᠠᠤᠯᠢ᠂ ᠭᠠᠴᠠᠭᠠᠨ ᠤ ᠵᠦᠪᠯᠡᠯ ᠤᠨ ᠵᠤᠬᠢᠶᠠᠨ ᠪᠠᠶᠢᠭᠤᠯᠬᠤ ᠬᠠᠤᠯᠢ᠂ ᠨᠤᠲᠤᠭ ᠪᠡᠯᠴᠢᠬᠡᠷ ᠤᠨ ᠬᠠᠤᠯᠢ᠂ ᠨᠤᠲᠤᠭ ᠪᠡᠯᠴᠢᠬᠡᠷ ᠤᠨ ᠳᠠᠭᠠᠭᠠᠴᠢᠯᠠᠯᠲᠠ ᠶᠢᠨ ᠬᠠᠤᠯᠢ᠂ ᠭᠠᠵᠠᠷ ᠰᠢᠷᠤᠢ ᠶᠢᠨ ᠬᠠᠤᠯᠢ ᠵᠡᠷᠭᠡ ᠵᠢᠷᠭᠤᠭᠠᠨ ᠵᠦᠢᠯ ᠤᠨ ᠬᠠᠤᠯᠢ ᠶᠢ ᠦᠷᠯᠥᠬᠡ ᠪᠦᠷᠢ ᠲᠠᠶᠢᠯᠪᠤᠷᠢᠯᠠᠵᠤ ᠶᠠᠷᠢᠭᠰᠠᠭᠠᠷ ᠨᠢᠬᠡ ᠵᠢᠯ ᠬᠠᠭᠠᠰ ᠤᠨ ᠴᠠᠭ ᠵᠠᠷᠤᠴᠠᠭᠤᠯᠵᠤ᠂ ᠲᠡᠭᠡᠷ᠎ᠡ ᠭᠠᠷᠠᠭ ᠳ᠋ᠦ᠋ᠩᠨᠡᠯᠲᠡ ᠪᠠᠨ ᠬᠢᠵᠤ ᠳᠠᠭᠤᠰᠬᠠᠯ᠎ᠠ᠃ ᠤᠳᠤ ᠪᠢ 2018 ᠤᠨ ᠳᠤ ᠰᠢᠨ᠎ᠡ ᠪᠠᠷ ᠭᠠᠷᠤᠭᠰᠠᠨ ᠨᠤᠲᠤᠭ ᠪᠡᠯᠴᠢᠬᠡᠷ ᠤᠨ ᠳᠠᠭᠠᠭᠠᠴᠢᠯᠠᠯᠲᠠ ᠶᠢᠨ ᠬᠠᠤᠯᠢ ᠶᠢ ᠤᠷᠴᠢᠭᠤᠯᠵᠤ ᠪᠠᠶᠢᠨ᠎ᠠ᠃ ᠡᠨᠡ ᠬᠠᠤᠯᠢ ᠶᠢᠨ ᠮᠤᠩᠭᠤᠯ ᠬᠡᠪᠯᠡᠯ ᠪᠠᠶᠢᠬᠤ ᠦᠭᠡᠢ ᠪᠤᠯᠬᠤᠷ ᠢᠡᠭᠭᠢᠵᠤ ᠬᠢᠵᠤ ᠪᠠᠶᠢᠨ᠎ᠠ︾ ᠬᠡᠮᠡᠨ ᠠᠭᠤᠯᠠ ᠭᠤᠸᠠᠢ ᠠᠵᠢᠯ ᠢᠶᠠᠨ ᠲᠦᠬᠦᠮᠬᠡᠨ ᠳ᠋ᠦᠡᠭᠨᠡᠵᠤ ᠭᠠᠷᠤᠯ᠎ᠠ᠃      ᠶᠠᠷᠢᠯᠴᠠᠭᠠᠨ ᠤ ᠵᠠᠪᠰᠠᠷ ᠪᠢᠳᠠ ᠬᠤᠶᠠᠭᠤᠯᠠ ᠨᠢᠬᠡ ᠨᠢᠬᠡ ᠭᠤᠳᠤᠯᠢ ᠲᠠᠮᠠᠬᠢ ᠰᠤᠯᠢᠯᠴᠡᠵᠤ ᠲᠠᠳᠠᠪᠠ᠂ ᠲᠡᠭᠦᠨ ᠤ ᠭᠠᠷ ᠤᠲᠠᠰᠤᠨ ᠳᠤ ᠪᠠᠶᠢᠨ ᠪᠠᠶᠢᠨ ᠴᠢᠮᠡᠭᠡ ᠢᠷᠡᠵᠤ ᠪᠠᠶᠢᠬᠤ ᠲᠤᠭᠤᠯᠲᠠᠨ᠎ᠠ᠃ ᠯᠠᠪᠰᠢᠷᠠᠭᠤᠯᠪᠠᠯ ᠡᠨᠡ ᠨᠢᠬᠡ ᠵᠢᠯ ᠬᠠᠭᠠᠰ ᠤᠨ ᠬᠤᠭᠤᠴᠠᠭᠠᠨ ᠳᠤ ᠬᠤᠯᠪᠤᠭᠠᠨ ᠲᠡᠭᠡᠷᠡᠬᠢ 1500 ᠬᠦᠮᠦᠨ ᠲᠡᠭᠦᠨ ᠢ ᠠᠰ ᠤᠨ ᠱᠤᠭᠤᠮ ᠢᠶᠠᠷ ᠵᠠᠯᠭᠠᠵᠤ ᠠᠶᠢᠯ ᠬᠡᠷ ᠤᠨ ᠵᠢᠭᠤᠷᠠᠭᠠᠨ ᠠᠴᠠ ᠪᠠᠨ ᠨᠤᠲᠤᠭ ᠪᠡᠯᠴᠢᠬᠡᠷ᠂ ᠭᠠᠴᠠᠭ᠎ᠠ ᠰᠤᠮᠤᠨ ᠤ ᠲᠤᠬᠠᠢ ᠡᠳᠦᠷᠵᠢᠨ ᠯᠠᠪᠯᠠᠵᠤ᠂ ᠠᠭᠤᠯᠠ ᠭᠤᠸᠠᠢ ᠴᠤ ᠲᠡᠳᠡᠨ ᠳᠤ ᠵᠦᠬᠡᠷ ᠦᠢᠯᠡᠴᠢᠯᠡᠳᠡᠭ ᠬᠠᠪᠤᠲᠠᠢ ᠰᠠᠶᠢᠬᠠᠨ ︽ᠬᠠᠤᠯᠢᠴᠢ ︾ ᠪᠤᠯᠤᠭᠰᠠᠨ ᠪᠠᠶᠢᠯ᠎ᠠ᠃      ᠡᠨᠡ ᠲᠤᠬᠠᠢ ᠲᠡᠷᠡ᠄ ︽ᠤᠳᠤ ᠴᠠᠭ ᠲᠤ ᠵᠠᠷᠢᠮ ᠬᠠᠤᠯᠢᠴᠢ ᠦᠨᠡᠬᠡᠷ ᠬᠡᠳᠦᠷᠡᠵᠤ ᠪᠠᠶᠢᠨ᠎ᠠ᠃ ᠮᠠᠯᠴᠢᠳ ᠮᠠᠨᠢ ᠪᠡᠯᠡ ᠮᠦᠡᠭᠭᠦ ᠪᠠᠷ ᠬᠤᠮᠰᠠ ᠪᠦᠭᠡᠳ ᠡᠯᠳᠡᠪ ᠵᠠᠭᠤᠷᠠᠭᠠᠨ ᠳᠤ ᠦᠷᠢᠲᠤᠵᠤ ᠬᠠᠯᠠ ᠦᠵᠡᠵᠤ ᠪᠠᠶᠢᠬᠤ ᠳᠤ ᠬᠠᠤᠯᠢᠴᠢ ᠨᠠᠷ ᠬᠠᠷᠢᠨ ᠡᠳᠡᠬᠡᠷ ᠢ ᠨᠢ ᠬᠠᠮᠢᠶᠠᠷᠤᠯ ᠦᠭᠡᠢ ᠪᠠᠷ ᠪᠦᠲᠦᠷᠢᠭᠰᠡᠨ ᠲᠡᠭᠡᠷ᠎ᠡ ᠨᠢ ᠨᠢᠳᠤᠷᠭᠠᠳᠡᠵᠤ ᠪᠠᠶᠢᠬᠤ ᠰᠢᠬ ᠢᠶᠠᠷ ᠲᠡᠭᠦᠨ ᠤ ᠬᠡᠷᠡᠭ ᠵᠠᠷᠭᠤ ᠳᠤ ᠭᠠᠷ ᠲᠦᠷᠢᠬᠦ ᠲᠠᠢ ᠵᠡᠷᠭᠡ ᠪᠠᠭ᠎ᠠ ᠪᠤᠰᠤ ᠮᠦᠡᠭᠭᠦ ᠲᠦᠬᠦᠷᠢᠭ ᠠᠪᠴᠤ ᠪᠠᠶᠢᠨ᠎ᠠ᠃ ᠪᠢ ᠡᠬᠦᠨ ᠢ ᠨᠢ ᠶᠠᠭ ᠦᠵᠡᠵᠤ ᠴᠢᠳᠠᠬᠤ ᠦᠭᠡᠢ ᠪᠤᠯᠬᠤᠷ ᠮᠠᠯᠴᠢᠳ ᠮᠠᠨᠢ ᠶᠠᠮᠠᠷ ᠬᠡᠷᠡᠭ ᠵᠠᠷᠭᠤ ᠶᠢᠨ ᠠᠰᠠᠭᠤᠳᠠᠯ ᠲᠠᠢ ᠪᠤᠶᠤ ᠬᠠᠤᠯᠢ ᠶᠢᠨ ᠲᠤᠬᠠᠢ ᠬᠦᠢᠴᠡᠳ ᠤᠢᠢᠯᠠᠭᠠᠶ᠎ᠠ ᠬᠡᠪᠡᠯ ᠨᠠᠮ᠎ᠠ ᠶᠢ ᠡᠷᠢᠬᠡᠳ ᠢᠷᠡᠬᠦ ᠳᠤ ᠪᠢ ᠲᠡᠳᠡᠨ ᠠᠴᠠ ᠮᠦᠡᠭᠭᠦ ᠲᠦᠬᠦᠷᠢᠭ ᠠᠪᠬᠤ ᠦᠭᠡᠢ ᠪᠠᠷ ᠬᠦᠢᠴᠡᠳ ᠰᠠᠶᠢᠬᠠᠨ ᠲᠠᠶᠢᠯᠪᠤᠷᠢᠯᠠᠵᠤ ᠦᠭᠳᠡᠭ᠃ ᠢᠡᠭᠭᠢᠭᠡᠳ ᠲᠡᠳᠡ ᠴᠤ ᠨᠠᠮ᠎ᠠ ᠶᠢ ᠪᠠᠷᠤᠭ ᠬᠠᠤᠯᠢᠴᠢ ᠬᠡᠵᠤ ᠪᠤᠳᠤᠳᠠᠭ ᠪᠤᠯᠤᠯᠲᠡᠢ᠂ ᠪᠢ ᠬᠠᠤᠯᠢᠴᠢ ᠪᠢᠰᠢ ᠰᠢᠤ᠂ ᠵᠦᠪᠬᠡᠨ ᠬᠠᠤᠯᠢ ᠶᠢ ᠲᠠᠶᠢᠯᠪᠤᠷᠢᠯᠠᠵᠤ᠂ ᠲᠦᠬᠡᠮᠡᠯᠵᠢᠬᠦᠯᠳᠡᠭ ᠬᠦᠳᠡᠭᠡ ᠳᠡᠭᠡᠨ ᠪᠤᠴᠠᠵᠤ ᠮᠠᠯ ᠬᠠᠷᠢᠭᠤᠯᠤᠭᠰᠠᠨ ᠡ᠊ᠡᠭ ᠤᠨ ᠨᠢᠬᠡ ᠬᠦᠮᠦᠨ ᠰᠢᠤ︾ ᠬᠡᠮᠡᠨ ᠶᠠᠷᠢᠵᠤ ᠭᠠᠷᠤᠯ᠎ᠠ᠃      ᠰᠠᠶᠢᠨ ᠰᠠᠨᠠᠭᠠᠨ ᠤ ᠦᠵᠦᠬᠦᠷ ᠰᠦ ᠬᠡᠳᠡᠭ᠃ ᠠᠭᠤᠯᠠ ᠶᠢᠨ ᠡᠨᠡ ᠬᠦ ᠰᠠᠶᠢᠬᠠᠨ ᠠᠴᠢ ᠪᠤᠶᠠᠨ ᠤ ᠦᠢᠯᠡ ᠨᠢ ᠲᠦᠮᠡᠨ ᠤᠯᠠᠨ ᠳᠤ ᠲᠤᠰᠠ ᠬᠦᠷᠲᠡᠭᠡᠬᠦ ᠶᠢᠨ ᠰᠠᠴᠠᠭᠤ ᠲᠡᠷᠡ ᠦᠢᠯᠡ ᠶᠢᠨ ᠬᠠᠷᠢᠭᠤ ᠳᠤ ᠠᠭᠤᠯᠠ ᠶᠢᠨ ᠠᠯᠢᠪᠠ ᠪᠦᠬᠦᠨ ᠦᠬᠡᠳᠡ ᠡᠰᠡᠷᠡᠭ ᠪᠠᠶᠢᠭᠠᠰᠢ ᠬᠡᠮᠡᠨ ᠰᠠᠨᠠᠨᠠᠮ︕
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号