ᠮᠠᠯᠴᠢᠨ ᠰᠡᠴᠡᠨᠳᠤᠶᠠᠭ᠎ᠠ ᠢᠰᠡᠭᠡᠢ ᠬᠢᠭᠦ ᠣᠷ᠎ᠠ ᠮᠡᠷᠭᠡᠵᠢᠯ ᠢ ᠤᠯᠠᠮᠵᠢᠯᠠᠵᠤ ᠪᠠᠶᠢᠨ᠎ᠠ
ᠨᠡᠶᠢᠲᠡᠯᠡᠭᠰᠡᠨ ᠴᠠᠭ᠄
2019-06-03
     ᠰᠦᠯᠳᠡ ᠰᠣᠮᠣᠨ ᠤ ᠲᠠᠯ᠎ᠠ ᠶᠢᠨ ᠣᠰᠣ ᠭᠠᠴᠠᠭᠠᠨ ᠤ ᠮᠠᠯᠴᠢᠨ ᠰᠡᠴᠡᠨᠳᠤᠶᠠᠭ᠎ᠠ ᠤᠯᠠᠮᠵᠢᠯᠠᠯᠳᠤ ᠢᠰᠡᠭᠡᠢ ᠬᠢᠭᠦ ᠮᠡᠷᠭᠡᠵᠢᠯ ᠢ ᠳᠠᠯᠭᠡᠷᠡᠬᠦᠯᠣᠨ ᠤᠯᠠᠮᠵᠢᠯᠠᠯᠳᠤ ᠦᠪ ᠰᠤᠶᠤᠯ ᠢᠶᠠᠨ ᠵᠠᠯᠭᠠᠮᠵᠢᠯᠠᠨ ᠬᠦᠭᠵᠢᠬᠦᠯᠵᠣ ᠪᠠᠶᠢᠨ᠎ᠠ᠃      ᠰᠦᠯᠳᠡ ᠰᠣᠮᠣᠨ ᠤ ᠲᠠᠯ᠎ᠠ ᠶᠢᠨ ᠣᠰᠣ ᠭᠠᠴᠠᠭᠠᠨ ᠤ ᠮᠠᠯᠴᠢᠨ ᠪᠦᠰᠡᠬᠦᠢ ᠰᠠᠴᠡᠨᠳᠣᠶᠠᠭ᠎ᠠ ᠬᠠᠷᠠᠬᠠᠨ ᠪᠠᠭ᠎ᠠ  ᠠᠴᠠ ᠪᠠᠨ ᠡᠵᠢ ᠶᠢᠨ ᠢᠶᠠᠨ ᠢᠰᠡᠭᠡᠢ ᠬᠢᠭᠦ ᠠᠯᠬᠤᠮ ᠳᠠᠷᠠᠭ᠎ᠠ᠂ ᠣᠷ᠎ᠠ ᠮᠠᠷᠬᠡᠵᠢᠯ ᠢ ᠪᠠᠭ᠋ᠠᠷᠬᠠᠨ ᠦᠵᠡᠵᠣ ᠰᠣᠷᠴᠣ ᠡᠵᠡᠮᠰᠢᠵᠣ ᠠᠪᠴᠠᠢ᠃ ᠣᠶᠢᠷ᠎ᠠ ᠶᠢᠨ ᠵᠢᠯ ᠠᠴᠠ ᠲᠡᠷᠡ ᠨᠠᠰᠣ ᠠᠬᠢᠬᠤ ᠶᠢᠨ ᠳᠠᠭᠠᠣ ᠳᠤ ᠨᠡᠶᠢᠬᠡᠮ ᠤᠨ ᠬᠦᠭᠵᠢᠯᠳᠡ  ᠠᠴᠠ ᠪᠣᠯᠵᠣ ᠣᠷᠬᠢᠭᠳᠠᠵᠣ ᠬᠠᠶᠠᠭᠳᠠᠮᠠᠷ ᠪᠣᠯᠵᠣ ᠪᠠᠶᠢᠭ᠎ᠠ ᠢᠰᠡᠭᠡᠢ ᠬᠢᠭᠦ ᠤᠷ᠎ᠠ ᠮᠡᠷᠭᠡᠵᠢᠯ ᠢ ᠵᠠᠯᠭᠠᠮᠵᠢᠯᠠᠨ ᠭᠦᠭᠵᠢᠬᠦᠯᠬᠦ ᠪᠠᠷ ᠵᠣᠷᠢᠭ ᠰᠢᠭᠤᠳᠴᠤ ᠦᠪᠡᠷ ᠤᠨ ᠡᠵᠡᠮᠰᠢᠭᠰᠡᠨ ᠣᠷ᠎ᠠ ᠮᠡᠷᠬᠡᠵᠢᠯ ᠤᠨ ᠰᠠᠭᠤᠷᠢᠨ ᠳᠠᠭᠡᠷ᠎ᠡ ᠪᠠᠰᠠ ᠤᠷᠢᠳ ᠬᠤᠵᠢᠳ ᠰᠢᠯᠢ ᠶᠢᠨ ᠭᠤᠣᠯ᠂ ᠬᠦᠯᠥᠨ ᠪᠦᠢᠷ ᠵᠡᠷᠭᠡ ᠠᠶᠢᠮᠠᠭ ᠬᠤᠳᠠ ᠳᠤ ᠬᠦᠷᠴᠣ ᠢᠰᠡᠬᠡᠢ ᠣᠷᠠᠯᠠᠯ  ᠤᠨ ᠳᠣᠰᠬᠠᠢ ᠪᠠᠭᠰᠢ ᠳᠤ ᠱᠠᠪᠢᠯᠡᠨ ᠬᠤᠨᠢᠨ ᠠᠬᠠᠷ ᠢᠶᠠᠷ ᠢᠰᠡᠭᠡᠢ ᠭᠢᠭᠦ ᠣᠯᠠᠮᠵᠢᠯᠠᠯᠳᠣ ᠠᠷᠭ᠎ᠠ ᠰᠣᠷᠴᠣ ᠮᠡᠷᠭᠡᠵᠢᠯ  ᠢᠶᠠᠨ ᠳᠡᠭᠡᠭᠰᠢᠯᠡᠬᠦᠯᠪᠡ᠃      ᠮᠠᠯᠴᠢᠨ ᠰᠠᠴᠡᠨᠳᠣᠶᠠᠭ᠎ᠠ᠄ ︽ᠡᠨᠡ ᠤᠷᠠᠯᠠᠯ ᠢ ᠮᠠᠨ ᠤ ᠦᠶ᠎ᠡ ᠶᠢᠨ ᠬᠢᠨ ᠰᠠᠶᠢᠨ ᠰᠤᠷᠴᠤ ᠤᠯᠠᠮᠵᠢᠯᠠᠬᠤ ᠦᠭᠡᠢ ᠪᠤᠯ ᠬᠤᠶᠢᠴᠢ ᠦᠶ᠎ᠡ ᠶᠢᠨ ᠬᠢᠨ ᠤᠯᠠᠮᠵᠢᠯᠠᠵᠤ ᠵᠠᠯᠭᠠᠮᠵᠢᠯᠠᠬᠤ ᠳᠤ ᠬᠦᠴᠢᠷᠳᠡᠢ᠃ ᠪᠢᠳᠠ ᠴᠤ ᠪᠠᠰᠠ ᠵᠠᠷᠢᠮ ᠵᠦᠢᠯ ᠢ ᠬᠢᠭᠦ ᠳᠤ ᠬᠦᠴᠢᠷᠳᠡᠵᠦ ᠪᠠᠶᠢᠨ᠎ᠠ᠃ ᠮᠠᠨ ᠤ ᠤᠷᠳᠤᠰ ᠲᠤ ᠠᠪᠴᠤ ᠭᠡᠯᠡᠪᠡᠯ ᠲᠠᠰᠤᠷᠠᠮᠠᠷ ᠪᠤᠯᠵᠤ ᠪᠠᠶᠢᠨ᠎ᠠ︾ ᠬᠡᠵᠦ ᠪᠠᠶᠢᠪᠠ᠃      ᠰᠠᠴᠡᠨᠳᠣᠶᠠᠭ᠎ᠠ ᠢᠰᠡᠬᠡᠢ ᠬᠢᠬᠦ ᠣᠷ᠎ᠠ ᠮᠡᠷᠭᠡᠵᠢᠯ ᠢ ᠨᠡᠯᠢᠶᠠᠳ ᠪᠣᠯᠪᠠᠰᠣᠷᠠᠩᠭᠤᠢ ᠡᠵᠡᠮᠰᠢᠭᠰᠡᠨ ᠤ ᠬᠤᠶᠢᠨ᠎ᠡ ᠢᠰᠡᠬᠡᠢ ᠬᠢᠬᠦ᠂ ᠢᠰᠡᠬᠡᠢ ᠪᠠᠷ ᠬᠢᠭᠰᠡᠨ ᠠᠮᠢᠳᠣᠷᠠᠯ ᠤᠨ ᠬᠡᠷᠡᠭᠰᠡᠯ᠂ ᠦᠨᠳᠣᠰᠣᠳᠡᠨ ᠤ ᠰᠣᠶᠣᠯ ᠳᠡᠣᠬᠡ ᠵᠠᠩ ᠠᠷᠡᠨᠰᠢᠨ ᠵᠡᠷᠭᠡ ᠣᠨᠴᠠᠯᠢᠭ ᠢ ᠳᠣᠰᠬᠠᠭᠰᠠᠨ ᠢᠰᠡᠬᠡᠢ ᠭᠠᠷ ᠣᠷᠡᠯᠡᠯ ᠤᠨ ᠪᠦᠳᠣᠭᠡᠭᠳᠡᠬᠦᠨ ᠢ ᠬᠢᠵᠣ ᠵᠠᠬ᠎ᠠ ᠳᠡᠯᠬᠡᠭᠦᠷ ᠳᠡᠭᠡᠷ᠎ᠡ ᠪᠣᠷᠣᠯᠠᠭᠤᠯᠭ᠎ᠠ ᠰᠠᠶᠢᠳᠡᠢ ᠪᠣᠯᠪᠠ᠃ ᠲᠡᠷᠡ ᠣᠳᠣ ᠣᠯᠠᠮᠵᠢᠯᠠᠯᠳᠣ ᠢᠰᠡᠭᠡᠢ ᠤᠷᠠᠯᠠᠯ ᠤᠨ ᠪᠣᠳᠡᠰ ᠤᠨ ᠪᠣᠰᠣ ᠰᠣᠶᠣᠯ ᠤᠨ ᠦᠪ ᠤᠨ ᠣᠯᠠᠮᠵᠢᠯᠠᠭᠴᠢ ᠪᠣᠯᠵᠣ ᠢᠰᠡᠬᠡᠢ ᠣᠷᠠᠯᠠᠯ ᠢ ᠬᠦᠮᠦᠰ ᠤᠨ ᠭᠡᠷᠡᠭᠴᠡᠭᠡ ᠱᠠᠭᠠᠷᠳᠠᠯᠭ᠎ᠠ ᠳᠤ ᠨᠠᠶᠢᠴᠡᠭᠦᠯᠣᠨ ᠵᠠᠬ᠎ᠠ ᠲᠡᠯᠭᠡᠭᠦᠷ ᠤᠨ ᠬᠦᠭᠵᠢᠯᠳᠡ ᠳᠤ ᠵᠣᠬᠢᠴᠠᠭᠰᠠᠨ ᠪᠦᠳᠣᠭᠡᠭᠳᠡᠬᠦᠨ ᠢ ᠬᠦᠭᠵᠢᠬᠦᠯᠣᠨ ᠭᠠᠷᠭᠠᠬᠤ ᠠᠷᠭ᠎ᠠ ᠵᠠᠮ ᠢ ᠰᠦᠪᠡᠭᠴᠢᠯᠡᠵᠣ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号