ᠰᠢᠨᠵᠢᠯᠡᠭᠡ ᠮᠡᠷᠬᠡᠵᠢᠯ ᠤᠨ ᠰᠤᠳᠤᠨ ᠬᠡᠷᠡᠭᠯᠡᠬᠦᠷ ᠢᠶᠠᠷ ᠰᠢᠨ᠎ᠡ ᠴᠠᠭ ᠤᠨ ᠰᠢᠨᠡᠬᠡᠨ ᠬᠠᠭᠤᠳᠠᠰᠤ ᠶᠢ ᠰᠡᠬᠦᠨᠡᠮ
ᠨᠡᠶᠢᠲᠡᠯᠡᠭᠰᠡᠨ ᠴᠠᠭ᠄
2019-06-06
    ᠰᠢᠨᠵᠢᠯᠡᠭᠡ ᠮᠡᠷᠬᠡᠵᠢᠯ ᠢ ᠬᠦᠳᠡᠭᠡ ᠠᠵᠤ ᠠᠬᠤᠢ ᠲᠠᠢ ᠤᠶᠠᠯᠳᠤᠭᠤᠯᠪᠠᠯ ᠬᠦᠭᠵᠢᠯᠲᠡ ᠶᠢᠨ ᠬᠠᠭᠤᠳᠠᠰᠤ ᠶᠢ  ᠪᠢᠴᠢᠭᠯᠡᠬᠦ ᠨᠢ ᠵᠦᠢ᠃ ᠦᠨᠦᠳᠦᠷ ᠦᠤᠰᠢᠨ ᠨᠤᠲᠤᠭ ᠤᠨ ᠮᠠᠯᠴᠢᠳ ᠰᠢᠨᠵᠢᠯᠡᠭᠡ ᠮᠡᠷᠬᠡᠵᠢᠯ ᠤᠨ ᠰᠤᠳᠤᠨ  ᠬᠡᠷᠡᠭᠯᠡᠬᠦᠷ ᠢᠶᠠᠷ ᠰᠢᠨ᠎ᠡ ᠴᠠᠭ ᠤᠨ ᠰᠢᠨᠡᠬᠡᠨ ᠬᠠᠭᠤᠳᠠᠰᠤ ᠶᠢ ᠰᠡᠬᠦᠵᠤ ᠪᠠᠶᠢᠨ᠎ᠠ᠃     ᠪᠤᠷᠭᠠᠰᠤ ᠬᠦᠯᠥᠬᠡᠯᠡᠵᠤ ᠨᠤᠭᠤᠭ᠎ᠠ ᠴᠤᠬᠤᠢᠢᠬᠤ ᠪᠠᠷ ᠪᠦᠲᠦᠨ ᠡᠪᠤᠯ ᠪᠡᠯᠡᠨ ᠡᠪᠡᠰᠦ ᠢᠳᠡᠭᠰᠡᠨ ᠦᠬᠡᠷ  ᠬᠤᠨᠢ ᠵᠦᠭ ᠴᠢᠭ ᠦᠭᠡᠢ ᠲᠡᠨᠤᠳᠡᠭ ᠠᠵᠢ᠃ ᠮᠦᠨ ᠴᠤ ᠵᠤᠨ ᠤ ᠬᠠᠯᠠᠭᠤᠨ ᠪᠤᠯᠵᠤ᠂ ᠪᠠᠯᠠᠷ ᠤᠨ ᠮᠠᠯ  ᠪᠤᠷᠭᠠᠰᠤᠨ ᠳᠤ ᠰᠢᠷᠭᠤᠭᠠᠳ ᠦᠷᠯᠥᠬᠡ ᠦᠳᠡᠰᠢ ᠶᠢᠨ ᠰᠡᠷᠢᠭᠦᠨ ᠴᠠᠭ ᠢᠶᠠᠷ ᠭᠠᠷᠴᠤ ᠢᠷᠡᠬᠦ ᠠᠴᠠ ᠪᠢᠰᠢ ᠡᠳᠦᠷ ᠤᠨ  ᠴᠠᠭ ᠢᠶᠠᠷ ᠪᠠᠷ᠎ᠠ ᠨᠢ ᠴᠤ ᠬᠠᠷᠠᠭᠳᠠᠬᠤ ᠦᠭᠡᠢ ᠨᠢ ᠮᠠᠯᠴᠢᠳ ᠤᠨ ᠲᠤᠯᠤᠭᠠᠢ ᠶᠢ ᠡᠪᠡᠳᠬᠡᠳᠡᠭ᠃ ᠢᠡᠭᠭᠢᠭᠡᠳ ᠶᠠᠪᠠᠭᠠᠨ ᠢᠶᠠᠷ ᠮᠠᠯ ᠳᠤ ᠶᠠᠪᠤᠵᠤ ᠪᠠᠶᠢᠭᠰᠠᠨ ᠠᠴᠠ ᠪᠠᠨ ᠮᠤᠷᠢ ᠪᠠᠷ᠂ ᠨᠡᠩ ᠰᠡᠭᠦᠯ ᠳᠤ ᠮᠤᠲ᠋ᠤᠷ ᠢᠶᠠᠷ ᠶᠠᠪᠤᠬᠤ  ᠪᠤᠯᠤᠭᠰᠠᠨ ᠪᠠᠶᠢᠪᠠ᠃ ᠬᠡᠪᠡᠴᠤ ᠡᠨᠡ ᠨᠢ ᠪᠠᠰᠠ ᠯᠠ ᠴᠠᠭ ᠪᠤᠯᠤᠨ ᠬᠦᠴᠦ ᠶᠢ ᠰᠢᠯᠭᠠᠭᠰᠠᠨ ᠬᠡᠴᠡᠬᠦᠦ ᠤᠴᠢᠷ  ᠪᠠᠶᠢᠪᠠ᠃       ᠤᠷᠴᠢᠮ ᠤᠨ ᠵᠢᠯ ᠮᠠᠯᠵᠢᠬᠤ ᠤᠷᠤᠨ ᠢᠶᠠᠷ ᠡᠯᠳᠡᠪ ᠤᠨ ᠰᠢᠨ᠎ᠡ ᠰᠤᠨᠢᠨ ᠰᠢᠨᠵᠢᠯᠡᠭᠡ ᠮᠡᠷᠬᠡᠵᠢᠯ ᠲᠦᠬᠡᠮᠡᠯᠵᠢᠵᠤ  ᠂ ᠮᠠᠯᠴᠢᠳ ᠲᠤ ᠮᠠᠰᠢ ᠶᠡᠭᠡ ᠲᠦᠬᠦᠮ ᠠᠪᠴᠢᠷᠠᠭᠰᠠᠨ ᠴᠤ ᠮᠠᠯᠵᠢᠬᠤ ᠦᠢᠯᠡᠳᠪᠦᠷᠢᠯᠡᠯ ᠤᠨ ᠲᠠᠯ᠎ᠠ ᠪᠠᠷ ᠪᠠᠰᠠ ᠯᠠ  ᠬᠦᠷᠦᠯᠴᠡᠭᠡ ᠮᠠᠭᠤᠲᠠᠢ ᠪᠠᠶᠢᠭᠰᠠᠨ ᠨᠢ ᠦᠨᠡᠨ᠃ ᠬᠠᠷᠢᠨ ᠡᠨᠡ ᠵᠢᠯ ᠦᠤᠰᠢᠨ ᠤ ᠬᠡᠰᠡᠭ ᠮᠠᠯᠴᠢᠳ ᠵᠢᠯᠤᠭᠤᠴᠢ  ᠦᠭᠡᠢ ᠨᠢᠰᠬᠡᠯ ᠢᠶᠠᠷ ᠮᠠᠯ ᠬᠠᠷᠠᠳᠠᠭ ᠪᠤᠯᠤᠭᠰᠠᠨ ᠴᠢᠮᠡᠭᠡ ᠤᠯᠠᠨ ᠤ ᠲᠠᠭᠠᠰᠢᠶᠠᠯ ᠳᠤ ᠬᠦᠷᠴᠤ᠂ ᠦᠤᠰᠢᠨ  ᠨᠤᠲᠤᠭ ᠤᠨ ᠪᠠᠯᠠᠷ ᠮᠠᠩᠬᠠᠨ ᠳᠤ ᠮᠠᠯ ᠰᠦᠷᠦᠭ ᠢᠶᠠᠨ ᠬᠠᠷᠠᠬᠤ ᠬᠦᠴᠢᠷᠳᠡᠯ ᠢ ᠰᠢᠢᠳᠪᠦᠷᠢᠯᠡᠵᠤ ᠴᠢᠳᠠᠭᠰᠠᠨ ᠨᠢ ᠪᠠᠶᠠᠷᠯᠠᠭᠤᠰᠢᠲᠠᠢ᠃         ᠦᠤᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠤ ᠮᠠᠯᠴᠢᠨ ᠤᠶᠤᠨᠪᠢᠯᠢᠭ᠌ ᠡᠨᠡ ᠵᠢᠯ ᠵᠢᠯᠤᠭᠤᠴᠢ ᠦᠭᠡᠢ ᠨᠢᠰᠬᠡᠯ ᠬᠤᠳᠠᠯᠳᠤᠨ ᠠᠪᠤᠭᠠᠳ ᠪᠠᠯᠠᠷ ᠤᠨ ᠴᠤᠭᠤᠷᠬᠠᠢ᠂ ᠮᠠᠩᠬᠠᠨ ᠬᠦᠮᠦᠬᠡᠢ ᠳᠠᠬᠢ ᠦᠬᠡᠷ ᠢᠶᠠᠨ ᠬᠠᠷᠠᠬᠤ ᠳᠤ ᠶᠡᠭᠡ ᠲᠦᠬᠦᠮ ᠪᠤᠯᠤᠭᠰᠠᠨ ᠪᠠᠶᠢᠯ᠎ᠠ᠃ ᠲᠠᠳᠠᠨ ᠤ ᠬᠢᠨ 12000 ᠭᠠᠷᠤᠢ ᠮᠦ ᠪᠡᠯᠴᠢᠬᠡᠷ  ᠲᠡᠭᠡᠷ᠎ᠡ ᠪᠠᠨ 100 ᠭᠠᠷᠤᠢ ᠦᠬᠡᠷ ᠮᠠᠯᠵᠢᠵᠤ᠂ ᠪᠡᠯᠴᠢᠬᠡᠷ ᠨᠢ ᠪᠠᠯᠠᠷ ᠡᠷᠢᠶᠡᠯᠡᠩ᠂ ᠡᠯᠡᠰᠦ ᠮᠠᠩᠬ᠎ᠠ ᠲᠡᠶᠢᠯᠥᠩᠭᠢ ᠪᠤᠯᠬᠤᠷ ᠮᠤᠲ᠋ᠤᠷ ᠴᠤ ᠵᠠᠷᠢᠮ ᠭᠠᠵᠠᠷ ᠲᠤᠨᠢ ᠬᠦᠷᠴᠤ ᠲᠡᠶᠢᠯᠳᠡᠭ ᠦᠭᠡᠢ᠂ ᠮᠦᠨ ᠦᠳᠡ ᠶᠢᠨ ᠬᠠᠯᠠᠭᠤᠨ ᠪᠤᠯᠬᠤ ᠳᠤ ᠦᠬᠡᠷ ᠤᠳ ᠨᠢ ᠮᠠᠩᠬᠠᠨ ᠬᠦᠮᠦᠬᠡᠢ ᠶᠢᠨ ᠪᠤᠷᠭᠠᠰᠤᠨ ᠳᠤ ᠰᠢᠷᠭᠤᠭᠠᠳ ᠭᠠᠷᠴᠤ ᠢᠷᠡᠳᠡᠭ ᠦᠭᠡᠢ ᠪᠤᠯᠬᠤᠷ ᠡᠷᠢᠯ ᠤᠨ ᠬᠦᠮᠦᠨ ᠵᠠᠪᠠᠯ ᠬᠦᠮᠦᠬᠡᠢ ᠪᠤᠯᠭᠠᠨ ᠢ ᠨᠡᠩᠵᠢᠵᠤ ᠪᠠᠶᠢᠮᠠᠨᠵᠢᠨ ᠰᠠᠶ᠋ᠢ ᠦᠬᠡᠷ ᠤᠨ ᠢᠶᠠᠨ ᠲᠤᠭ᠎ᠠ ᠲᠤᠯᠤᠭᠠᠢ ᠶᠢ  ᠪᠥᠷᠢᠳᠭᠡᠵᠤ ᠬᠡᠷ ᠵᠦᠭ ᠢᠶᠠᠨ ᠲᠠᠭᠤᠳᠠᠭ ᠠᠵᠢ᠃ ᠡᠨᠡ ᠬᠠᠯᠠ ᠶᠢ ᠠᠷᠪᠠ ᠬᠤᠷᠢᠨ ᠵᠢᠯ ᠢᠶᠠᠷ ᠦᠵᠡᠭᠰᠡᠨ ᠲᠠᠳᠠᠨ ᠤ ᠬᠢᠨ ᠡᠨᠡ ᠵᠢᠯ ᠵᠢᠯᠤᠭᠤᠴᠢ ᠦᠭᠡᠢ ᠨᠢᠰᠬᠡᠯ ᠲᠠᠢ ᠪᠤᠯᠤᠭᠰᠠᠨ ᠠᠴᠠ ᠬᠤᠶᠢᠰᠢ ᠠᠷᠪᠠᠨ ᠡᠳᠦᠷ ᠤᠨ ᠬᠢᠳᠡᠯ ᠢ ᠨᠢᠬᠡᠬᠡᠨ ᠴᠠᠭ ᠲᠤ ᠪᠡᠶᠡᠯᠡᠬᠦᠯᠵᠤ ᠳᠡᠶᠢᠯᠳᠡᠭ ᠪᠤᠯᠤᠭᠰᠠᠨ ᠪᠠᠶᠢᠨ᠎ᠠ᠃ ᠲᠡᠭᠦᠨ ᠤ ᠡᠨᠡ ᠬᠦ ᠪᠠᠭ᠎ᠠ ᠬᠡᠯᠪᠡᠷᠢ ᠶᠢᠨ ᠵᠢᠯᠤᠭᠤᠴᠢ ᠦᠭᠡᠢ ᠨᠢᠰᠬᠡᠯ ᠨᠢ 70 ᠮᠧᠲᠷ ᠦᠨᠳᠦᠷ ᠲᠤ ᠭᠠᠷᠴᠤ᠂ 4  ᠺᠢᠯᠦᠮᠧᠲᠷ ᠤᠨ ᠵᠠᠢ ᠳᠤ 20 ᠮᠢᠨᠦ᠋ᠲ ᠨᠢᠰᠴᠤ ᠪᠤᠯᠳᠠᠭ ᠪᠦᠭᠡᠳ ᠲᠦᠷᠪᠡᠨ ᠬᠡᠰᠡᠭ ᠴᠠᠬᠢᠯᠭᠠᠨ ᠴᠡᠨᠡᠭ ᠲᠠᠢ ᠪᠠᠶᠢᠵᠤ 20 ᠮᠢᠨᠦ᠋ᠲ ᠤᠨ ᠲᠤᠳᠤᠷ᠎ᠠ ᠲᠡᠭᠢᠨ ᠨᠢᠬᠡ ᠶᠢ ᠰᠤᠯᠢᠵᠤ ᠤᠯᠠᠷᠢᠭᠤᠯᠳᠠᠭ ᠪᠤᠯᠬᠤᠷ ᠪᠡᠯᠴᠢᠬᠡᠷ ᠢᠶᠠᠨ ᠪᠦᠲᠦᠨ ᠨᠢᠬᠡ ᠡᠷᠬᠢᠵᠤ ᠦᠵᠡᠬᠦ ᠳᠤ ᠠᠰᠠᠭᠤᠳᠠᠯ  ᠦᠭᠡᠢ ᠠᠵᠢ᠃        ᠪᠠᠭ᠎ᠠ ᠦᠳᠡ ᠶᠢᠨ ᠦᠶ᠎ᠡ ᠳᠤ ᠤᠶᠤᠨᠪᠢᠯᠢᠭ᠌ ᠵᠢᠯᠤᠭᠤᠴᠢ ᠦᠭᠡᠢ ᠨᠢᠰᠬᠡᠯ ᠢᠶᠠᠷ ᠢᠶᠠᠨ ᠬᠡᠷ ᠤᠨ ᠢᠶᠠᠨ ᠤᠷᠢᠳᠤ  ᠪᠠᠯᠠᠷ ᠮᠠᠩᠬ᠎ᠠ ᠶᠢ ᠡᠷᠭᠢᠨ ᠦᠵᠡᠵᠤ ᠠᠯᠢ ᠵᠢᠰᠦᠮ ᠤᠨ ᠦᠬᠡᠷ ᠤᠨ ᠬᠠᠮᠢᠭ᠎ᠠ ᠪᠠᠶᠢᠭ᠎ᠠ ᠵᠢᠴᠢ ᠲᠤᠭ᠎ᠠ ᠲᠤᠯᠤᠭᠠᠢ ᠨᠢ  ᠪᠦᠷᠢᠨ ᠪᠠᠶᠢᠬᠤ ᠶᠢ ᠤᠨᠤᠪᠴᠢᠲᠠᠢ ᠬᠠᠷᠠᠵᠤ ᠰᠠᠨᠠᠭ᠎ᠠ ᠨᠢ ᠠᠮᠠᠷᠠᠯ᠎ᠠ᠃ ᠲᠡᠷᠡ ᠰᠤᠷᠪᠤᠯᠵᠢᠯᠠᠭᠴᠢ ᠳᠤ᠄ ︽ᠡᠮᠦᠨ᠎ᠡ ᠵᠢᠯ ᠤᠳ ᠲᠤ ᠮᠠᠨ ᠤ ᠬᠢᠨ ᠦᠬᠡᠷ ᠢᠶᠠᠨ ᠠᠯᠳᠠᠪᠠᠯ ᠬᠡᠳᠦᠨ ᠡᠳᠦᠷ ᠪᠤᠯᠳᠠᠭ ᠴᠤ ᠪᠠᠶᠢᠭᠰᠠᠨ᠂ ᠢᠡᠭᠭᠢᠭᠡᠳ ᠯᠠ  ᠶᠠᠪᠠᠭᠠᠨ ᠨᠢᠴᠦᠬᠦᠨ᠂ ᠮᠤᠷᠢ ᠤᠨᠤᠭ᠎ᠠ᠂ ᠮᠤᠲ᠋ᠤᠷ ᠢᠶᠠᠷ ᠪᠠᠯᠠᠷ ᠤᠨ ᠴᠤᠭᠤᠷᠬᠠᠢ᠂ ᠮᠠᠩᠬᠠᠨ ᠬᠦᠮᠦᠬᠡᠢ ᠶᠢ ᠲᠤᠭᠤᠯᠵᠤ ᠶᠤᠰᠤᠲᠠᠢ ᠲᠠᠮᠤ ᠪᠠᠨ ᠦᠵᠡᠵᠤ ᠪᠠᠶᠢᠭᠰᠠᠨ᠂ ᠤᠳᠤ ᠬᠡᠷ ᠤᠨ ᠢᠶᠠᠨ ᠡᠬᠦᠳᠡᠨ ᠳᠤ ᠵᠤᠭᠰᠤᠵᠦ ᠪᠠᠶᠢᠭᠠᠳ ᠦᠬᠡᠷ ᠢᠶᠠᠨ ᠠᠭᠠᠷ ᠠᠴᠠ ᠬᠠᠷᠠᠳᠠᠭ ᠪᠤᠯᠤᠭᠰᠠᠨ ᠨᠢ ᠶᠡᠭᠡ ᠲᠦᠬᠦᠮ ᠪᠤᠯᠤᠯ᠎ᠠ᠃ ᠡᠭᠦᠨ ᠤ ᠬᠠᠮᠲᠤ ᠬᠠᠪᠤᠷ ᠤᠨ ᠬᠡᠴᠡᠬᠦᠦ ᠴᠠᠭ ᠲᠤ ᠵᠠᠷᠢᠮ ᠦᠬᠡᠷ ᠲᠡᠶᠢᠵᠤ ᠤᠨᠠᠭᠠᠳ᠂ ᠲᠡᠭᠦᠨ ᠢ ᠨᠢ ᠤᠯᠵᠤ ᠪᠤᠰᠬᠠᠨ᠂ ᠲᠡᠵᠢᠬᠡᠬᠦ ᠦᠭᠡᠢ ᠪᠤᠯ ᠬᠡᠳᠦᠨ ᠡᠳᠦᠷ ᠲᠤ ᠦᠬᠦᠴᠢᠬᠡᠳᠡᠭ᠂ ᠵᠢᠯᠤᠭᠤᠴᠢ ᠦᠭᠡᠢ ᠨᠢᠰᠬᠡᠯ ᠲᠠᠢ ᠪᠤᠯᠤᠭᠰᠠᠨ ᠬᠤᠶᠢᠨ᠎ᠠ ᠴᠠᠭ ᠲᠠᠷᠤᠢ ᠳᠤᠨᠢ ᠤᠯᠤᠭᠠᠳ ᠦᠵᠡᠴᠢᠬᠡᠳᠡᠭ ᠪᠤᠯᠬᠤᠷ ᠦᠡᠭᠬᠡᠷᠡᠭᠰᠡᠨ ᠤ ᠲᠠᠶᠢᠮᠤ ᠶᠠᠪᠤᠳᠠᠯ ᠭᠠᠷᠬᠤ ᠠᠴᠠ ᠵᠠᠶᠢᠯᠠᠰᠬᠢᠵᠤ ᠴᠢᠳᠠᠯ᠎ᠠ︾ ᠬᠡᠮᠡᠨ ᠪᠠᠶᠠᠷᠲᠠᠶᠢᠬᠠᠨ ᠶᠠᠷᠢᠵᠤ ᠪᠠᠶᠢᠯ᠎ᠠ᠃       ᠵᠢᠯᠤᠭᠤᠴᠢ ᠦᠭᠡᠢ ᠨᠢᠰᠬᠡᠯ ᠨᠢ ᠮᠠᠯᠴᠢᠳ ᠲᠤ ᠡᠶᠢᠮᠤ ᠶᠡᠭᠡ ᠲᠤᠰᠠ ᠪᠤᠯᠵᠤ ᠪᠠᠶᠢᠭ᠎ᠠ ᠰᠤᠷᠠᠭ ᠠᠮᠠ ᠠᠴᠠ  ᠠᠮᠠ ᠳᠠᠮᠵᠢᠭᠳᠠᠨ ᠶᠠᠷᠢᠭᠳᠠᠬᠤ ᠳᠤ ᠨᠡᠩ ᠤᠯᠠᠨ ᠬᠦᠮᠦᠨ ᠡᠭᠦᠨ ᠢ ᠠᠪᠴᠤ ᠮᠠᠯᠵᠢᠬᠤ ᠦᠢᠯᠡᠳᠪᠦᠷᠢᠯᠡᠯ  ᠲᠡᠭᠡᠷ᠎ᠡ ᠪᠠᠨ ᠠᠰᠢᠭᠯᠠᠵᠤ ᠬᠦᠳᠡᠯᠮᠦᠷᠢ ᠬᠦᠴᠦ᠂ ᠴᠠᠭ ᠤᠨ ᠲᠠᠯ᠎ᠠ ᠪᠠᠷ ᠭᠠᠮᠲᠠᠢ ᠪᠤᠯᠤᠭᠰᠠᠨ ᠪᠦᠭᠡᠳ ᠡᠭᠦᠨ ᠠᠴᠠ ᠰᠡᠲᠡᠯᠲᠡ ᠠᠪᠴᠤ ᠵᠢᠯᠤᠭᠤᠴᠢ ᠦᠭᠡᠢ ᠨᠢᠰᠬᠡᠯ ᠢ ᠲᠠᠷᠢᠶᠠᠯᠠᠩ ᠳᠤ ᠠᠰᠢᠭᠯᠠᠵᠤ ᠡᠬᠢᠯᠡᠭᠰᠡᠨ ᠪᠠᠶᠢᠨ᠎ᠠ᠃          ᠰᠦᠯᠳᠡ ᠰᠤᠮᠤᠨ ᠤ ᠲᠡᠯ᠎ᠠ ᠶᠢᠨ ᠤᠰᠤ ᠭᠠᠴᠠᠭᠠᠨ ᠤ ᠮᠠᠯᠴᠢᠨ ᠬᠤᠷᠸ᠎ᠠ ᠦᠪᠦᠷ ᠮᠤᠩᠭᠤᠯ ᠤᠨ ᠶᠡᠭᠡ ᠰᠤᠷᠭᠠᠭᠤᠯᠢ ᠠᠴᠠ ᠲᠡᠭᠦᠰᠦᠭᠡᠳ ᠨᠤᠲᠤᠭ ᠲᠠᠭᠠᠨ ᠪᠤᠴᠠᠵᠤ ᠰᠢᠨ᠎ᠡ ᠴᠠᠭ ᠤᠨ ᠵᠠᠯᠠᠭᠤ ᠮᠠᠯᠴᠢᠨ  ᠪᠤᠯᠤᠭᠠᠳ ᠬᠡᠳᠦᠨ ᠵᠢᠯ ᠪᠤᠯᠵᠤ ᠪᠤᠢ᠃ ᠲᠡᠷᠡ ᠵᠢᠯᠤᠭᠤᠴᠢ ᠦᠭᠡᠢ ᠨᠢᠰᠬᠡᠯ ᠢ ᠠᠩᠬ᠎ᠠ 2015 ᠤᠨ ᠳᠤ ᠠᠪᠴᠢᠷᠠᠵᠤ ᠮᠠᠯ ᠬᠠᠷᠠᠳᠠᠭ ᠪᠠᠶᠢᠭᠰᠠᠨ ᠢᠶᠠᠨ 2018 ᠤᠨ ᠳᠤ 3 ᠰᠠᠭᠤᠷᠢ ᠲᠠᠷᠢᠶᠠᠨ ᠳᠤ ᠡᠮ ᠰᠦᠷᠴᠢᠳᠡᠭ  ᠵᠢᠯᠤᠭᠤᠴᠢ ᠦᠭᠡᠢ ᠨᠢᠰᠬᠡᠯ ᠬᠤᠳᠠᠯᠳᠤᠨ ᠠᠪᠤᠭᠰᠠᠨ ᠪᠠᠶᠢᠨ᠎ᠠ᠃ ᠬᠡᠪᠡᠴᠤ ᠡᠨᠡ ᠭᠤᠷᠪᠠᠨ ᠰᠠᠭᠤᠷᠢ ᠨᠢᠰᠬᠡᠯ ᠨᠢ  ᠵᠠᠷᠢᠮ ᠳᠠᠭᠠᠨ ᠬᠡᠷᠡᠭᠴᠡᠭᠡ ᠶᠢ ᠨᠢ ᠬᠠᠨᠭ᠍ᠭᠠᠵᠤ ᠲᠡᠶᠢᠯᠬᠦ ᠦᠭᠡᠢ ᠪᠤᠯᠬᠤᠷ ᠨᠢᠬᠡ ᠶᠢ ᠨᠢ ᠪᠤᠰᠤᠳ ᠲᠤ ᠬᠤᠳᠠᠯᠳᠤᠭᠠᠳ ᠨᠦᠬᠦᠭᠡ ᠬᠤᠶᠠᠷ ᠢ ᠨᠢ ᠦᠯᠡᠳᠡᠬᠡᠵᠤ ᠬᠡᠰᠡᠭ ᠦᠶ᠎ᠡ ᠳᠡᠭᠡᠨ ᠬᠡᠷᠡᠭᠯᠡᠵᠤ ᠪᠠᠶᠢᠪᠠ᠃ ᠡᠨᠡ ᠵᠢᠯ ᠲᠡᠷᠡ ᠪᠤᠰᠤᠳ ᠲᠠᠢ  ᠬᠠᠮᠲᠤᠷᠠᠨ ᠬᠡᠷᠡᠭᠴᠡᠭᠡ ᠴᠢᠳᠠᠪᠤᠷᠢ ᠨᠢ ᠨᠡᠩ ᠰᠠᠶᠢᠨ ᠨᠢᠰᠬᠡᠯ ᠢ 6 ᠲᠦᠮᠡᠨ ᠲᠦᠬᠦᠷᠢᠭ ᠢᠶᠠᠷ ᠬᠤᠳᠠᠯᠳᠤᠨ ᠠᠪᠴᠢᠷᠠᠯ᠎ᠠ᠃          ᠬᠤᠷᠸ᠎ᠠ ᠶᠢᠨ ᠲᠠᠨᠢᠯᠴᠠᠭᠤᠯᠬᠤ ᠪᠠᠷ ᠡᠨᠡ ᠬᠦ ᠵᠢᠯᠤᠭᠤᠴᠢ ᠦᠭᠡᠢ ᠨᠢᠰᠬᠡᠯ ᠨᠢ 20 ᠵᠢᠩ ᠤᠨ ᠲᠠᠷᠢᠶᠠᠨ ᠡᠮ ᠢ  ᠰᠠᠪᠠᠯᠠᠭᠠᠳ ᠨᠢᠰᠴᠤ ᠲᠡᠶᠢᠯᠬᠦ ᠪᠦᠭᠡᠳ ᠨᠢᠬᠡ ᠤᠳᠠᠭ᠎ᠠ ᠨᠢᠰᠬᠦ ᠳᠤ 7 — 8 ᠮᠦ ᠲᠠᠷᠢᠶᠠᠨ ᠳᠤ ᠡᠮ ᠰᠦᠷᠴᠢᠬᠦ  ᠠᠵᠢᠯ ᠢ ᠬᠦᠢᠴᠡᠳᠬᠡᠵᠤ ᠳᠡᠶᠢᠯᠳᠡᠭ᠃ ᠴᠠᠬᠢᠯᠭᠠᠨ ᠴᠡᠨᠡᠭ ᠨᠢ 8 ᠬᠡᠰᠡᠭ ᠪᠠᠶᠢᠵᠤ᠂ ᠨᠢᠬᠡ ᠬᠡᠰᠡᠭ ᠨᠢ ᠠᠷᠪᠠᠭᠠᠳ  ᠮᠢᠨᠦ᠋ᠲ ᠨᠢᠰᠬᠡᠳᠡᠭ ᠪᠤᠯᠬᠤᠷ ᠨᠢᠬᠡ ᠴᠠᠭ ᠲᠤ 50 ᠮᠦ ᠭᠠᠵᠠᠷ ᠲᠤ ᠠᠵᠢᠯᠯᠠᠵᠤ ᠴᠢᠳᠠᠳᠠᠭ ᠠᠵᠢ᠃ ᠡᠭᠦᠨ ᠢ  ᠬᠠᠷᠢᠴᠠᠭᠤᠯᠵᠤ ᠦᠵᠡᠪᠡᠯ ᠵᠢᠯᠤᠭᠤᠴᠢ ᠦᠭᠡᠢ ᠨᠢᠰᠬᠡᠯ ᠨᠢ ᠢᠵᠢᠯᠢ ᠴᠠᠭ᠂ ᠢᠵᠢᠯᠢ ᠤᠷᠤᠨ ᠳᠤ ᠪᠠᠷᠤᠭ 40 ᠬᠦᠮᠦᠨ ᠤ ᠬᠦᠴᠦ ᠪᠠ 5 ᠲᠷᠠᠺᠲ᠋ᠤᠷ ᠤᠨ ᠠᠵᠢᠯᠯᠠᠬᠤ ᠴᠢᠳᠠᠪᠤᠷᠢ ᠲᠠᠢ ᠲᠡᠩᠴᠡᠨ᠎ᠡ᠃          ︽ᠤᠳᠤ ᠤᠳᠠᠯ ᠦᠭᠡᠢ ᠲᠠᠷᠢᠶᠠᠨ ᠡᠪᠡᠰᠦ ᠠᠷᠢᠯᠭᠠᠬᠤ ᠴᠠᠭ ᠪᠤᠯᠴᠢᠬᠠᠨ᠎ᠠ᠂ ᠲᠡᠭᠡᠪᠡᠯ ᠮᠠᠨ ᠤ ᠡᠨᠡ  ᠵᠢᠯᠤᠭᠤᠴᠢ ᠦᠭᠡᠢ ᠨᠢᠰᠬᠡᠯ ᠡᠨᠡ ᠵᠢᠯ ᠪᠠᠷᠤᠭ 3000 ᠮᠦ ᠲᠠᠷᠢᠶᠠᠨ ᠳᠤ ᠠᠵᠢᠯ ᠬᠢᠨ᠎ᠡ᠃ ᠡᠭᠦᠨ ᠠᠴᠠ ᠭᠠᠳᠠᠨ᠎ᠠ  ᠵᠤᠨ ᠴᠠᠭ ᠬᠤᠷᠤᠬᠠᠢ ᠶᠢᠨ ᠭᠠᠮᠰᠢᠭ ᠢᠷᠡᠪᠡᠯ ᠬᠤᠷᠤᠬᠠᠢ ᠠᠷᠢᠯᠭᠠᠬᠤ ᠠᠵᠢᠯ ᠬᠢᠨ᠎ᠡ᠃ ᠵᠢᠯᠤᠭᠤᠴᠢ ᠦᠭᠡᠢ  ᠨᠢᠰᠬᠡᠯ ᠤᠨ ᠬᠦᠴᠦ ᠴᠢᠳᠠᠯ ᠨᠢ ᠡᠳᠦ᠋ᠢᠬᠡᠨ ᠢᠶᠠᠷ ᠵᠤᠭᠰᠤᠬᠤ ᠦᠭᠡᠢ᠂ ᠬᠤᠵᠢᠮ ᠪᠠᠰᠠ ᠮᠠᠯ ᠲᠠᠷᠢᠶᠠᠯᠠᠩ ᠲᠡᠭᠡᠷ᠎ᠡ ᠡᠯᠳᠡᠪ ᠬᠡᠷᠡᠭᠴᠡᠭᠡ ᠪᠠᠷ ᠠᠰᠢᠭᠯᠠᠭᠳᠠᠬᠤ ᠪᠤᠯᠤᠮᠵᠢ ᠲᠠᠢ᠃ ᠢᠡᠭᠭᠢᠭᠦᠯᠡᠷ ᠪᠢᠳᠠ ᠰᠢᠨ᠎ᠡ ᠴᠠᠭ ᠤᠨ ᠮᠠᠯᠴᠢᠨ ᠪᠤᠯᠤᠭᠰᠠᠨ ᠤ ᠬᠤᠪᠢ ᠳᠤ ᠡᠭᠦᠨ ᠢ ᠪᠠᠨ ᠢᠮᠠᠭᠲᠠ ᠲᠡᠬᠦᠯᠳᠡᠷᠵᠢᠬᠦᠯᠵᠤ᠂ ᠰᠢᠨᠵᠢᠯᠡᠭᠡ ᠮᠡᠷᠬᠡᠵᠢᠯ ᠤᠨ ᠲᠦᠬᠦᠮ ᠲᠦᠳᠡ ᠶᠢ ᠠᠰᠢᠭᠯᠠᠵᠤ᠂ ᠭᠠᠭᠴᠠ ᠬᠤᠶᠠᠷ ᠠᠶᠢᠯ ᠡᠷᠦᠬᠡ ᠪᠢᠰᠢ ᠬᠠᠷᠢᠨ ᠪᠦᠬᠦ ᠭᠠᠴᠠᠭ᠎ᠠ ᠰᠤᠮᠤ ᠶᠢᠨ ᠮᠠᠯᠴᠢᠳ ᠡᠭᠦᠨ ᠠᠴᠠ ᠠᠰᠢᠭ ᠬᠦᠷᠳᠡᠵᠤ᠂ ᠴᠢᠨᠡᠬᠡᠯᠢᠭ ᠨᠡᠶᠢᠬᠡᠮ ᠳᠤ ᠬᠠᠮᠲᠤ ᠪᠠᠷ ᠲᠠᠪᠰᠢᠨ ᠤᠷᠤᠬᠤ ᠨᠢ ᠵᠦᠢᠲᠡᠢ︾ ᠬᠡᠮᠡᠨ  ᠬᠤᠷᠸ᠎ᠠ ᠰᠤᠷᠪᠤᠯᠵᠢᠯᠠᠭᠴᠢ ᠳᠤ ᠶᠠᠷᠢᠯ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号