ᠡᠭᠡ ᠤᠯᠤᠰ ᠲᠠᠢ ᠪᠠᠨ ᠬᠠᠮᠳᠤ ᠦᠰᠤᠨ ᠪᠤᠶᠢᠵᠢᠭᠰᠠᠨ ︽ᠴᠡᠴᠡᠷᠯᠢᠭᠴᠢ︾
ᠨᠡᠶᠢᠲᠡᠯᠡᠭᠰᠡᠨ ᠴᠠᠭ᠄
2019-07-01
     ᠡᠭᠡ ᠤᠯᠤᠰ ᠲᠠᠢ ᠪᠠᠨ ᠬᠠᠮᠳᠤ ᠦᠰᠤᠨ ᠪᠤᠶᠢᠵᠢᠭᠰᠠᠨ ︽ᠴᠡᠴᠡᠷᠯᠢᠭᠴᠢ︾                                  — ᠠᠬᠠᠮᠠᠳ ᠨᠠᠮ ᠤᠨ ᠭᠡᠰᠢᠭᠦᠨ ᠤᠷᠳᠤᠨᠠᠰᠤᠨ ᠪᠠᠭᠰᠢ ᠶᠢ ᠳᠡᠮᠳᠡᠭᠯᠡᠪᠡ            ᠤᠯᠤᠰ ᠪᠠᠶᠢᠭᠤᠯᠤᠠᠠᠳ᠋ᠬᠠᠰᠠᠠ 70 ᠵᠢᠯ ᠤᠨ ᠤᠢ ᠶᠢ ᠳᠤᠷᠡᠰᠬᠠᠨ ᠳᠡᠮᠳᠡᠭᠯᠡᠬᠦ ᠶᠢᠨ ᠳᠠᠰᠢᠷᠠᠮ ᠳᠤ ᠤᠳᠠᠭᠠᠨ ᠵᠢᠯ ᠪᠠᠭᠰᠢ ᠶᠢᠨ ᠠᠵᠢᠯ ᠢ ᠬᠢᠭᠰᠡᠠ ᠤᠷᠳᠤᠨᠠᠰᠤᠨ ᠪᠠᠭᠰᠢ ᠶᠢ ᠰᠤᠷᠪᠤᠯᠵᠢᠯᠠᠬᠤ ᠪᠠᠷ ᠭᠡᠷ ᠲᠤᠨᠢ ᠬᠦᠷᠪᠡ᠃ ᠪᠢᠳᠡ ᠨᠢᠭᠡ ᠪᠠᠶᠢᠭᠤᠯᠭ᠎ᠠ ᠳᠤ ᠤᠳᠠᠭᠠᠨ ᠵᠢᠯ ᠬᠠᠮᠳᠤ ᠠᠵᠢᠯᠯᠬᠠᠰᠠᠠ ᠬᠠᠭᠤᠴᠢᠨ ᠳᠠᠨᠢᠯ ᠳᠤᠯᠠ ᠠᠮᠤᠷ ᠮᠡᠡᠳᠤ ᠪᠠᠨ ᠠᠰᠠᠭᠤᠯᠴᠠᠨ ᠰᠤᠷᠪᠤᠯᠵᠢᠯᠠᠭ᠎ᠠ ᠪᠠᠨ ᠰᠢᠭᠤᠤᠨ ᠡᠬᠢᠯᠡᠬᠦᠯᠪᠡ᠃            — ᠳᠠ ᠦᠪᠡᠷ ᠤᠨ ᠦᠰᠤᠨ ᠪᠤᠶᠢᠵᠢᠠᠠᠰᠠᠠ ᠦᠡᠭᠭᠡᠷᠡᠯᠳᠡ ᠪᠠᠷ ᠢᠶᠠᠨ ᠡᠬᠡ ᠤᠯᠤᠰ ᠤᠨ 70 ᠵᠢᠯ ᠤᠨ ᠬᠦᠭᠵᠢᠯ ᠬᠤᠪᠢᠷᠡᠯ ᠢ ᠭᠡᠯᠡᠭᠡᠤᠨ ᠦᠭᠬᠦᠨ᠎ᠠ ᠤᠤ︖            — ᠨᠠᠮ ᠎ᠠ ᠶᠢ ᠡᠶᠢᠮᠤ ᠰᠠᠳᠤᠪ ᠢᠶᠠᠷ ᠰᠤᠷᠪᠤᠯᠵᠢᠯᠠᠬᠤ ᠳᠤ ᠡᠪᠤᠭᠡᠨ ᠪᠢ ᠦᠨᠡᠭᠡᠷ ᠪᠡᠶᠡᠷᠯᠠᠵᠤ ᠪᠠᠶᠢᠨ᠎ᠠ᠃ ᠤᠴᠢᠷ ᠨᠢ ᠪᠢ ᠶᠠᠭ ᠡᠬᠡ ᠤᠯᠣᠰ ᠲᠠᠢ ᠬᠠᠮᠳᠤ ᠦᠰᠤᠨ ᠪᠤᠶᠢᠵᠢᠠᠠᠰᠠᠠ ᠶᠤᠮ᠃ ᠪᠢ 1946 ᠤᠨ ᠳᠤ ᠦᠤᠰᠢᠨ ᠬᠤᠰᠢᠭᠤᠨ ᠤ ᠭᠠᠯᠠᠭᠤᠳᠤ ᠰᠤᠮᠤᠨ ᠤ ᠬᠦᠭᠡᠨᠠᠭᠤᠷ ᠪᠡᠷᠢᠭᠠᠳᠠ ᠳᠤ ᠳᠦᠷᠤᠵᠡᠢ᠃ ᠤᠯᠤᠰ ᠠᠴᠠ ᠭᠡᠤᠭᠡᠤᠨ ᠢ ᠵᠡᠪᠡᠯ ᠪᠢᠴᠢᠭ ᠦᠵᠡᠬᠦᠯᠬᠦ ᠭᠡᠷᠡᠭᠳᠡᠢ ᠭᠡᠵᠤ ᠱᠠᠭᠠᠷᠳᠠᠵᠤ ᠪᠠᠶᠢᠠᠠᠰᠠᠠ ᠳᠤᠯᠠ ᠨᠠᠮ ᠎ᠠ ᠶᠢ 7 ᠨᠠᠰᠤᠳᠡᠢ ᠪᠠᠶᠢᠬᠤ ᠳᠤ ᠭᠠᠯᠠᠭᠤᠳᠤ ᠰᠤᠮᠤᠨ ᠤ ᠬᠦᠭᠡᠨᠡᠭᠤᠷ ᠪᠡᠷᠢᠭᠠᠳᠠ ᠶᠢᠨ ᠠᠷᠡᠤᠨ ᠠᠴᠠ ᠡᠷᠬᠢᠯᠡᠭᠰᠠᠨ ᠪᠠᠭ᠎ᠠ ᠰᠤᠷᠭᠠᠭᠤᠯᠢ ᠳᠤ ᠪᠢᠴᠢᠭ ᠦᠵᠡᠬᠦᠯᠵᠡᠢ᠃ ᠳᠤᠬᠠᠢ ᠶᠢᠨ ᠦᠶ᠎ᠠ ᠳᠤ ᠰᠤᠷᠭᠠᠭᠤᠯᠢ ᠶᠢᠨ ᠤᠷᠤᠨ ᠬᠡᠷ ᠬᠡᠵᠤ ᠪᠠᠶᠢᠠᠠᠰᠠᠠ ᠦᠬᠡᠢ ᠳᠤᠯᠠ ᠯᠠᠮᠠ ᠨᠠᠷ ᠤᠨ ᠭᠡᠷ ᠢ ᠠᠰᠢᠠᠠᠯᠠᠵᠤ ᠭᠢᠴᠢᠶᠡᠯ ᠤᠨ ᠭᠡᠷ ᠪᠡ ᠰᠤᠷᠤᠠᠠᠴᠢ ᠶᠢᠨ ᠪᠠᠶᠢᠷᠢ ᠪᠤᠯᠭᠠᠵᠤ ᠪᠠᠶᠢᠯ᠎ᠠ᠃  ᠰᠤᠷᠭᠠᠭᠤᠯᠢ ᠶᠢᠨ ᠨᠦᠬᠦᠴᠠᠯ ᠪᠠᠷᠤᠬᠳᠠᠢ᠂ ᠪᠢᠳᠡ ᠰᠢᠪᠡᠷ ᠢᠶᠠᠷ ᠪᠤᠰᠬᠠᠠᠰᠠᠠ ᠰᠢᠷᠡᠭᠡ ᠰᠠᠠᠳᠠᠯᠢ ᠳᠡᠭᠡᠷ᠎ᠠ ᠰᠠᠭᠤᠵᠤ᠂ ᠡᠯᠡᠰᠤᠨ ᠳᠡᠭᠡᠷ᠎ᠠ ᠥᠰᠥᠭ ᠪᠢᠴᠢᠵᠤ ᠰᠤᠷᠴᠤ ᠪᠠᠶᠢᠯ᠎ᠠ᠃ ᠪᠠᠭᠰᠢ ᠴᠦᠭᠡᠨ ᠳᠤᠯᠠ ᠨᠢᠭᠡ ᠪᠠᠭᠰᠢ ᠪᠦᠬᠦ ᠬᠢᠴᠢᠶᠡᠯ ᠢ ᠵᠢᠭᠠᠬᠤ ᠶᠢᠨ ᠬᠠᠮᠳᠤ ᠪᠤᠳᠠᠭ᠎ᠠ ᠴᠢᠨᠠᠬᠤ᠂ ᠡᠪᠡᠤᠡᠴᠢᠯᠡᠪᠡᠯ ᠡᠮᠨᠡᠬᠦ ᠮᠡᠳᠤ ᠶᠢᠨ ᠠᠵᠢᠯ ᠢ ᠪᠦᠷ ᠬᠢᠵᠤ ᠪᠠᠶᠢᠪᠠ᠃ ᠨᠠᠳᠠ ᠬᠠᠮᠤᠭ ᠤᠨ ᠰᠠᠭᠤᠠᠠᠳᠠᠯ ᠲᠠᠢ ᠨᠢ ᠰᠤᠷᠤᠠᠠᠴᠢ ᠨᠠᠷ ᠪᠦᠮᠪᠦᠭᠡ ᠨᠠᠭᠠᠤᠡᠬᠤ ᠳᠤ ᠪᠠᠭᠰᠢ ᠭᠠᠷ ᠢᠶᠠᠨ ᠳᠤᠬᠤᠶᠢᠯᠠᠵᠤ ᠵᠤᠠᠠᠰᠤᠭᠠᠤᠨ ᠪᠢᠳᠠᠡ ᠢᠶᠠᠷ ᠪᠦᠮᠪᠦᠭᠡ ᠪᠠᠨ ᠰᠬᠠᠰᠤᠯᠠᠭᠤᠯᠬᠤ ᠶᠠᠪᠤᠳᠠᠯ ᠶᠤᠮ᠃ ᠪᠤᠷᠤᠴᠢᠯᠠᠭᠤ ᠪᠠᠭᠰᠢ ᠶᠡᠭᠡ ᠤᠷᠡᠨ ᠠᠪᠢᠶᠡᠰᠯᠢᠭ᠋ ᠮᠥᠷᠳᠡᠭᠡᠨ ᠳᠠᠭᠤᠯᠠᠬᠤ᠂ ᠪᠦᠵᠢᠭᠯᠡᠬᠦ᠂ ᠬᠤᠯᠪᠤᠭ᠎ᠠ ᠰᠢᠯᠤᠭ᠌ ᠶᠡᠷᠢᠬᠤ᠂ ᠦᠯᠢᠭᠡᠷ ᠢ ᠶᠡᠭᠡ ᠰᠠᠶᠢᠬᠠᠨ ᠶᠡᠷᠢᠳᠠᠭ ᠪᠠᠶᠢᠭᠰᠠᠨ᠂ ᠪᠠᠭᠰᠢ ᠶᠢᠨ ᠮᠢᠨᠢ ᠰᠤᠷᠭᠠᠯ ᠬᠤᠵᠢᠮ ᠤᠨ ᠠᠵᠢᠯ ᠦᠢᠯᠠᠰ ᠲᠤ ᠶᠡᠭᠡ ᠨᠦᠯᠤᠭᠡ ᠦᠵᠡᠬᠦᠯᠵᠡᠢ ᠃ ᠳᠠᠭᠡᠭᠡᠤᠨ ︽ᠮᠠᠨ ᠤ ᠤᠯᠤᠰ ᠤᠷᠤᠨ ᠢ ᠳᠠᠷᠤᠯᠠᠯ ᠮᠦᠯᠵᠢᠯ ᠠᠴᠠ ᠴᠢᠯᠤᠭᠡᠯᠠᠵᠤ᠂ ᠳᠠᠨᠠᠷ ᠢ ᠰᠤᠷᠭᠠᠭᠤᠯᠢ ᠳᠤ ᠰᠤᠷᠤᠯᠴᠠᠭᠤᠯᠤᠠᠠᠰᠠᠠ ᠨᠠᠮ ᠪᠤᠯ ᠡᠪ ᠬᠠᠮᠳᠤ ᠨᠠᠮ ᠶᠤᠮ᠃ ᠮᠠᠨ ᠤ ᠨᠠᠮ ᠮᠠᠷᠺᠰ ᠤᠨ ᠦᠵᠡᠯ ᠢᠶᠠᠷ ᠵᠢᠯᠤᠭᠤᠳᠤᠮᠵᠢ ᠪᠤᠯᠭᠠᠵᠤ᠂ ᠡᠪ ᠬᠠᠮᠳᠤ ᠨᠡᠮ ᠢ ᠡᠬᠦᠳᠤᠨ ᠪᠠᠶᠢᠭᠤᠯᠵᠤ᠂ ᠠᠷᠡᠤᠨ ᠳᠦᠮᠠᠨ ᠢ ᠤᠳᠤᠷᠢᠳᠤᠨ ᠳᠦᠷᠤ ᠶᠢᠨ ᠡᠷᠭᠡ ᠶᠢ ᠪᠤᠯᠢᠶᠡᠨ ᠰᠢᠨ᠎ᠠ ᠳᠤᠮᠳᠠᠳᠤ ᠤᠯᠤᠰ ᠪᠠᠶᠢᠭᠤᠯᠤᠬᠰᠠᠨ︾ ᠭᠡᠵᠤ ᠶᠡᠷᠢᠳᠠᠭ ᠢ ᠨᠢ ᠦᠷᠭᠦᠯᠵᠢ ᠴᠡᠭᠡᠵᠢᠯᠡᠵᠤ᠂ ᠳᠠᠪᠤᠳᠤᠭᠠᠷ ᠠᠩᠬᠢ ᠳᠡᠬᠦᠰᠬᠦ ᠳᠤ ︽ᠪᠧᠲ᠋ᠢᠶᠦ᠋ᠨ ᠢ ᠳᠤᠷᠡᠰᠬᠠᠶ᠎ᠠ︾᠂ ︽ᠠᠷᠡᠤᠨ ᠳᠦᠮᠠᠨ ᠳᠤ ᠦᠢᠯᠠᠴᠢᠯᠡᠶ᠎ᠠ︾᠂ ︽ᠮᠠᠤ ᠽᠧ ᠳ᠋ᠦᠡᠭ ᠤᠨ ᠰᠤᠩᠭᠤᠮᠠᠯ ᠵᠤᠬᠢᠶᠠᠯ︾᠂ ︽ᠯᠧᠨᠢᠨ ᠤ ᠦᠯᠢᠭᠡᠷ︾ ᠭᠡᠬᠦ ᠮᠠᠳᠤ ᠨᠤᠮ ᠢ ᠤᠡᠭᠰᠢᠵᠤ᠂ ᠬᠤᠵᠢᠮ ᠤᠯᠤᠰ ᠭᠡᠷ ᠲᠡᠭᠡᠨ ᠳᠤᠰᠠᠳᠡᠢ ᠬᠦᠮᠤᠨ ᠪᠤᠯᠤᠶ᠎ᠠ ᠭᠡᠰᠠᠠ ᠪᠤᠳᠤᠯ ᠤᠷᠤᠵᠡᠢ᠃
     ᠨᠠᠮ ᠤᠨ ᠬᠠᠶᠢᠷ᠎ᠠ ᠬᠠᠯᠠᠮᠵᠢ ᠪᠠᠷ ᠪᠢ ᠰᠤᠷᠭᠠᠭᠤᠯᠢ ᠰᠤᠶᠤᠯ ᠤᠨ ᠮᠥᠷ ᠢ ᠬᠥᠭᠡᠭᠡᠵᠤ᠂ ᠳᠤᠮᠳᠠᠳᠤ ᠰᠤᠷᠭᠠᠭᠤᠯᠢ ᠪᠠᠨ ᠠᠮᠵᠢᠯᠳᠡ ᠲᠠᠢ ᠲᠡᠭᠦᠰᠭᠡᠵᠤ᠂ ᠨᠤᠮ ᠤᠡᠭᠰᠢᠵᠤ ᠵᠤᠬᠢᠶᠡᠯ ᠪᠢᠴᠢᠬᠦ ᠳᠦᠪᠰᠢᠨ ᠲᠠᠢ ᠪᠤᠯᠤᠠᠠᠰᠠᠠ᠃ ᠮᠠᠠ ᠤ ᠬᠢᠨ ᠠᠮᠢᠳᠤᠷᠡᠯ ᠬᠦᠴᠢᠷ ᠪᠠᠶᠢᠠᠠᠰᠠᠠ ᠳᠤᠯᠠ ᠤᠯᠣᠰ ᠠᠴᠠ ᠨᠠᠳᠠ ᠳᠤ ᠰᠤᠷᠤᠯᠭ᠎ᠠ ᠶᠢᠨ ᠳᠡᠤᠡᠬᠦᠮᠵᠢ ᠶᠢᠨ ᠮᠦᠡᠭᠭᠦ ᠭᠡᠵᠤ ᠰᠠᠷ᠎ᠠ ᠪᠦᠷᠢ 6 ᠳᠦᠬᠦᠷᠢᠭ ᠦᠭᠴᠤ ᠪᠠᠶᠢᠬᠰᠠᠨ ᠮᠦᠷᠳᠡᠭᠡᠨ ᠬᠤᠪᠴᠠᠰᠤ᠂ ᠬᠦᠡᠵᠢᠯᠠ ᠳᠡᠪᠢᠰᠬᠡᠷ ᠮᠡᠳᠤ ᠶᠢᠨ ᠠᠮᠢᠳᠤᠷᠡᠯ ᠤᠨ ᠡᠳ᠋ ᠪᠠᠷᠠᠭ᠋ ᠎ᠠ ᠤᠯᠭᠤᠵᠤ ᠬᠠᠯᠠᠮᠵᠢᠯᠠᠭᠰᠠᠨ ᠠᠴᠠ ᠰᠤᠷᠭᠠᠭᠤᠯᠢ ᠳᠤ ᠪᠠᠶᠢᠠᠠᠰᠠᠠ ᠦᠶ᠎ᠠ ᠪᠠᠨ ᠮᠠᠰᠢ ᠰᠠᠶᠢᠬᠠᠨ ᠦᠡᠭᠭᠡᠷᠡᠭᠡᠵᠡᠢ᠃ 1968 ᠤᠨ ᠳᠤ ᠨᠤᠳᠤᠭ ᠲᠠᠭᠠᠨ ᠪᠤᠴᠬᠠᠰᠠᠠ ᠰᠡᠭᠡᠭᠡᠳᠡᠨ ᠢᠶᠠᠷ ᠭᠠᠯᠠᠭᠤᠳᠤ ᠰᠤᠮᠤᠨ ᠤ ᠰᠠᠷᠡᠭᠤᠯᠨᠤᠳᠤᠭ ᠪᠡᠷᠢᠭᠠᠳᠠ ᠳᠤ ᠪᠠᠭᠰᠢᠯᠠᠬᠤ ᠶᠢᠨ ᠳᠠᠭᠠᠤ ᠵᠠᠩᠭᠤᠳᠤ ᠮᠠᠯᠵᠢᠯ ᠤᠨ ᠬᠤᠷᠰᠢᠶ᠎ᠠ ᠶᠢᠨ ᠨᠢᠠᠠᠳᠠᠯᠠᠨ ᠪᠤᠳᠤᠠᠠᠴᠢ ᠶᠢᠨ ᠠᠵᠢᠯ ᠢ ᠬᠠᠪᠰᠤᠷᠭᠠᠨ ᠬᠢᠪᠠ᠃ ᠡᠯ᠎ᠠ ᠰᠤᠮᠤᠨ ᠤ ᠠᠷᠡᠤᠨ ᠠᠴᠠ ᠡᠷᠬᠢᠯᠡᠭᠰᠠᠠ ᠰᠤᠷᠭᠠᠭᠤᠯᠢ ᠶᠢᠨ ᠵᠡᠷᠢᠮ ᠢ ᠨᠢ ᠤᠯᠤᠰ ᠠᠴᠠ ᠡᠷᠬᠢᠯᠡᠭᠰᠠᠠ ᠰᠤᠷᠭᠠᠭᠤᠯᠢ ᠪᠤᠯᠭᠠᠠᠠᠰᠠᠠ ᠳᠤᠯᠠ ᠮᠠᠨᠤᠰ ᠤᠨ ᠦᠶ᠎ᠠ ᠶᠢ ᠪᠤᠳᠤᠪᠡᠯ ᠨᠦᠬᠦᠴᠠᠯ ᠶᠡᠭᠡ ᠰᠠᠶᠢᠨ ᠪᠤᠯᠵᠡᠢ᠃ 1977 ᠤᠨ ᠳᠤ ᠤᠯᠤᠰ ᠤᠨ ᠰᠢᠯᠭᠠᠯᠳᠠ ᠶᠢ ᠰᠠᠷᠬᠦᠬᠡᠬᠦ ᠳᠦᠷᠤ ᠶᠢᠨ ᠪᠤᠳᠤᠯᠭ᠎ᠠ ᠶᠢ ᠭᠡᠷᠡᠭᠵᠢᠬᠦᠯᠤᠭ᠍ᠰᠠᠠ ᠠᠵᠠ ᠳᠤᠬᠢᠶᠠᠯ ᠢᠶᠠᠷ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭᠤᠯ ᠬᠡᠯᠠᠨ ᠤ ᠰᠠᠯᠪᠤᠷᠢ ᠳᠤ ᠰᠢᠯᠭᠠᠠᠳᠠᠠ ᠳᠦᠷᠪᠡᠨ ᠵᠢᠯ ᠰᠤᠷᠤᠯᠴᠠᠭᠠᠤᠨ᠂ ᠥᠯᠥᠭᠡᠢ ᠨᠤᠳᠤᠭ ᠲᠠᠭᠠᠨ ᠬᠥᠴᠥ ᠪᠠᠨ ᠵᠤᠷᠢᠭᠤᠯᠬᠤ ᠪᠠᠷ ᠤᠯᠵᠠ ᠤᠮᠤᠭ ᠲᠠᠢ ᠬᠠᠷᠢᠵᠤ ᠢᠷᠡᠯ᠎ᠠ ᠃            — ᠳᠠ ᠰᠤᠷᠭᠠᠨ ᠬᠥᠮᠥᠵᠢᠯ ᠤᠨ ᠠᠵᠢᠯ ᠳᠡᠭᠡᠷ᠎ᠠ ᠬᠡᠷᠬᠢᠨ ᠴᠢᠷᠮᠠᠶᠢᠨ ᠠᠵᠢᠯᠯᠠᠭᠰᠠᠨ ᠪᠤᠢ︖            — 1982 ᠤᠨ ᠳᠤ ᠶᠡᠭᠡ ᠰᠤᠷᠭᠠᠭᠤᠯᠢ ᠠᠴᠠ ᠳᠠᠬᠦᠰᠴᠤ ᠢᠷᠡᠬᠦ ᠳᠤ ᠵᠤᠬᠢᠶᠡᠨ ᠪᠠᠶᠢᠭᠤᠯᠤᠯᠳᠡ ᠠᠴᠠ ᠨᠠᠮ ᠎ᠠ ᠶᠢ ᠦᠤᠰᠢᠨ ᠬᠤᠰᠢᠭᠤᠨ ᠤ ᠮᠤᠩᠭᠤᠯ ᠦᠡᠳᠤᠰᠤᠳᠡᠨ ᠤ ᠳᠤᠮᠳᠠᠳᠤ ᠰᠤᠷᠭᠠᠭᠤᠯᠢ ᠳᠤ ᠠᠵᠢᠯ ᠳᠤᠬᠢᠷᠡᠭᠤᠯᠵᠤ᠂ ᠰᠤᠷᠭᠠᠨ ᠬᠥᠮᠥᠵᠢᠯ ᠤᠨ ᠥᠢᠯᠡᠰ ᠲᠤ ᠵᠢᠳᠬᠦᠬᠦ ᠵᠠᠮ ᠵᠥᠭ ᠳᠠᠭᠠᠭᠤᠯᠪᠠ᠃ ᠳᠡᠭᠦᠨ ᠠᠴᠠ ᠬᠤᠶᠢᠰᠢ ᠦᠤᠰᠢᠨ ᠬᠤᠰᠢᠭᠤᠨ ᠤ ᠨᠠᠮ ᠤᠨ ᠰᠤᠷᠭᠠᠭᠤᠯᠢ ᠳᠤ ᠠᠵᠢᠯ ᠰᠢᠯᠵᠢᠵᠤ ᠶᠠᠪᠤᠭᠰᠠᠨ ᠴᠤ ᠰᠤᠷᠭᠠᠨ ᠬᠥᠮᠥᠵᠢᠯ ᠤᠨ ᠥᠢᠯᠡᠰ ᠲᠤ ᠥᠪᠡᠷ ᠤᠨ ᠬᠥᠴᠤ ᠪᠠᠨ ᠡᠷᠭᠦᠬᠦ ᠢᠳᠡᠭᠡᠯ ᠵᠤᠷᠢᠭ ᠢᠶᠠᠨ ᠡᠪᠤᠷᠯᠡᠨ ᠴᠢᠷᠮᠠᠶᠢᠭᠰᠠᠭᠠᠷ ᠢᠷᠡᠭᠰᠡᠨ ᠪᠢᠯᠡ᠃ ᠨᠠᠮ ᠤᠨ ᠰᠤᠷᠭᠠᠭᠤᠯᠢ ᠳᠤ ᠠᠵᠢᠯᠯᠠᠵᠤ ᠪᠠᠶᠢᠬᠤ ᠬᠤᠭᠤᠴᠠᠭᠠᠨ ᠳᠤ ᠡᠯ᠎ᠠ ᠲᠥᠷᠥᠯ ᠤᠨ ᠬᠢᠴᠢᠶᠡᠯᠯᠡᠭᠡ ᠵᠢᠭᠠᠨ ᠰᠤᠷᠭᠠᠯᠳᠠ ᠶᠢ ᠢᠳᠡᠪᠬᠢᠳᠡᠢ ᠡᠷᠬᠢᠯᠡᠵᠤ᠂ ᠨᠠᠮ ᠤᠨ ᠳᠤᠬᠠᠢ ᠬᠥᠮᠥᠵᠢᠯ ᠮᠡᠳᠡᠯᠭᠡ ᠶᠢ ᠤᠯᠠᠮᠵᠢᠯᠠᠭᠰᠠᠨ ᠢᠶᠠᠷ ᠪᠠᠷᠠᠬᠤ ᠥᠭᠡᠢ᠂ ᠨᠠᠮ ᠤᠨ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠢ ᠡᠮᠬᠢᠳᠬᠡᠨ ᠨᠠᠶᠢᠷᠡᠭᠤᠯᠬᠤ ᠠᠵᠢᠯ ᠳᠤ ᠤᠷᠤᠯᠴᠠᠨ᠂ ᠨᠠᠮ ᠤᠨ ᠰᠤᠷᠭᠠᠭᠤᠯᠢ ᠶᠢᠨ ᠵᠢᠭᠠᠨ ᠰᠤᠷᠭᠠᠯᠳᠠ ᠶᠢ ᠰᠠᠶᠢᠵᠢᠷᠠᠭᠤᠯᠬᠤ ᠳᠤ ᠨᠡᠮᠡᠷᠢ ᠥᠵᠡᠭᠦᠯᠵᠤ᠂ ᠮᠤᠩᠭᠤᠯ᠂ ᠬᠢᠳᠡᠤᠨ ᠬᠤᠶᠡᠷ ᠭᠡᠯᠠ ᠪᠠᠷ ᠤᠷᠢᠳ ᠬᠤᠵᠢᠳ 150 ᠭᠠᠷᠤᠢ ᠦᠬᠦᠯᠠᠯ ᠪᠢᠴᠢᠵᠤ ᠤᠯᠤᠰ᠂ ᠤᠷᠤᠨ᠂ ᠠᠶᠢᠮᠠᠭ ᠤᠨ ᠰᠤᠨᠢᠨ ᠰᠠᠤᠡᠬᠦᠯ ᠳᠤ ᠨᠡᠶᠢᠳᠡᠯᠡᠭᠰᠡᠨ ᠠᠴᠠ᠂ ᠳᠡᠭᠡᠳᠤ ᠯᠧᠺᠲ᠋ᠤᠷ ᠴᠤᠯᠠ ᠬᠠᠮᠠᠭᠠᠯᠡᠪᠡ᠃ 2014 ᠣᠨ ᠳᠤ ︽ᠬᠠᠷᠭᠤᠢ︾ ᠭᠡᠰᠠᠠ ᠤᠯᠤᠰ ᠳᠦᠷᠤ ᠶᠢᠨ ᠦᠬᠦᠯᠠᠯ ᠤᠨ ᠳᠡᠬᠦᠪᠤᠷᠢ ᠪᠠᠨ ᠭᠡᠪᠯᠡᠬᠦᠯᠵᠤ᠂ ︽ᠦᠤᠰᠢᠨ ᠬᠤᠰᠢᠭᠤᠨ ᠤ ᠨᠠᠮ ᠤᠨ ᠰᠤᠷᠭᠠᠭᠤᠯᠢ ᠶᠢᠨ ᠳᠤᠪᠴᠢ ᠳᠡᠤᠭᠡ︾ ᠭᠡᠰᠠᠠ ᠦᠬᠦᠯᠠᠯ ᠮᠠᠨᠢ ︽ᠳᠤᠮᠳᠠᠳᠤ ᠤᠯᠤᠰ ᠤᠨ ᠨᠠᠮ ᠤᠨ ᠰᠤᠷᠭᠠᠭᠤᠯᠢ ᠶᠢᠨ ᠳᠤᠪᠴᠢ ᠳᠡᠤᠭᠡ︾ ᠭᠡᠰᠠᠨ ᠨᠤᠮ ᠳᠤ ᠳᠡᠤᠭᠡ ᠶᠢᠨ ᠪᠢᠴᠢᠭ ᠮᠠᠲ᠋ᠧᠷᠢᠶᠡᠯ ᠪᠤᠯᠵᠤ ᠬᠠᠳᠠᠭᠠᠯᠠᠬᠳ᠋ᠬᠠᠰᠠᠠ ᠪᠠᠶᠢᠨ᠎ᠠ᠃ ᠤᠳᠤ ᠠᠵᠢᠯ ᠠᠴᠠ ᠪᠠᠨ ᠠᠮᠠᠷᠠᠭᠰᠠᠨ ᠪᠤᠯᠪᠠᠴᠤ ᠰᠤᠷᠭᠠᠨ ᠬᠦᠮᠦᠵᠢᠭᠦᠯᠬᠦ ᠠᠵᠢᠯ ᠢᠶᠠᠨ ᠦᠷᠬᠦᠯᠵᠢᠯᠠᠨ ᠬᠢᠭᠰᠡᠭᠡᠷ᠃ ᠳᠡᠷᠤᠢ ᠬᠤᠶᠢᠴᠢ ᠦᠶ᠎ᠠ ᠶᠢ ᠬᠠᠯᠠᠮᠵᠢᠯᠠᠬᠤ ᠵᠦᠪᠯᠠᠯ ᠳᠤ ᠤᠷᠢᠠᠠᠳᠠᠨ ᠵᠤᠬᠢᠬᠤ ᠬᠤᠭᠤᠴᠠᠭᠠᠨ ᠳᠤ ᠪᠠᠭᠠᠴᠤᠤᠨ ᠭᠡᠤᠭᠡᠤᠨ ᠲᠤ ᠦᠵᠡᠯ ᠰᠠᠨᠠᠭ᠎ᠠ ᠶᠤᠰᠤ ᠮᠤᠷᠡᠯ ᠤᠨ ᠬᠢᠴᠢᠶᠡᠯ ᠤᠷᠤᠳᠠᠭ᠃            — ᠳᠠ ᠬᠤᠶᠢᠴᠢ ᠥᠶ᠎ᠠ ᠳᠡᠭᠡᠨ ᠶᠠᠮᠠᠷ ᠬᠦᠰᠡᠯ ᠱᠠᠭᠠᠷᠳᠠᠯᠭ᠎ᠠ ᠪᠠᠶᠢᠨ᠎ᠠ︖            — ᠮᠠᠨ ᠤ ᠡᠨᠡ ᠰᠠᠶᠢᠨ ᠰᠠᠶᠢᠬᠠᠨ ᠠᠮᠢᠳᠤᠷᠡᠯ ᠢ ᠡᠪ ᠬᠠᠮᠳᠤ ᠨᠠᠮ ᠠᠴᠠ ᠪᠢᠳᠠᠨ ᠳᠤ ᠤᠯᠭᠤᠵᠤ ᠦᠭᠭᠦᠭᠰᠡᠨ ᠶᠤᠮ ᠰᠢᠤ᠃ ᠪᠦᠬᠦ ᠨᠡᠶᠢᠬᠡᠮ ᠢᠶᠠᠷ ᠢᠶᠠᠨ ᠥᠭᠡᠷᠡᠴᠢᠯᠡᠯᠳᠡ ᠬᠥᠭᠵᠢᠯᠳᠡ ᠶᠢᠨ ᠠᠰᠢᠭ ᠢ ᠬᠥᠷᠳᠡᠵᠤ ᠪᠠᠶᠢᠨ᠎ᠠ᠃ ᠤᠳᠤᠬᠠᠨ ᠳᠤ ᠬᠤᠳᠡ ᠬᠦᠳᠡᠭᠡ ᠶᠢᠨ ᠰᠠᠭᠤᠷᠢ ᠪᠦᠳᠤᠭᠡᠨ ᠪᠠᠶᠢᠭᠤᠯᠤᠯᠳᠡ ᠨᠡᠶᠢᠳᠡᠮ ᠰᠠᠶᠢᠵᠢᠷᠡᠵᠤ ᠵᠠᠮ ᠴᠠᠬᠢᠯᠭᠠᠨ ᠨᠢ ᠭᠠᠴᠠᠭ᠎ᠠ ᠳᠤᠰᠬᠤᠨ ᠬᠦᠷᠳᠠᠯ᠎ᠠ ᠨᠡᠪᠳᠡᠷᠡᠯ᠎ᠠ᠃ ᠬᠤᠳᠡ ᠬᠦᠳᠡᠭᠡ ᠶᠢᠨ ᠰᠠᠭᠤᠭᠠᠯᠢ ᠠᠷᠡᠤᠨ ᠤᠨ ᠠᠮᠢᠳᠤᠷᠡᠯ ᠤᠨ ᠬᠢᠷᠢ ᠳᠦᠪᠰᠢᠨ ᠴᠤ ᠨᠡᠮᠡᠭᠳᠡᠵᠤ ᠰᠠᠭᠤᠬᠤ ᠠᠴᠠ ᠤᠷᠤᠨ ᠭᠡᠷ ᠲᠠᠢ᠂ ᠡᠪᠡᠤᠡᠴᠢᠯᠡᠪᠡᠯ ᠡᠮᠨᠡᠬᠦᠯᠬᠦ ᠭᠠᠵᠡᠷ ᠲᠠᠢ᠂ ᠰᠤᠷᠤᠯᠴᠠᠬᠤ ᠠᠴᠠ ᠰᠤᠷᠭᠠᠭᠤᠯᠢ ᠲᠠᠢ᠂ ᠦᠳᠡᠯᠪᠡᠯ ᠠᠰᠠᠷᠡᠮᠵᠢ ᠶᠢᠨ ᠭᠠᠵᠡᠷ ᠲᠠᠢ ᠪᠤᠯᠵᠤ ᠵᠤᠪᠠᠭ᠋ᠤ ᠶᠡᠭᠤᠮ᠎ᠠ ᠦᠬᠡᠢ ᠪᠤᠯᠪᠠ᠃ ᠮᠠᠯᠴᠢᠨ ᠳᠡᠷᠢᠶᠡᠴᠢᠤᠨ ᠤᠨ ᠠᠮᠢᠳᠤᠷᠡᠯ ᠴᠤ ᠳᠡᠭᠡᠭᠰᠢᠯᠠᠵᠤ᠂ ᠠᠶᠢᠯ ᠪᠤᠯᠭᠠᠨ ᠰᠢᠨ᠎ᠠ ᠭᠡᠷ ᠤᠷᠤᠨ᠂ ᠶᠡᠭᠡ ᠪᠠᠭ᠎ᠠ ᠮᠠᠰᠢᠨ ᠳᠡᠷᠭᠡ᠂ ᠵᠠᠷᠢᠮ ᠠᠶᠢᠯ ᠨᠢ ᠬᠦᠳᠡᠭᠡ ᠳᠤ ᠠᠰᠠᠷ ᠪᠡᠷᠢᠭᠠᠤᠨ ᠰᠠᠭᠤᠵᠡᠢ᠃ ᠡᠬᠡ ᠤᠯᠤᠰ ᠮᠢᠨᠢ ᠡᠨᠡ ᠲᠠᠯᠠᠨ ᠵᠢᠯ ᠤᠨ ᠳᠤᠳᠤᠷ᠎ᠡ ᠪᠦᠬᠦ ᠤᠯᠤᠰ ᠤᠨ ᠠᠷᠡᠤᠨ ᠳᠦᠮᠠᠨ ᠢ ᠵᠤᠯ ᠵᠢᠷᠭᠠᠯᠳᠠᠢ ᠠᠮᠢᠳᠤᠷᠡᠭᠤᠯᠤᠨ᠎ᠠ ᠭᠡᠵᠤ ᠴᠢᠷᠮᠠᠶᠢᠭᠰᠠᠭᠠᠷ ᠢᠷᠡᠭᠰᠡᠨ ᠪᠠᠶᠢᠨ᠎ᠠ᠃ ᠬᠦᠰᠠᠬᠦ ᠨᠢ᠂ ᠬᠦᠮᠤᠨ ᠪᠤᠯᠭᠠᠨ ᠡᠨᠡ ᠬᠦ ᠵᠤᠯ ᠵᠢᠷᠭᠠᠯᠳᠤ ᠠᠮᠢᠳᠤᠷᠡᠯ ᠳᠠᠭᠠᠨ ᠰᠠᠤᠡᠬᠢᠯ ᠳᠦᠬᠦᠷᠡᠩ ᠪᠠᠶᠢᠵᠤ᠂ ᠡᠭᠡ ᠤᠯᠤᠰ ᠤᠨ ᠦᠷᠬᠦᠯᠵᠢᠯᠠᠨ ᠬᠦᠭᠵᠢᠬᠦ ᠳᠤ ᠦᠪᠡᠷ ᠤᠨ ᠤᠶᠤᠨ ᠤᠬᠠᠭᠠᠨ᠂ ᠬᠦᠴᠤ ᠬᠦᠯᠤᠰᠤ ᠪᠠᠨ ᠡᠷᠬᠦᠶ᠎ᠠ ᠭᠡᠰᠠᠠ ᠰᠠᠤᠡᠬᠢᠯ ᠲᠠᠢ ᠪᠠᠶᠢᠭᠠᠰᠠᠢ ᠭᠡᠵᠤ ᠪᠤᠳᠤᠵᠤ ᠪᠠᠶᠢᠨ᠎ᠠ᠃            ᠪᠢᠳᠡ ᠬᠤᠶᠡᠷ ᠤᠨ ᠶᠡᠷᠢᠶ᠎ᠠ ᠬᠦᠭᠵᠢᠶᠡᠨ ᠲᠠᠢ ᠶᠠᠪᠤᠬᠳ᠋ᠬᠠᠰᠠᠠ ᠠᠴᠠ ᠦᠳᠡ ᠶᠢᠨ ᠬᠤᠭᠤᠯᠠ ᠬᠢᠬᠦ ᠴᠠᠭ ᠬᠦᠷᠤᠭ᠍ᠰᠠᠠ ᠢ ᠴᠤ ᠮᠡᠳᠡᠭᠰᠠᠠ ᠦᠬᠡᠢ᠃ ᠴᠠᠬ ᠤᠨ ᠬᠤᠨᠭ᠍ᠬᠤᠨ ᠤ ᠳᠠᠭᠤᠨ ᠢᠶᠠᠷ ᠦᠳᠡ ᠪᠤᠯᠤᠠᠠᠰᠠᠠ ᠢ ᠮᠡᠳᠡᠵᠤ ᠶᠡᠷᠢᠶ᠎ᠠ ᠪᠠᠨ ᠦᠡᠳᠤᠷᠯᠡᠪᠡ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号