ᠵᠢᠷᠠᠨ ᠵᠢᠯ ᠤᠨ ᠨᠠᠮ ᠤᠨ ᠭᠡᠰᠢᠭᠦᠨ ᠤ ᠵᠢᠪᠬᠤᠭ᠎ᠠ ᠳᠡᠭᠦᠯᠳᠡᠷ ᠠᠯᠬᠤᠭ᠎ᠠ | — ᠠᠬᠠᠮᠠᠳ ᠨᠠᠮ ᠤᠨ ᠭᠡᠰᠢᠭᠦᠨ ᠪᠣᠷᠣᠯᠳᠠᠢ ᠨᠥᠭᠦᠷ ᠢ ᠳᠡᠮᠳᠡᠭᠯᠡᠪᠡ | ᠮᠠᠯᠵᠢᠬᠤ ᠳ᠋ᠠᠵᠠᠢ ᠥᠤᠰᠢᠨᠵᠣᠣ ᠶᠢᠨ ᠳᠠᠶᠢᠴᠢᠯᠠᠨ ᠳᠠᠭᠠᠭᠤᠯᠣᠭᠴᠢ᠂ ᠪᠥᠭᠦ ᠣᠯᠣᠰ ᠤᠨ ︽5 · 1︾ ᠤ | ᠬᠥᠳᠡᠯᠮᠣᠷᠢ ᠶᠢᠨ ᠵᠢᠱᠢᠶᠡᠴᠢ ᠶᠢᠨ ᠱᠠᠩᠨᠠᠯ ᠬᠥᠷᠳᠡᠭᠴᠢ ᠪᠣᠷᠣᠯᠳᠠᠢ ᠨᠥᠭᠦᠷ ᠤᠨ ᠣᠶᠢᠯᠡᠰ ᠪᠥᠳᠥᠭᠡᠭᠰᠡᠨ ᠵᠣᠷᠢᠭ | ᠰᠠᠨᠠᠭ᠎ᠠ ᠪᠣᠯᠤᠨ ︽ᠮᠠᠯᠵᠢᠬᠤ ᠳ᠋ᠠᠵᠠᠢ ᠥᠤᠰᠢᠨᠵᠣᠣ︾ ᠶᠢᠨ ᠥᠯᠢᠭᠡᠷ ᠵᠢᠱᠢᠶ᠎ᠡ ᠥᠢᠯᠡ ᠠᠵᠢᠯᠯᠠᠭ᠎ᠠ ᠶᠢ | ᠳᠣᠷᠠᠳᠬᠤ ᠳᠤ ᠮᠡᠳᠡᠬᠦ ᠦᠭᠡᠢ ᠬᠦᠮᠦᠨ ᠴᠦᠭᠡᠨ ᠪᠠᠶᠢᠬ᠎ᠠ᠃ ᠳᠡᠭᠦᠨ ᠤ ᠥᠢᠯᠡᠰ ᠪᠥᠳᠤᠭᠡᠵᠤ ᠡᠬᠡ ᠤᠷᠤᠨ ᠤ | ᠪᠥᠳᠤᠭᠡᠨ ᠪᠠᠶᠢᠭᠤᠯᠤᠯᠳᠠ ᠳᠤ ᠬᠤᠪᠢ ᠨᠡᠮᠡᠷᠢ ᠪᠠᠨ ᠥᠵᠡᠭᠦᠯᠵᠤ ᠶᠠᠪᠤᠬᠰᠠᠨ ᠬᠠᠳᠠᠭᠤ ᠰᠢᠷᠭᠠᠭᠤ ᠴᠢᠷᠮᠠᠶᠢᠯᠭ᠎ᠠ ᠠᠴᠠ | ᠡᠨᠡ ᠬᠦ ᠵᠢᠷᠠᠨ ᠵᠢᠯ ᠤᠨ ᠨᠠᠮ ᠤᠨ ᠭᠡᠰᠢᠭᠦᠨ ᠤ ᠵᠢᠪᠬᠤᠭ᠎ᠠ ᠳᠡᠭᠦᠯᠳᠡᠷ ᠠᠯᠬᠤᠭ᠎ᠠ᠂ ᠠᠵᠢᠯ ᠣᠶᠢᠯᠡᠰ ᠤᠨ ᠬᠢᠨᠢ ᠣᠯᠠ | ᠮᠥᠷ᠂ ︽ᠤᠭ ᠰᠠᠨᠠᠭ᠎ᠠ ᠪᠠᠨ ᠥᠯᠥ ᠮᠠᠷᠳᠠᠬᠤ︾ ᠡᠪ ᠬᠠᠮᠳᠤ ᠨᠠᠮ ᠤᠨ ᠭᠡᠰᠢᠭᠦᠨ ᠤ ᠵᠤᠷᠢᠭ ᠰᠠᠨᠠᠭ᠎ᠠ ᠳᠤᠳᠤᠬᠠᠨ | ᠬᠠᠷᠠᠭᠳᠠᠨ᠎ᠠ ᠪᠢᠯᠡ᠃ | ᠪᠣᠷᠣᠯᠳᠠᠢ 1938 ᠣᠨ ᠳᠤ ᠥᠣᠰᠢᠨ ᠬᠤᠰᠢᠭᠤᠨ ᠤ ᠥᠤᠰᠢᠨᠵᠦᠦ ᠪᠠᠯᠭᠠᠰᠤᠨ ᠤ ᠥᠤᠰᠢᠨᠵᠣᠣ | ᠭᠠᠴᠠᠭ᠎ᠠ ᠶᠢᠨ ᠴᠢ᠊ · ᠰᠠᠶᠢᠨᠪᠠᠶᠠᠷ ᠪᠤᠯᠤᠨ ᠪᠠᠷᠢᠨᠳᠠᠭ ᠤᠨ ᠳᠥᠷᠪᠡᠳᠣᠭᠡᠷ ᠬᠡᠥᠬᠡᠨ ᠨᠢ ᠪᠣᠯᠵᠤ ᠵᠠᠶᠠᠭᠠᠪᠠ᠃ ᠪᠠᠭ᠎ᠠ | ᠪᠠᠯᠴᠢᠷ ᠪᠠᠶᠢᠬᠤ ᠳᠤᠨᠢ ᠠᠴᠢᠳᠤ ᠠᠪᠤ ᠨᠢ ᠠᠵᠠ ᠪᠤᠰᠤ ᠪᠠᠷ ᠨᠠᠰᠤ ᠪᠠᠷᠠᠭᠰᠠᠨ ᠠᠴᠠ ᠠᠶᠢᠯ ᠭᠡᠷ ᠤᠨ ᠠᠮᠢᠳᠣᠷᠠᠯ ᠨᠢ | ᠬᠥᠨᠳᠣ ᠳᠠᠷᠣᠭᠠᠰᠤ ᠲᠠᠢ ᠪᠣᠯᠵᠤ᠂ ᠠᠮᠢ ᠵᠠᠭᠤᠵᠤ ᠠᠮᠢᠳᠤᠷᠠᠯ ᠢᠶᠠᠨ ᠠᠷᠭᠠᠴᠠᠬᠤ ᠶᠢᠨ ᠳᠥᠯᠥᠭᠡ ᠡᠵᠢ ᠨᠢ ᠠᠶᠢᠯ ᠤᠨ | ᠮᠠᠯ ᠬᠠᠷᠢᠭᠤᠯᠵᠤ ᠬᠡᠳᠣᠨ ᠬᠡᠥᠬᠡᠳ ᠢᠶᠠᠨ ᠳᠡᠵᠢᠭᠡᠳᠡᠭ ᠪᠠᠶᠢᠯ᠎ᠠ᠃ ᠬᠡᠤᠬᠡᠳ ᠣᠯᠠᠨ ᠲᠠᠢ ᠲᠡᠭᠡᠷ ᠠ ᠠᠮᠢᠳᠣᠷᠠᠯ ᠤᠨ | ᠳᠠᠷᠤᠭᠠᠰᠤ ᠠᠴᠠ ᠪᠤᠯᠵᠤ ᠡᠵᠢ ᠨᠢ ᠪᠠᠭ᠎ᠠ ᠨᠠᠰᠤᠨ ᠤ ᠪᠤᠷᠤᠯᠳᠡᠢ ᠶᠢ ᠪᠥᠷᠢᠳᠣ ᠨᠣᠳᠤᠭ ᠤᠨ ᠴᠡᠴᠡᠭ ᠡᠵᠢ ᠶᠢᠨ | ᠳᠡᠵᠢᠭᠡᠪᠣᠷᠢ ᠥᠷ᠎ᠡ ᠪᠣᠯᠭᠠᠪᠠ᠃ ᠳᠡᠵᠢᠭᠡᠪᠣᠷᠢ ᠡᠵᠢ ᠨᠢ 60 ᠨᠠᠰᠤ ᠶᠢ ᠳᠠᠪᠠᠭᠰᠠᠨ ᠮᠥᠷᠳᠡᠭᠡᠨ ᠡᠪᠡᠳᠴᠢᠨ | ᠬᠠᠭᠤᠴᠢᠨ ᠲᠠᠢ ᠪᠠᠶᠢᠭᠰᠠᠨ ᠪᠣᠯᠬᠤᠷ ᠡᠨᠡ ᠠᠶᠢᠯ ᠤᠨ ᠠᠯᠢᠪᠠ ᠠᠵᠢᠯ ᠳᠡᠬᠦᠨ ᠤ ᠮᠥᠷᠥᠨ ᠳᠡᠭᠡᠷ᠎ᠡ ᠳᠠᠯᠪᠢᠭᠳᠠᠵᠤ᠂ | ᠪᠤᠷᠤᠯᠳᠡᠢ ᠠᠮᠢᠳᠣᠷᠠᠬᠤ ᠶᠢᠨ ᠣᠬᠠᠭᠠᠨ ᠢ ᠡᠷᠳᠡ ᠠᠴᠠ ᠥᠢᠯᠠᠭᠠᠭᠰᠠᠨ ᠪᠢᠯᠡ᠃ 1950 ᠣᠨ ᠪᠣᠯᠬᠤ ᠳᠤ | ᠨᠠᠮ ᠠᠴᠠ ᠥᠨᠳᠣᠰᠣᠨ ᠱᠠᠳᠣᠨ ᠳᠤ ᠰᠣᠷᠭᠠᠭᠤᠯᠢ ᠪᠠᠶᠢᠭᠤᠯᠪᠠ᠂ ᠪᠤᠷᠤᠯᠳᠡᠢ ᠡᠪᠡᠳᠴᠢᠨ ᠵᠣᠪᠠᠯᠠᠩ ᠲᠠᠢ ᠡᠵᠢ ᠪᠠᠨ | ᠠᠰᠠᠷᠠᠨ ᠬᠠᠷᠠᠭᠠᠯᠵᠠᠬᠤ ᠶᠢᠨ ᠲᠥᠯᠥᠭᠡ ᠪᠤᠰᠤᠳ ᠬᠡᠤᠬᠡᠳ ᠲᠠᠢ ᠠᠳᠠᠯᠢ ᠬᠢᠴᠢᠶᠡᠯ ᠤᠨ ᠳᠠᠩᠬᠢᠮ ᠳᠤ ᠤᠷᠤᠵᠤ | ᠳᠡᠶᠢᠯᠥᠭᠰᠡᠨ ᠥᠭᠡᠢ᠂ ᠭᠡᠳᠡᠯ᠎ᠠ ᠳᠡᠷᠡ ᠠᠵᠢᠯ ᠤᠨ ᠴᠢᠯᠥᠭᠡ ᠪᠠᠨ ᠵᠠᠶᠢᠴᠢᠯᠠᠨ ᠥᠳᠡᠰᠢ ᠪᠣᠯᠪᠠᠯ ᠨᠡᠬᠦᠳᠡᠯ ᠣᠷᠣᠢ ᠶᠢᠨ | ᠰᠣᠷᠭᠠᠭᠤᠯᠢ ᠳᠤ ᠣᠴᠢᠵᠣ ᠪᠠᠭᠰᠢ ᠨᠠᠷ ᠠᠴᠠ ᠪᠢᠴᠢᠭ ᠰᠣᠷᠳᠠᠭ ᠪᠠᠶᠢᠯ᠎ᠠ᠃ ᠥᠪᠡᠷ ᠤᠨ ᠴᠥᠬᠦᠷᠡᠰᠢ ᠥᠭᠡᠢ | ᠴᠢᠷᠮᠠᠶᠢᠯᠭ᠎ᠠ ᠪᠠᠷ ᠰᠤᠷᠤᠯᠭ᠎ᠠ ᠨᠢ ᠬᠤᠷᠢ ᠭᠠᠷᠣᠢ ᠰᠣᠷᠣᠭᠴᠢ ᠶᠢᠨ ᠳᠣᠳᠣᠷ᠎ᠠ ᠪᠠᠨ ᠣᠷᠦ᠋ᠢᠯᠠᠭᠰᠠᠨ ᠪᠥᠭᠡᠳ ᠪᠥᠬᠦ | ᠣᠷᠣᠨ ᠤ ᠪᠠᠯᠠᠢ ᠶᠢ ᠠᠷᠢᠯᠭᠠᠬᠰᠠᠨ ᠬᠤᠪᠢ ᠬᠥᠮᠣᠨ ᠤ ᠵᠢᠱᠢᠶᠡᠴᠢ ᠪᠠᠷ ᠱᠠᠩᠨᠠᠭᠳᠠᠵᠤ᠂ ᠪᠠᠰᠠ ᠣᠷᠣᠢ ᠶᠢᠨ | ᠰᠣᠷᠭᠠᠭᠤᠯᠢ ᠶᠢᠨ ᠪᠠᠭᠰᠢ ᠪᠠᠷ ᠤᠷᠢᠭᠳᠠᠨ 70 ᠭᠠᠷᠣᠢ ᠬᠥᠮᠣᠨ ᠳᠤ ᠪᠢᠴᠢᠭ ᠵᠢᠭᠠᠬᠤ ᠪᠤᠯᠵᠡᠢ᠃ | ᠬᠠᠷᠠᠬᠠᠨ ᠪᠠᠭ᠎ᠠ ᠠᠴᠠ ᠪᠠᠨ ᠬᠠᠳᠠᠭᠤᠵᠢᠯᠳᠠᠢ ᠣᠷᠴᠢᠨ ᠳᠣᠭᠤᠷᠢᠨ ᠳᠤ ᠥᠰᠣᠨ ᠪᠤᠶᠢᠵᠢᠵᠤ᠂ ᠨᠡᠶᠢᠬᠡᠮ ᠤᠨ | ᠥᠢᠯᠡᠳᠤᠯᠭᠡ ᠪᠠ ᠨᠤᠮ ᠰᠤᠳᠤᠷ ᠠᠴᠠ ᠠᠰᠢᠭ ᠰᠢᠮ᠎ᠠ ᠶᠢ ᠬᠥᠷᠳᠡᠵᠤ᠂ ᠨᠠᠮ ᠤᠨ ᠳᠤᠶᠠᠭᠠᠯᠠᠯ ᠳᠤᠤᠷ᠎ᠠ | ᠬᠥᠮᠥᠵᠢᠭᠳᠡᠨ ᠪᠤᠶᠢᠵᠢᠭᠳᠠᠭᠰᠠᠨ ᠪᠤᠷᠤᠯᠳᠡᠢ ᠪᠥᠷᠢᠳᠣ ᠨᠣᠳᠤᠭ ᠤᠨ ᠠᠩᠬᠠᠨ ᠤ ᠬᠤᠷᠰᠢᠶᠡᠵᠢᠯ ᠬᠠᠪᠰᠣᠷᠣᠯᠴᠠᠬᠤ | ᠳᠣᠭᠤᠶᠢᠯᠠᠩ ᠤᠨ ᠳᠠᠷᠤᠭ᠎ᠠ ᠪᠠᠷ ᠳᠤᠮᠢᠯᠠᠭᠳᠠᠭᠰᠠᠨ ᠪᠢᠯᠡ᠃ 1956 ᠣᠨ ᠳᠤ ᠳᠡᠭᠡᠳᠣ ᠵᠡᠷᠭᠡ ᠶᠢᠨ ᠬᠤᠷᠰᠢᠶ᠎ᠠ | ᠪᠠᠶᠢᠭᠤᠯᠬᠤ ᠳᠤ ᠬᠤᠷᠰᠢᠶᠠᠨ ᠳᠠᠷᠤᠭ᠎ᠠ ᠪᠣᠯᠣᠭᠰᠠᠨ ᠮᠥᠷᠳᠡᠭᠡᠨ ᠡᠪ ᠬᠠᠮᠳᠣ ᠵᠠᠯᠠᠭᠤᠴᠤᠳ ᠤᠨ ᠡᠪᠯᠡᠯ ᠤᠨ | ᠭᠡᠰᠢᠭᠦᠨ ᠢᠶᠠᠷ ᠡᠯᠰᠡᠭᠳᠡᠵᠤ᠂ ᠡᠪ ᠬᠠᠮᠳᠤ ᠶᠢᠨ ᠥᠢᠯᠡᠰ ᠤᠨ ᠲᠥᠯᠥᠭᠡ ᠵᠢᠳᠬᠦᠬᠦ ᠢᠳᠡᠭᠡᠯ ᠵᠤᠷᠢᠭ ᠢᠶᠠᠨ | ᠡᠷᠴᠢᠮᠵᠢᠭᠦᠯᠥᠭᠰᠡᠨ ᠪᠠᠶᠢᠨ᠎ᠠ᠃ ᠳᠡᠭᠦᠨ ᠠᠴᠠ ᠬᠤᠶᠢᠰᠢ ᠠᠷᠠᠳ ᠤᠨ ᠨᠢᠭᠡᠳᠣᠯ ᠪᠠᠶᠢᠭᠤᠯᠤᠭᠳᠠᠬᠤ ᠳᠤ ᠶᠡᠭᠡ | ᠪᠠᠷᠢᠭᠠᠳᠠ ᠶᠢᠨ ᠳᠡᠳ᠋ ᠳᠠᠷᠤᠭ᠎ᠠ᠂ ᠡᠪᠯᠠᠯ ᠤᠨ ᠡᠭᠦᠷ ᠤᠨ ᠱᠥᠵᠢ ᠪᠣᠯᠣᠨ ᠬᠥᠮᠣᠵᠢᠭᠳᠡᠵᠤ᠂ ᠢᠷᠠᠭᠤ | ᠠᠯᠳᠠᠷ ᠲᠠᠢ ᠪᠠᠷ ᠳᠣᠮᠳᠠᠳᠣ ᠣᠯᠣᠰ ᠤᠨ ᠡᠪ ᠬᠠᠮᠳᠤ ᠨᠠᠮ ᠤᠨ ᠭᠡᠰᠢᠬᠦᠨ ᠪᠣᠯᠵᠤ᠂ ︽ᠨᠠᠮ ᠡᠬᠡ ᠤᠷᠤᠨ ᠤ ᠪᠠᠨ | ᠲᠥᠯᠥᠭᠡ ᠠᠯᠢᠪᠠ ᠪᠠᠨ ᠵᠤᠷᠢᠭᠤᠯᠬᠤ︾ ᠬᠠᠯᠠᠭᠤᠨ ᠨᠢᠳᠤᠷᠭ᠎ᠠ ᠪᠠᠨ ᠡᠷᠭᠦᠭᠰᠡᠨ ᠪᠢᠯᠡ᠃ ᠲᠡᠷᠡ ᠰᠣᠭᠳᠤᠭᠤ | ᠡᠪᠡᠰᠣ ᠶᠢ ᠠᠷᠢᠯᠭᠠᠨ ᠣᠰᠠᠳᠬᠠᠬᠤ᠂ ᠡᠯᠡᠰᠤ ᠮᠠᠩᠬ᠎ᠠ ᠶᠢ ᠣᠶᠢᠵᠢᠭᠤᠯᠣᠨ ᠵᠠᠰᠠᠬᠤ ᠶᠡᠭᠡ ᠳᠠᠶᠢᠯᠠᠯᠳᠣᠭᠠᠨ ᠢ | ᠦᠷᠨᠢᠭᠦᠯᠵᠤ᠂ ᠵᠠᠯᠠᠭᠤᠴᠤᠳ ᠤᠨ ᠳᠣᠷᠰᠢᠯᠳᠠ ᠶᠢᠨ ᠳᠠᠷᠢᠶ᠎ᠠ ᠳᠠᠷᠢᠵᠣ ᠳᠡᠭᠡᠳᠤ ᠱᠠᠳᠣᠨ ᠤ ᠱᠠᠩᠨᠠᠯ ᠬᠥᠬᠢᠬᠦᠯᠣᠯ ᠢ | ᠣᠯᠣᠭᠰᠠᠨ ᠤ ᠬᠠᠮᠳᠣ ︽ᠵᠠᠯᠠᠭᠤ ᠭᠠᠪᠰᠢᠭᠠᠶᠢᠯᠠᠭᠴᠢ︾ ᠶᠢᠨ ᠴᠣᠯᠠ ᠣᠯᠵᠤ᠂ ᠪᠥᠬᠦ ᠣᠯᠣᠰ ᠤᠨ ︽3 · 8︾ ᠤ | ᠣᠯᠠᠭᠠᠨ ᠳᠣᠭᠴᠢ ᠶᠢᠨ ᠢᠷᠠᠭᠤ ᠠᠯᠳᠠᠷ ᠢ ᠬᠥᠷᠳᠡᠪᠡ᠃ ᠠᠮᠵᠢᠯᠳᠠ ᠪᠥᠳᠥᠭᠡᠯ ᠠᠯᠬᠤᠮ ᠳᠠᠪᠰᠢᠯᠳᠠ ᠶᠢ | ᠠᠪᠴᠢᠷᠠᠭᠰᠠᠨ ᠢᠶᠠᠷ ᠳᠡᠷᠡ ᠥᠷᠬᠦᠯᠵᠢᠯᠡᠨ ᠪᠥᠷᠢᠳᠣ ᠶᠡᠭᠡ ᠪᠠᠷᠢᠭᠠᠳᠠ ᠶᠢᠨ ᠨᠠᠮ ᠤᠨ ᠡᠭᠦᠷ ᠤᠨ ᠱᠥᠵᠢ᠂ | ᠨᠢᠭᠡᠳᠣᠯ ᠤᠨ ᠨᠠᠮ ᠤᠨ ᠬᠤᠷᠢᠶᠠᠨ ᠤ ᠱᠥᠵᠢ ᠪᠣᠯᠵᠣ᠂ ᠨᠠᠮ ᠤᠨ ᠤᠷᠠᠶᠢᠯᠠᠯ ᠳᠤᠤᠷ᠎ᠠ ᠨᠣᠳᠤᠭ ᠣᠰᠤ ᠪᠠᠨ | ᠬᠥᠭᠵᠢᠬᠦᠯᠤᠨ ᠪᠥᠳᠤᠭᠡᠨ ᠪᠠᠶᠢᠭᠤᠯᠬᠤ ᠠᠵᠢᠯᠯᠠᠭ᠎ᠠ ᠳᠤ ᠢᠳᠡᠪᠬᠢᠳᠡᠢ ᠤᠷᠤᠯᠴᠠᠵᠤ᠂ ᠵᠢᠶᠥᠥ ᠢᠤᠢ ᠯᠤ᠋ ᠠᠴᠠ | ᠰᠣᠷᠣᠯᠴᠠᠬᠤ᠂ ᠳ᠋ᠠᠵᠠᠢ ᠠᠴᠠ ᠰᠣᠷᠣᠯᠴᠠᠬᠤ ᠶᠢ ᠭᠦᠨᠵᠡᠭᠡᠢ ᠥᠷᠨᠢᠬᠦᠯᠣᠭᠡᠳ᠂ 1965 ᠣᠨ ᠳᠤ ᠥᠤᠰᠢᠨᠵᠣᠣ | ᠨᠢᠭᠡᠳᠣᠯ ᠨᠢ ᠳ᠋ᠠᠵᠠᠢ ᠠᠴᠠ ᠰᠣᠷᠣᠯᠴᠠᠭᠰᠠᠨ ᠲᠡᠷᠢᠭᠦᠨ ᠤ ᠥᠢᠯᠡ ᠠᠵᠢᠯᠯᠠᠭ᠎ᠠ ᠪᠠᠷ ᠢᠶᠠᠨ ︽ᠮᠠᠯᠵᠢᠬᠤ ᠳ᠋ᠠᠵᠠᠢ | ᠥᠤᠰᠢᠨᠵᠣᠣ︾ ᠬᠡᠰᠡᠨ ᠢᠷᠠᠭᠤ ᠠᠯᠳᠠᠷ ᠢ ᠣᠯᠵᠤ᠂ ᠠᠷᠠᠳ ᠤᠨ ᠡᠳᠣᠷ ᠤᠨ ᠰᠣᠨᠢᠨ ᠳᠡᠭᠡᠷ᠎ᠠ ᠨᠡᠶᠢᠳᠡᠯᠡᠭᠳᠡᠭᠰᠡᠨ | ᠪᠠᠶᠢᠨ᠎ᠠ᠃ | ᠰᠠᠶᠢᠨ ᠣᠴᠢᠷ ᠲᠤ ᠰᠠᠭᠠᠳ ᠣᠯᠠᠨ ᠭᠡᠳᠡᠭ ᠢᠶᠠᠷ ᠡᠬᠡ ᠤᠷᠤᠨ ᠤ ᠪᠥᠳᠤᠭᠡᠨ ᠪᠠᠶᠢᠭᠤᠯᠤᠯᠳᠠ ᠳᠤ | ᠬᠥᠴᠤ ᠪᠠᠨ ᠡᠷᠭᠦᠬᠦ ᠤᠷᠮ᠎ᠠ ᠵᠤᠷᠢᠭ ᠪᠠᠳᠠᠷᠠᠭᠰᠠᠨ ᠥᠶ᠎ᠠ ᠳᠤ ᠪᠣᠷᠣᠯᠳᠠᠢ ᠨᠦᠬᠦᠷ ︽ᠰᠣᠶᠣᠯ ᠤᠨ ᠬᠤᠪᠢᠰᠬᠠᠯ︾ | ᠤᠨ ᠴᠣᠬᠢᠯᠳᠠ ᠳᠤ ᠣᠴᠠᠷᠠᠭᠰᠠᠨ ᠪᠤᠯᠪᠠᠴᠤ ᠳᠥᠷᠥ ᠵᠠᠰᠠᠭ ᠠᠴᠠ ᠳᠡᠬᠦᠨ ᠤ ᠬᠢᠯᠢᠰ ᠭᠡᠷᠡᠭ ᠢ ᠴᠠᠭᠠᠳᠬᠠᠵᠤ | ᠥᠷᠬᠦᠯᠵᠢᠯᠡᠨ ᠠᠵᠢᠯ ᠤᠨ ᠪᠠᠶᠢᠷᠢᠨ ᠳᠤᠨᠢ ᠭᠠᠷᠭᠠᠵᠤ᠂ ᠣᠶᠢᠯᠡᠰ ᠤᠨ ᠵᠠᠮ ᠢ ᠨᠢ ᠡᠯᠭᠦᠭᠦᠯᠵᠤ᠂ ᠳᠡᠭᠦᠨ ᠤ ᠡᠬᠡ | ᠤᠷᠤᠨ ᠳᠠᠭᠠᠨ ᠵᠢᠳᠬᠦᠬᠦ ᠢᠳᠡᠭᠡᠯ ᠵᠤᠷᠢᠭ ᠢ ᠨᠢ ᠤᠯᠨᠮ ᠬᠥᠭᠵᠢᠭᠡᠪᠡ᠃ ᠲᠡᠷᠡ ᠬᠤᠰᠢᠭᠤ ᠨᠠᠮ ᠤᠨ ᠬᠤᠷᠢᠶᠠᠨ ᠤ | ᠱᠥᠵᠢ ᠶᠢᠨ ᠳᠣᠰᠢᠶᠠᠯ ᠢ ᠬᠠᠷᠢᠭᠤᠴᠠᠵᠤ᠂ ᠤᠯᠠᠨ ᠲᠥᠮᠡᠨ ᠢᠶᠠᠨ ᠳᠠᠶᠢᠴᠢᠯᠠᠨ ᠳᠠᠭᠠᠭᠤᠯᠵᠤ ᠬᠥᠭᠵᠢᠯ ᠴᠡᠴᠡᠭᠯᠡᠯ ᠤᠨ | ᠵᠠᠮ ᠢᠶᠠᠷ ᠭᠤᠶᠢᠪᠢᠰᠢ ᠥᠭᠡᠢ ᠠᠯᠬᠤᠵᠤ᠂ ᠤᠳᠠᠭᠠᠨ ᠵᠢᠯ ᠤᠨ ᠳᠤᠷᠰᠢ ᠠᠮᠢ ᠠᠬᠤᠢ ᠪᠠᠨ ᠬᠠᠮᠠᠭᠠᠯᠠᠵᠤ ᠡᠪᠡᠰᠤ | ᠮᠤᠳᠤ ᠳᠠᠷᠢᠵᠤ ᠥᠢᠵᠢᠭᠤᠯᠤᠭᠰᠠᠨ ᠥᠢᠯᠡ ᠠᠵᠢᠯᠯᠠᠭ᠎ᠠ ᠨᠢ ᠨᠡᠩ ᠴᠤ ᠪᠥᠬᠦ ᠤᠯᠤᠰ ᠤᠨ ᠰᠤᠷᠤᠯᠴᠠᠬᠤ ᠳᠠᠭᠤᠷᠢᠶᠠᠯ | ᠪᠤᠯᠤᠭᠰᠠᠨ ᠪᠠᠶᠢᠨ᠎ᠠ᠃ ᠨᠠᠮ ᠤᠨ ᠬᠠᠶᠢᠷ᠎ᠠ ᠬᠠᠯᠠᠮᠵᠢ᠂ ᠥᠪᠡᠷ ᠤᠨ ᠰᠢᠨᠳᠠᠷᠠᠰᠢ ᠥᠭᠡᠢ ᠴᠢᠷᠮᠠᠶᠢᠯᠭ᠎ᠠ ᠪᠠᠷ ᠳᠡᠷᠡ | ᠤᠷᠢᠳ ᠬᠤᠵᠢᠳ ᠨᠠᠮ ᠤᠨ ᠳᠥᠪ ᠬᠤᠷᠢᠶᠠᠨ ᠤ ᠭᠡᠰᠢᠬᠦᠨ᠂ ᠪᠥᠬᠦ ᠣᠯᠣᠰ ᠤᠨ ᠠᠷᠠᠳ ᠤᠨ ᠳᠥᠯᠣᠭᠡᠯᠡᠭᠴᠢᠳ ᠤᠨ | ᠶᠡᠭᠡ ᠬᠤᠷᠠᠯ ᠤᠨ ᠪᠠᠶᠢᠩᠭᠤ ᠶᠢᠨ ᠭᠡᠰᠢᠬᠦᠨ ᠪᠤᠯᠵᠤ᠂ ᠡᠬᠦᠨ ᠤ ᠵᠡᠷᠭᠡ ᠪᠠᠷ ᠥᠪᠡᠷᠳᠡᠭᠡᠨ ᠵᠠᠰᠠᠬᠤ ᠣᠷᠣᠨ ᠤ ᠨᠠᠮ | ᠵᠠᠰᠠᠭ ᠤᠨ ᠭᠤᠣᠯ ᠤᠳᠤᠷᠢᠳᠬᠤ ᠪᠠᠶᠢᠷᠢᠨ ᠳᠤ ᠳᠤᠮᠢᠯᠠᠭᠳᠠᠵᠤ ᠬᠢᠯᠠᠷᠠᠭᠤᠯᠵᠤ ᠶᠠᠪᠣᠭᠰᠠᠨ ᠪᠢᠯᠡ᠃ ᠳᠡᠷᠡ ᠨᠠᠮ ᠤᠨ | ᠭᠡᠰᠢᠭᠦᠨ ᠤ ᠤᠭ ᠰᠠᠨᠠᠭ᠎ᠠ ᠪᠠᠨ ᠥᠯᠥ ᠮᠠᠷᠳᠠᠨ᠂ ᠨᠠᠮ ᠪᠠ ᠠᠷᠠᠳ ᠳᠥᠮᠡᠨ ᠠᠴᠠ ᠣᠯᠭᠤᠭᠰᠠᠨ ᠢᠷᠠᠭᠤ | ᠠᠯᠳᠠᠷ ᠲᠠᠢ ᠡᠬᠦᠷᠭᠡ ᠬᠠᠷᠢᠭᠤᠴᠠᠯᠭ᠎ᠠ ᠪᠠᠨ ᠭᠢᠯᠠᠯᠵᠠᠲᠠᠯ᠎ᠠ ᠪᠡᠶᠡᠯᠡᠬᠦᠯᠥᠭᠡᠳ ᠣᠷᠣᠨ᠂ ᠠᠶᠢᠮᠠᠭ᠂ ᠬᠤᠰᠢᠭᠤ ᠲᠡᠰ ᠤᠨ | ᠳᠡᠷᠢᠬᠦᠨ ᠤ ᠠᠵᠢᠯᠳᠠᠨ᠂ ᠵᠢᠱᠢᠶᠡᠴᠢ ᠨᠠᠮ ᠤᠨ ᠬᠡᠰᠢᠭᠦᠨ᠂ ᠳᠡᠷᠢᠬᠦᠨ ᠤ ᠣᠶᠢᠵᠢᠭᠤᠯᠣᠭᠴᠢ ᠶᠢᠨ ᠱᠠᠩᠨᠠᠯ | ᠬᠥᠬᠢᠭᠦᠯᠣᠯ ᠢ ᠣᠯᠠᠠᠳᠠ ᠬᠦᠷᠳᠡᠭᠰᠡᠨ ᠢᠶᠠᠷ ᠪᠠᠷᠠᠬᠤ ᠥᠭᠡᠢ ᠪᠥᠬᠦ ᠣᠯᠣᠰ ᠤᠨ ︽3 · 8︾ ᠤ ᠣᠯᠠᠭᠠᠨ ᠳᠣᠭᠴᠢ᠂ | ᠪᠥᠭᠦ ᠣᠯᠣᠰ ᠤᠨ ︽5 · 1︾ ᠤ ᠬᠥᠳᠡᠯᠮᠦᠷᠢ ᠶᠢᠨ ᠵᠢᠱᠢᠶᠡᠴᠢ ᠪᠠᠷ ᠰᠣᠩᠭᠤᠭᠳᠠᠨ᠂ ᠨᠠᠶᠢᠰᠯᠡᠯ ᠪᠡᠭᠡᠵᠢᠩ ᠳᠤ | ᠬᠥᠷᠴᠤ ᠲᠢᠶᠠᠨ ᠠᠨ ᠮᠧᠨ ᠠᠰᠠᠷ ᠲᠤ ᠭᠠᠷᠴᠤ ᠮᠠᠤ ᠳᠡᠷᠢᠭᠦᠯᠡᠭᠴᠢ᠂ ᠵᠧᠥ ᠧᠨ ᠯᠠᠢ ᠶᠡᠷᠥᠩᠬᠡᠢ ᠰᠠᠶᠢᠳ ᠵᠡᠷᠭᠡ | ᠳᠥᠷᠥ ᠶᠢᠨ ᠣᠳᠣᠷᠢᠳᠬᠤ ᠬᠦᠮᠦᠰ ᠲᠠᠢ ᠠᠭᠤᠯᠵᠠᠭᠰᠠᠨ ᠪᠠᠶᠢᠨ᠎ᠠ᠃ | ᠣᠳᠣ ᠳᠡᠷᠡ ᠨᠠᠶᠠᠨ ᠨᠠᠰᠤ ᠶᠢ ᠳᠠᠪᠠᠵᠤ᠂ ᠬᠥᠨᠳᠣ ᠠᠵᠢᠯ ᠬᠥᠳᠡᠯᠮᠣᠷᠢ ᠳᠤ ᠣᠷᠣᠯᠴᠠᠵᠤ ᠳᠡᠶᠢᠯᠬᠦ ᠥᠭᠡᠢ | ᠪᠣᠯᠣᠭᠰᠠᠨ ᠪᠣᠯᠪᠠᠴᠤ ᠵᠠᠪᠰᠢᠶᠠᠨ ᠲᠠᠢ ᠯᠠ ᠪᠠᠶᠢᠳᠠᠭ ᠪᠣᠯ ᠥᠰᠴᠤ ᠳᠥᠷᠥᠭᠰᠡᠨ ᠨᠣᠳᠤᠭ ᠤᠰᠤᠨ ᠳᠠᠭᠠᠨ ᠬᠠᠷᠢᠵᠤ | ᠢᠷᠡᠭᠡᠳ ᠬᠠᠮᠳᠣ ᠶᠢᠨ ᠠᠵᠢᠯᠯᠠᠭᠠᠨ ᠳᠤ ᠢᠳᠡᠪᠬᠢᠳᠡᠢ ᠣᠷᠣᠯᠴᠠᠵᠤ ᠣᠯᠠᠨ ᠲᠠᠶᠠᠭᠠᠷ ᠲᠠᠢ ᠪᠠᠨ ᠠᠵᠢᠯ ᠤᠨ | ᠳᠤᠷᠰᠢᠯᠭ᠎ᠠ ᠠᠯᠢᠪᠠ ᠰᠠᠶᠢᠨ ᠰᠠᠶᠢᠬᠠᠨ ᠢ ᠬᠤᠪᠢᠶᠠᠯᠴᠠᠵᠤ᠂ ᠥᠯᠥᠭᠡᠢ ᠨᠤᠳᠤᠭ ᠤᠨ ᠢᠶᠠᠨ ᠪᠥᠳᠤᠭᠡᠨ | ᠪᠠᠶᠢᠭᠤᠯᠤᠯᠳᠠ ᠳᠤ ᠥᠪᠡᠷ ᠤᠨ ᠵᠢᠳᠬᠦᠯ ᠢᠶᠠᠨ ᠥᠵᠡᠭᠦᠯᠥᠭᠰᠡᠭᠡᠷ ᠁ | |