ᠤᠶᠢᠷ᠎ᠠ ᠶᠢᠨ ᠡᠳᠤᠷ ᠪᠣᠭᠳᠠ ᠴᠢᠩᠬᠢᠰ ᠤᠨ ᠥᠷᠯᠥᠭ ᠵᠠᠩᠵᠤᠨ ᠪᠡᠰᠦᠳ ᠤᠨ ᠵᠡᠪᠡ ᠶᠢᠨ ᠠᠯᠠᠭ ᠰᠦᠯᠳᠡ | ᠶᠢᠨ ᠲᠠᠬᠢᠯᠭ᠎ᠠ ᠲᠤᠭ ᠪᠠᠯᠭᠠᠰᠣᠨ ᠳᠤ ᠶᠠᠪᠣᠭᠳᠠᠯ᠎ᠠ᠃ | ᠳᠠᠬᠢᠯᠭ᠎ᠠ ᠳᠤ ᠪᠠᠰᠤᠳ ᠬᠠᠷᠢᠶᠠᠳᠠᠨ᠂ ᠲᠠᠷᠬᠠᠳ᠂ ᠶᠠᠮᠦᠳᠠᠳ ᠪᠤᠯᠤᠨ ᠤᠶᠢᠷ᠎ᠠ ᠬᠠᠪᠢ ᠶᠢᠨ ᠮᠦᠷᠭᠦᠯᠴᠢᠳ | ᠤᠷᠤᠯᠴᠠᠵᠤ ᠰᠠᠩ ᠲᠠᠯᠪᠢᠨ ᠡᠵᠡᠨ ᠰᠠᠩ᠂ ᠰᠦᠯᠳᠡ ᠶᠢᠨ ᠰᠠᠩ ᠤᠩᠰᠢᠭᠰᠡᠨ ᠤ ᠲᠠᠷᠠᠭ᠎ᠠ᠂ ᠬᠠᠳᠠᠭ ᠤᠨ | ᠳᠠᠭᠠᠳᠬᠠᠯ᠂ ᠵᠤᠯᠠ ᠶᠢᠨ ᠳᠠᠭᠠᠳᠬᠠᠯ᠂ ᠥᠳᠭᠡ ᠰᠢᠬᠦᠰᠦ ᠶᠢᠨ ᠳᠠᠭᠠᠳᠬᠠᠯ ᠬᠢᠵᠦ ᠠᠯᠠᠭ ᠰᠦᠯᠳᠡ ᠳᠤ ᠠᠯᠢᠪᠠ | ᠪᠥᠭᠦᠨ ᠢᠶᠠᠨ ᠵᠠᠯᠪᠢᠷᠠᠨ ᠲᠠᠭᠠᠳᠬᠠᠵᠠᠭᠠᠪᠠ᠃ | ᠵᠠᠪᠠ ᠵᠠᠩᠵᠤᠨ ᠤ ᠠᠯᠠᠭ ᠰᠦᠯᠳᠡ ᠶᠢ ᠪᠡᠰᠦᠳ ᠬᠠᠷᠢᠶᠠᠨ ᠤ ᠷᠢᠨᠴᠢᠨ ᠭᠤᠸᠠᠢ 1982 ᠣᠨ ᠳᠤ ᠭᠡᠷ ᠲᠤ | ᠪᠠᠨ ᠲᠠᠬᠢᠵᠦ ᠪᠠᠶᠢᠭᠰᠠ ᠠᠴᠠ 1992 ᠣᠨ ᠳᠤ ᠲᠤᠭ ᠪᠠᠯᠭᠠᠰᠣᠨ ᠤ ᠮᠠᠶᠢᠷᠠᠨᠰᠦ᠋ᠮ᠎ᠠ ᠭᠠᠴᠠᠭᠠᠨ ᠤ ᠠᠷᠴᠠᠲᠤ | ᠮᠠᠯᠵᠢᠯ ᠤᠨ ᠬᠤᠷᠰᠢᠶᠠᠨ ᠤ ᠬᠦᠬᠦᠷᠴᠢ ᠶᠢᠨ ᠴᠠᠶᠢᠳᠠᠮ ᠳᠤ ᠲᠣᠰᠬᠠᠢ ᠴᠣᠮᠴᠤᠭ ᠣᠷᠳᠣᠨ ᠪᠠᠶᠢᠭᠤᠯᠣᠨ | ᠰᠠᠭᠠᠳᠠᠭᠤᠯᠵᠤ ᠡᠷᠭᠡᠰᠢᠭᠦᠯᠦᠨ ᠲᠠᠬᠢᠭᠰᠠᠨ ᠪᠠᠶᠢᠨ᠎ᠠ᠃ ᠵᠠᠪᠠ ᠵᠠᠩᠵᠤᠨ ᠤ ᠠᠯᠠᠭ ᠰᠦᠯᠳᠡ ᠶᠢ ᠪᠠᠷᠰ ᠵᠢᠯ ᠤᠨ | ᠣᠷᠳᠣᠰ ᠲᠣᠭᠠᠯᠠᠯ ᠤᠨ ᠬᠠᠷ᠎ᠠ ᠬᠤᠵᠢᠷ ᠤᠨ ᠬᠤᠷᠢᠨ ᠭᠤᠷᠪᠠᠨ ᠳᠤ ᠲᠤᠭᠰᠢᠭᠤᠯᠵᠤ᠂ ᠯᠤᠤ ᠵᠢᠯ ᠳᠤ ᠴᠢᠩᠬᠢᠰ | ᠤᠨ ᠣᠩᠭᠤᠨ ᠤ ᠬᠠᠷᠠᠭ᠎ᠠ ᠶᠡᠬᠡᠲᠦ ᠬᠠᠷ᠎ᠠ ᠰᠦᠯᠳᠡ᠂ ᠮᠣᠬᠤᠯᠠᠢ ᠵᠢᠩᠬᠢᠨ ᠰᠢᠲᠦᠭᠡᠨ ᠲᠠᠢ ᠬᠠᠮᠳᠣᠪᠠᠷ ᠲᠠᠬᠢᠳᠠᠭ | ᠪᠠᠶᠢᠨ᠎ᠠ᠃ | |