ᠤᠢᠢᠷ᠎ᠠ ᠳᠤ ᠭᠠᠯᠠᠭᠤᠲᠤ ᠪᠠᠯᠭᠠᠰᠤᠨ ᠤ ᠰᠢᠨ᠎ᠡ ᠴᠠᠭ ᠦᠶ᠎ᠡ ᠶᠢᠨ ᠪᠣᠯᠪᠠᠰᠣᠨ ᠢ ᠣᠶᠢᠯᠡᠳᠣᠯᠭᠡᠵᠢᠬᠦᠯᠬᠦ | ᠭᠠᠵᠠᠷ ᠨᠢ ᠦᠤᠰᠢᠨ ᠬᠤᠰᠢᠭᠤᠨ ᠤ ᠰᠣᠶᠣᠯ ᠠᠵᠣ ᠣᠶᠢᠯᠡᠰ ᠤᠨ ᠬᠦᠷᠢᠶᠡᠯᠡᠩ ᠳᠤ ︽ᠰᠠᠶᠢᠨ ᠰᠠᠶᠢᠬᠠᠨ ᠭᠡᠷ ᠤᠨ | ᠰᠤᠷᠭᠠᠯ ᠢᠶᠠᠨ ᠤᠯᠠᠮᠵᠢᠯᠠᠨ᠂ ᠤᠭᠢ ᠰᠢᠯᠢᠲᠡᠭ ᠭᠡᠷ ᠤᠨ ᠰᠤᠷᠲᠠᠯ ᠢᠶᠠᠨ ᠮᠠᠨᠲᠤᠭᠤᠯᠬᠤ︾ ᠨᠡᠶᠢᠭᠡᠮᠴᠢᠯᠡᠭᠰᠡᠨ | ᠲᠤᠭᠤᠷᠢᠭ ᠤᠨ ᠤᠷᠠᠨ ᠪᠢᠴᠢᠯᠭᠡ ᠶᠢᠨ ᠪᠦᠲᠦᠭᠡᠯ ᠤᠨ ᠲᠡᠯᠭᠡᠨ ᠦᠵᠡᠬᠦᠯᠦᠯᠭᠡ ᠪᠤᠯᠤᠨ ︽ᠰᠢᠨ᠎ᠡ ᠴᠠᠭ ᠦᠶ᠎ᠡ ᠶᠢᠨ | ᠭᠡᠤᠭᠡᠳ ᠤᠨ ᠵᠢᠷᠤᠬᠯᠠᠯ ᠢᠶᠠᠷ ᠦᠷᠲᠡᠭ ᠤᠨ ᠦᠵᠡᠯᠲᠡ ᠶᠢ ᠬᠠᠷᠠᠭᠤᠯᠬᠤ︾ ᠭᠡᠤᠭᠡᠳ ᠤᠨ ᠤᠷᠠᠨ ᠵᠢᠷᠤᠭ ᠤᠨ | ᠲᠡᠯᠭᠡᠨ ᠦᠵᠡᠬᠦᠯᠦᠯᠭᠡ ᠶᠢ ᠡᠷᠭᠢᠯᠡᠨ ᠶᠠᠪᠤᠬᠲᠠᠭᠤᠯᠪᠠ᠃ | ᠲᠤᠰ ᠤᠳᠠᠭᠠᠨ ᠤ ᠳᠡᠯᠭᠡᠨ ᠦᠵᠡᠬᠦᠯᠦᠯᠭᠡ ᠳᠤ ᠨᠡᠶᠢᠲᠡ 155 ᠬᠤᠪᠢ ᠪᠦᠲᠦᠭᠡᠯ ᠲᠡᠯᠭᠡᠭᠳᠡᠵᠥ᠂ ᠡᠭᠦᠨ ᠤ | ᠲᠤᠲᠤᠷ᠎ᠠ ᠤᠷᠠᠨ ᠪᠢᠴᠢᠯᠭᠡ 115 ᠬᠤᠪᠢ᠂ ᠬᠡᠦᠬᠡᠳ ᠤᠨ ᠤᠷᠠᠨ ᠵᠢᠷᠤᠭ 40 ᠬᠤᠪᠢ ᠪᠣᠢ᠃ ᠲᠣᠰ | ᠣᠳᠠᠭᠠᠨ ᠤ ᠠᠵᠢᠯᠯᠠᠭ᠎ᠠ ᠨᠢ ᠭᠥᠮᠥᠰ ᠲᠤ ᠤᠷᠠᠨ ᠪᠢᠴᠢᠯᠭᠡ᠂ ᠬᠡᠦᠬᠡᠳ ᠤᠨ ᠤᠷᠠᠨ ᠵᠢᠷᠤᠭ ᠤᠳ ᠢ ᠰᠤᠨᠢᠷᠬᠠᠨ | ᠦᠵᠡᠭᠦ ᠪᠠᠷ ᠳᠠᠮᠵᠢᠨ ︽ᠪᠤᠶᠠᠨᠰᠠᠭ ᠲᠤᠰᠠᠷᠬᠠᠭ ᠦᠢᠯᠡ ᠪᠠᠷ ᠢᠶᠠᠨ ᠵᠢᠷᠭᠠᠯ ᠢ ᠡᠳ᠋ᠯᠡᠭᠦ︾ ᠤᠯᠠᠮᠵᠢᠯᠠᠯᠲᠤ ᠭᠡᠷ ᠤᠨ | ᠭᠦᠮᠦᠵᠢᠯ᠂ ᠭᠤᠤᠯᠯᠠᠭᠴᠢ ᠦᠷᠲᠡᠭ ᠤᠨ ᠦᠵᠡᠯᠲᠡ ᠶᠢᠨ ᠭᠦᠲᠦᠯᠪᠦᠷᠢ ᠶᠢᠨ ᠲᠤᠤᠷᠠᠭᠢ ᠭᠦᠲᠡᠭᠡ ᠲᠤᠰᠬᠤᠨ ᠤ ᠭᠡᠪ | ᠰᠤᠷᠲᠠᠯ᠂ ᠳᠤᠮᠳᠠᠳᠤ ᠶᠢᠨ ᠤᠯᠠᠮᠵᠢᠯᠠᠯᠲᠤ ᠰᠤᠶᠤᠯ ᠤᠨ ᠤᠭᠢ ᠰᠤᠲᠤ ᠪᠠ ᠦᠨᠢ ᠤᠲᠠᠭᠠᠨ ᠦᠷᠭᠦᠯᠵᠢᠯᠡᠭᠰᠡᠨ | ᠭᠢᠵᠠᠭᠠᠯᠠᠰᠢ ᠦᠭᠡᠢ ᠲᠠᠲᠠᠬᠤ ᠭᠦᠴᠦᠨ ᠢ ᠮᠡᠳᠡᠷᠡᠬᠦᠯᠬᠦ ᠶᠢ ᠵᠤᠷᠢᠭᠰᠠᠨ ᠪᠠᠶᠢᠨ᠎ᠠ᠃ | | |