2019 ᠤᠨ ᠤ ︽ᠲᠤᠮᠳᠠᠲᠤ ᠶᠢ ᠬᠠᠷᠠᠬᠤᠢ᠂ ᠭᠠᠳᠠᠭᠠᠲᠤ ᠤᠯᠤᠰ ᠤᠨ ᠵᠠᠯᠠᠭᠤᠴᠤᠳ ᠤᠨ ᠰᠡᠭᠦᠳᠡᠷᠯᠡᠬᠦ ᠲᠦᠯᠦᠪᠯᠡᠭᠡ︾ ᠶᠢᠨ ︽ᠴᠠᠭ ᠮᠦᠴᠡ᠂ ᠴᠠᠭ ᠤᠯᠠᠷᠢᠯ᠂ ᠴᠠᠭ ᠦᠶ᠎ᠡ︾ ᠭᠤᠤᠯ ᠰᠡᠳᠣᠪᠳᠣ ᠤᠬᠤᠷ ᠹᠢᠯᠢᠮ ᠢ ᠰᠡᠭᠦᠳᠡᠷᠯᠡᠬᠦ ᠠᠵᠢᠯᠯᠠᠭ᠎ᠠ ᠮᠠᠨ ᠤ ᠬᠤᠰᠢᠭᠤᠨ ᠳᠤ ᠶᠠᠪᠤᠭᠳᠠᠯ᠎ᠠ
ᠨᠡᠶᠢᠲᠡᠯᠡᠭᠰᠡᠨ ᠴᠠᠭ᠄
2019-07-08
     ᠣᠶᠢᠷ᠎ᠠ ᠶᠢᠨ ᠡᠳᠣᠷ᠂ ᠰᠢᠨ᠎ᠡ ᠵᠤᠭᠰᠣᠴᠠ ᠠᠴᠠ ᠳᠡᠯᠡᠬᠡᠢ ᠨᠡᠶᠢᠳᠡ ᠳᠤ ᠣᠷᠳᠣᠰ ᠨᠤᠲᠤᠭ ᠢ ᠲᠠᠨᠢᠭᠤᠯᠵᠤ ᠣᠷᠳᠣᠰ ᠨᠤᠲᠤᠭ  ᠤᠨ ᠬᠤᠪᠢᠷᠠᠯᠳᠠ ᠬᠦᠭᠵᠢᠯᠳᠡ ᠶᠢ ᠬᠠᠷᠠᠭᠤᠯᠣᠨ ᠣᠶᠢᠯᠠᠭᠠᠭᠤᠯᠣᠭᠰᠠᠨ 2019 ᠣᠨ ᠤ ︽ᠲᠤᠮᠳᠠᠳᠤ ᠶᠢ ᠬᠠᠷᠠᠬᠤᠢ᠂ ᠭᠠᠳᠠᠭᠠᠲᠤ ᠤᠯᠤᠰ ᠤᠨ ᠵᠠᠯᠠᠭᠤᠴᠤᠳ ᠤᠨ ᠰᠡᠭᠦᠳᠡᠷᠯᠡᠬᠦ ᠳᠦᠯᠣᠪᠯᠡᠯᠭᠡ︾ ᠶᠢᠨ ︽ᠴᠠᠭ ᠮᠦᠴᠡ᠂ ᠴᠠᠭ ᠤᠯᠠᠷᠢᠯ᠂ ᠴᠠᠭ ᠦᠶ᠎ᠡ︾ ᠭᠤᠤᠯ ᠰᠡᠳᠣᠪᠳᠣ ᠤᠬᠤᠷ ᠹᠢᠯᠢᠮ ᠢ ᠰᠡᠭᠦᠳᠡᠷᠯᠡᠬᠦ ᠠᠵᠢᠯᠯᠠᠭ᠎ᠠ ᠤᠯᠠᠭᠠᠨᠲᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠤ ᠨᠤᠮ ᠤᠨ ᠤᠪᠤᠭᠠᠨ ᠳᠤ ᠶᠠᠪᠤᠭᠳᠠᠯ᠎ᠠ᠃      ᠡᠨ᠋ᠨ ᠣᠳᠠᠭᠠᠨ ᠤ ᠠᠵᠢᠯᠯᠠᠭ᠎ᠠ ᠳᠤ ᠭᠠᠳᠠᠭᠠᠳᠣ ᠣᠯᠣᠰ ᠤᠨ 10 ᠣᠳᠣᠷᠢᠳᠣᠭᠠᠴᠢ ᠣᠷᠳᠣᠰ ᠬᠤᠳᠠ ᠶᠢᠨ ᠳᠡᠣᠬᠡ ᠰᠣᠶᠣᠯ ᠪᠤᠯᠤᠨ ᠵᠠᠩ ᠠᠷᠠᠨᠰᠢᠨ ᠢ ᠣᠶᠢᠯᠠᠭᠠᠵᠤ ᠥᠪᠡᠷ ᠥᠪᠡᠷ ᠤᠨ ᠰᠣᠨᠢᠷᠬᠠᠯ ᠪᠣᠯᠣᠨ ᠳᠣᠮᠳᠠᠳᠣ ᠤᠯᠤᠰ ᠤᠨ ᠦᠯᠢᠬᠡᠷ  ᠳᠡᠣᠬᠡ᠂ ᠰᠣᠶᠣᠯ ᠤᠨ ᠲᠤᠬᠠᠢ ᠰᠡᠬᠦᠳᠡᠷᠯᠡᠨ ᠦᠢᠯᠡᠳᠬᠦ ᠵᠣᠭᠰᠣᠴᠠ ᠠᠴᠠ ᠣᠬᠤᠷ ᠹᠢᠯᠢᠮ ᠦᠢᠯᠡᠳᠴᠦ ᠪᠠᠶᠢᠭ᠎ᠠ ᠪᠥᠭᠡᠳ ᠲᠡᠳᠡᠨ ᠤ ᠨᠢᠭᠡᠨ ᠨᠢ ᠯᠧᠪᠠᠨᠦᠨ ᠤᠯᠤᠰ ᠤᠨ ᠰᠠᠨ᠋ᠲ ᠵᠣᠰᠧᠹ ᠶᠡᠭᠡ ᠰᠤᠷᠭᠠᠭᠤᠯᠢ  ᠶᠢᠨ ᠤᠳᠤᠷᠢᠳᠤᠭᠠᠴᠢ ᠶᠢᠨ ᠤᠷᠠᠯᠢᠭ ᠤᠨ ᠮᠡᠷᠭᠡᠵᠢᠯ ᠤᠨ ᠰᠤᠷᠤᠭᠴᠢ ᠠᠯᠢ ᠬᠠᠮᠦᠱ ᠪᠢᠯᠡ᠃ ᠲᠡᠷᠡ ᠦᠤᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤᠨ ᠤ ᠪᠠᠶᠠᠨᠰᠢᠯᠢ ᠭᠠᠴᠠᠭᠠᠨ ᠳᠤ ᠪᠠᠶᠢᠭ᠎ᠠ ᠨᠤᠮ ᠤᠨ ᠤᠪᠤᠭᠠᠨ ᠳᠤ ᠭᠠᠷᠴᠤ ᠠᠳᠡᠬᠢ ᠶᠢᠨ ᠮᠠᠯᠴᠢᠳ ᠨᠤᠮ ᠤᠨ ᠤᠪᠤᠭ᠎ᠠ ᠪᠠᠨ ᠲᠠᠬᠢᠬᠤ ᠶᠢ ᠵᠢᠷᠤᠭᠯᠠᠨ ᠰᠢᠩᠭᠡᠭᠡᠵᠦ ᠣᠪᠣᠭᠠᠨ ᠤ ᠴᠢᠯᠠᠭᠤ ᠪᠣᠯᠭᠠᠨ ᠳᠡᠭᠡᠷ᠎ᠡ ᠰᠡᠶᠢᠯᠦᠭᠰᠡᠨ ᠮᠣᠩᠭᠤᠯ ᠨᠣᠮ ᠰᠤᠳᠤᠷ ᠤᠨ ᠨᠡᠷᠡᠰ᠂ ᠠᠷᠴᠠ ᠰᠠᠩ ᠬᠦᠵᠢ ᠰᠢᠲᠠᠭᠠᠭᠰᠠᠨ ᠬᠦᠯᠢᠰ᠂ ᠤᠪᠤᠭᠠᠨ ᠳᠤ ᠤᠶᠠᠭᠰᠠᠨ ᠬᠥᠬᠡ ᠬᠠᠳᠠᠭ ᠨᠢ ᠮᠣᠩᠭᠤᠯ ᠣᠷᠣᠨ ᠠᠴᠠ ᠬᠡᠳᠦᠨ ᠲᠦᠮᠡᠨ ᠭᠠᠵᠠᠷ ᠤᠨ ᠵᠠᠶᠢᠲᠠᠢ ᠪᠠᠶᠢᠭ᠎ᠠ ᠭᠠᠵᠠᠷ ᠤᠨ ᠳᠤᠮᠳᠠᠳᠤ ᠲᠠᠩᠭᠢᠰ ᠤᠨ ᠬᠠᠵᠠᠭᠤᠳᠠᠭᠢ ᠯᠧᠪᠠᠨᠦᠨ ᠤ 22 ᠨᠠᠰᠤᠲᠠᠢ ᠠᠷᠠᠪ ᠵᠠᠯᠠᠭᠤ  ᠳᠤ ᠠᠪᠴᠤ ᠬᠡᠯᠡᠪᠡᠯ ᠲᠤᠩ ᠰᠣᠨᠢᠨ ᠰᠡᠪᠡᠭᠦᠨ ᠵᠦᠢᠯ ᠪᠣᠯᠵᠣ ᠪᠠᠶᠢᠯ᠎ᠠ᠃      ᠯᠧᠪᠠᠨᠦᠨ ᠤᠯᠤᠰ ᠤᠨ ᠰᠠᠨ᠋ᠲ ᠵᠣᠰᠧᠹ ᠶᠡᠭᠡ ᠰᠤᠷᠭᠠᠭᠤᠯᠢ ᠶᠢᠨ ᠤᠳᠤᠷᠢᠳᠤᠭᠠᠴᠢ ᠶᠢᠨ ᠤᠷᠠᠯᠢᠭ ᠤᠨ ᠮᠡᠷᠭᠡᠵᠢᠯ ᠤᠨ ᠰᠤᠷᠤᠭᠴᠢ ᠠᠯᠢ ᠬᠠᠮᠦᠱ᠄ ︽ᠡᠨᠡ ᠠᠵᠢᠯᠯᠠᠭᠠᠨ ᠳᠤ ᠣᠷᠣᠯᠴᠠᠬᠤ ᠦᠶ᠎ᠡ ᠪᠠᠷ ᠪᠢᠳᠠᠨ ᠳᠤ ᠥᠭᠭᠦᠭᠰᠡᠨ 16 ᠭᠤᠤᠯ ᠰᠡᠳᠦᠪ ᠤᠨ ᠳᠣᠲᠣᠷ᠎ᠠ ︿ᠪᠢᠯᠢᠭ ᠤᠨ ᠰᠠᠩ﹀ ᠤᠨ ᠰᠡᠳᠦᠪ ᠮᠢᠨᠤ ᠰᠣᠨᠢᠷᠬᠠᠯ ᠢ ᠬᠠᠮᠤᠭ ᠤᠨ ᠶᠡᠭᠡ ᠲᠠᠲᠠᠭᠰᠠᠨ ᠶᠤᠮ᠃ ᠡᠨᠡ ᠪᠣᠯ ᠭᠠᠭᠴᠠ ᠨᠣᠮ ᠤᠨ ᠲᠤᠬᠠᠢ ᠰᠡᠳᠦᠪ ᠪᠢᠰᠢ᠂ ᠡᠨᠡ ᠪᠣᠯ ᠰᠣᠶᠣᠯ ᠤᠨ ᠲᠤᠬᠠᠢ᠂ ᠮᠥᠨ ᠲᠡᠦᠬᠡ ᠶᠢᠨ ᠲᠤᠬᠠᠢ ᠰᠡᠳᠦᠪ ᠮᠥᠨ᠃ ᠪᠢ ᠡᠨᠡ ᠰᠡᠳᠦᠪ ᠤᠨ ᠲᠤᠬᠠᠢ ᠤᠶᠢᠯᠠᠭᠠᠬᠤ ᠲᠤᠲᠤᠮ ᠤᠯᠠᠮ ᠰᠣᠨᠢᠷᠬᠠᠯ ᠲᠥᠷᠥᠵᠦ ᠡᠬᠢᠯᠡᠪᠡ᠃ ᠣᠳᠣ ᠳᠤᠮᠳᠠᠳᠤ ᠤᠯᠤᠰ ᠤᠨ ᠬᠢᠨ ᠡᠸᠦ᠋ᠷᠦᠫᠡ᠂ ᠳᠤᠮᠳᠠᠳᠤ ᠳᠣᠷᠣᠨᠠᠲᠤ ᠣᠷᠣᠨ ᠪᠤᠯᠤᠨ ᠠᠽᠢᠶ᠎ᠠ ᠲᠢᠪ ᠢ ᠬᠤᠯᠪᠣᠭᠰᠠᠨ ᠰᠢᠨ᠎ᠡ ᠲᠣᠷᠭᠠᠨ ᠵᠠᠮ ᠢ ᠪᠠᠶᠢᠭᠤᠯᠵᠤ ᠡᠨᠡ ᠨᠢ ᠠᠷᠠᠯᠵᠢᠶ᠎ᠠ ᠶᠢ ᠠᠬᠢᠭᠤᠯᠬᠤ ᠲᠡᠳᠦᠢ ᠦᠭᠡᠢ ᠮᠥᠨ ᠠᠳᠠᠯᠢ ᠪᠤᠰᠤ ᠰᠣᠶᠣᠯ ᠪᠣᠯᠪᠠᠰᠤᠨ ᠢ ᠬᠤᠭᠤᠷᠣᠨᠳᠤ ᠨᠢ ᠬᠤᠯᠪᠣᠬᠤ ᠵᠠᠮ ᠪᠢᠯᠡ᠃ ᠰᠢᠨ᠎ᠡ ᠲᠣᠷᠭᠠᠨ ᠵᠠᠮ ᠪᠣᠯ ᠡᠨᠡ ᠣᠯᠠᠨ ᠰᠣᠶᠣᠯ᠂ ᠦᠵᠡᠯ ᠰᠡᠳᠬᠢᠬᠦᠢ ᠶᠢ ᠬᠤᠯᠪᠣᠭᠰᠠᠨ ᠵᠠᠮ ᠶᠤᠮ︾ ᠬᠡᠪᠡ᠃      ᠳᠣᠰ ᠤᠳᠠᠭᠠᠨ ᠤ ᠠᠵᠢᠯᠯᠠᠭ᠎ᠠ ᠶᠢ ᠪᠡᠬᠡᠵᠢᠩ ᠪᠠᠭᠰᠢ ᠶᠢᠨ ᠶᠡᠭᠡ ᠰᠣᠷᠭᠠᠭᠤᠯᠢ ᠶᠢᠨ ᠬᠤᠢ ᠯᠢᠨ ᠰᠠᠭᠤᠷᠢ ᠮᠦᠩᠬᠦᠨ ᠤ ᠨᠡᠶᠢᠬᠡᠮᠯᠢᠭ᠂ ᠪᠡᠬᠡᠵᠢᠩ ᠪᠠᠭᠰᠢ ᠶᠢᠨ ᠶᠡᠭᠡ ᠰᠣᠷᠭᠠᠭᠤᠯᠢ ᠶᠢᠨ ᠳᠣᠮᠳᠠᠳᠣ ᠶᠢᠨ ᠰᠣᠶᠣᠯ ᠢ ᠣᠯᠠᠨ ᠣᠯᠣᠰ ᠲᠤ ᠰᠣᠷᠳᠠᠯᠴᠢᠯᠠᠬᠤ ᠬᠦᠷᠢᠶᠡᠯᠡᠩ ᠠᠴᠠ ᠭᠤᠤᠯᠯᠠᠨ ᠡᠷᠬᠢᠯᠡᠵᠤ ᠣᠷᠳᠣᠰ ᠬᠤᠳᠠ ᠶᠢᠨ ᠰᠢᠨ᠎ᠡ ᠮᠡᠳᠡᠭᠡ ᠵᠠᠭᠤᠴᠢᠯᠠᠭᠤᠷ ᠤᠨ ᠲᠦᠪ ᠠᠴᠠ ᠳᠠᠭᠠᠭᠠᠴᠢᠯᠠᠨ ᠡᠷᠬᠢᠯᠡᠵᠤ ᠣᠷᠳᠣᠰ ᠬᠤᠳᠠ ᠨᠢ ᠦᠪᠡᠷᠳᠡᠬᠡᠨ ᠵᠠᠰᠠᠬᠤ ᠤᠷᠤᠨ ᠳᠤ  ᠪᠠᠨ ᠴᠣᠷ ᠤᠨ ᠭᠠᠭᠴᠠ ᠳᠣᠰ ᠠᠵᠢᠯᠯᠠᠭ᠎ᠠ ᠶᠢ ᠲᠦᠷᠪᠡᠨ ᠵᠢᠯ ᠳᠠᠷᠠᠭᠠᠯᠠᠵᠦ ᠡᠷᠬᠢᠯᠡᠨ ᠬᠢᠵᠤ ᠪᠠᠶᠢᠭ᠎ᠠ ᠬᠤᠳᠠ ᠪᠣᠯᠣᠭᠰᠠᠨ ᠪᠠᠶᠢᠨ᠎ᠠ᠃      ᠤᠶᠢᠯᠠᠭᠠᠭᠰᠠᠨ ᠢᠶᠠᠷ᠂ ᠡᠨᠡ ᠵᠢᠯ ᠤᠨ ︽ᠳᠣᠮᠳᠠᠳᠣ ᠶᠢ ᠬᠠᠷᠠᠬᠤᠢ᠂ ᠭᠠᠳᠠᠭᠠᠳᠣ ᠣᠯᠣᠰ ᠤᠨ ᠵᠠᠯᠠᠭᠤᠴᠣᠳ  ᠤᠨ ᠰᠡᠭᠦᠳᠡᠷᠯᠡᠬᠦ ᠲᠦᠯᠦᠪᠯᠡᠭᠡ︾ ᠶᠢᠨ ᠠᠵᠢᠯᠯᠠᠭ᠎ᠠ ᠳᠤ ᠺᠠᠨᠠᠳᠠ᠂ ᠯᠧᠪᠠᠨᠤᠨ᠂ ᠰᠢᠩᠭᠠᠫᠣᠷ ᠵᠡᠷᠭᠡ ᠣᠯᠣᠰ ᠤᠨ 10 ᠵᠠᠯᠠᠭᠤ ᠣᠳᠣᠷᠢᠳᠣᠭᠠᠴᠢ ᠣᠷᠳᠣᠰ ᠬᠤᠳᠠ ᠳᠤ ᠢᠷᠡᠨ 17 ᠡᠳᠦᠷ ᠤᠨ ᠬᠤᠭᠤᠴᠠᠭ᠎ᠠ ᠲᠠᠢ ᠰᠡᠬᠦᠳᠡᠷᠯᠡᠨ ᠵᠢᠷᠤᠭᠯᠠᠵᠦ ᠬᠠᠮᠤᠭ ᠡᠴᠦᠰ ᠲᠤ ᠣᠷᠳᠣᠰ ᠬᠤᠳᠠ ᠶᠢᠨ ᠰᠣᠶᠣᠯ ᠤᠨ ᠬᠠᠮᠢᠶᠠᠳᠡᠢ ᠠᠷᠪᠠᠨ ᠣᠬᠤᠷ ᠪᠠᠷᠢᠮᠳᠠᠳᠣ ᠺᠢᠨᠤ᠋ ᠶᠢ ᠦᠢᠯᠡᠳᠦᠨ ᠬᠢᠵᠦ 7 ᠰᠠᠷ᠎ᠠ ᠶᠢᠨ 5 ᠤ ᠡᠳᠦᠷ ᠣᠷᠳᠣᠰ ᠬᠤᠳᠠ ᠳᠤ ᠠᠩᠬ᠎ᠠ ᠦᠵᠡᠬᠦᠯᠤᠭ᠍ᠰᠡᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号