ᠵᠢᠷᠭᠠᠯᠲᠤ ᠶᠢᠨ ᠲᠤᠰᠤᠭᠰᠠᠨ ᠬᠠᠮᠤᠭ ᠤᠨ ᠲᠤᠮᠤ ᠱᠠᠩᠨᠠᠯ
ᠨᠡᠶᠢᠲᠡᠯᠡᠭᠰᠡᠨ ᠴᠠᠭ᠄
2019-07-09
     5 ᠰᠠᠷ᠎ᠠ ᠶᠢᠨ 16 ᠤ ᠡᠳᠦᠷ᠂ ᠦᠤᠰᠢᠨ ᠬᠤᠰᠢᠭᠤᠨ ᠤ ᠦᠤᠰᠢᠨᠵᠤᠤ ᠪᠠᠯᠭᠠᠰᠤ ᠶᠢᠨ ᠪᠦᠷᠢᠳᠤ ᠭᠠᠴᠠᠭᠠᠨ ᠤ ᠮᠠᠯᠴᠢᠨ ᠵᠢᠷᠭᠠᠯᠳᠤ ᠶᠢᠨ ᠬᠢᠨ ᠳᠤ ᠰᠤᠷᠪᠤᠯᠵᠢᠯᠠᠬᠤ ᠪᠠᠷ ᠬᠦᠷᠬᠦ ᠳᠤ᠂ ᠳᠡᠷᠡ ᠶᠠᠭ ᠡᠯᠡᠰᠤ ᠲᠦᠯᠬᠢᠬᠦ ᠤᠳᠬᠤᠭᠤᠷ ᠮᠠᠰᠢᠨ ᠢᠶᠠᠨ ᠵᠢᠯᠤᠭᠤᠳᠤᠨ ᠬᠡᠷ ᠵᠦᠭ ᠢᠶᠠᠨ ᠳᠠᠪᠬᠢᠭᠤᠯᠵᠤ ᠢᠷᠡᠬᠦ ᠲᠠᠢ ᠲᠠᠭᠠᠷᠠᠯᠳᠤᠯ᠎ᠡ᠃ ᠲᠡᠷᠡ ᠡᠷᠳᠡ ᠶᠢᠨ 5 ᠴᠠᠭ ᠤᠨ ᠦᠶ᠎ᠡ ᠪᠠᠷ ᠪᠡᠯᠴᠢᠬᠡᠷ ᠲᠠᠬᠢ ᠵᠠᠮ ᠳᠠᠷᠤᠭᠰᠠᠨ ᠡᠯᠡᠰᠦ ᠶᠢ ᠵᠠᠰᠠᠬᠤ ᠪᠠᠷ ᠭᠠᠷᠤᠭᠠᠳ ᠰᠠᠶ᠋ᠢ ᠪᠤᠴᠠᠵᠤ ᠢᠷᠡᠵᠦ ᠪᠠᠶᠢᠭ᠎ᠠ ᠨᠢ ᠡᠨᠡ ᠠᠵᠢ᠃ ᠵᠢᠷᠭᠠᠯᠳᠤ ︽ᠵᠠ ᠠᠮᠤᠷ︾ ᠬᠡᠵᠦ ᠮᠡᠨᠳᠦᠴᠢᠯᠡᠬᠦ ᠵᠠᠭᠤᠷ᠎ᠠ ᠪᠠᠨ ︽ᠮᠠᠯᠴᠢᠨ ᠬᠦᠮᠦᠨ ᠬᠡᠳᠡᠭ ᠴᠢᠨᠢ ᠦᠷ ᠤᠨ ᠬᠡᠬᠡ ᠪᠠᠷ ᠪᠤᠰᠴᠤ ᠦᠳᠡᠰᠢ ᠶᠢᠨ ᠪᠦᠷᠦᠢ ᠪᠤᠯᠳᠠᠯ᠎ᠠ ᠮᠠᠯ ᠤᠨᠤᠭ᠎ᠠ ᠪᠠᠨ ᠳᠤᠳᠤᠮᠳᠠᠵᠤ᠂ ᠬᠤᠪᠢᠳᠠᠵᠤ ᠳᠠᠭᠠᠭᠠᠴᠢᠯᠠᠭᠰᠠᠨ ᠪᠡᠯᠴᠢᠬᠡᠷ ᠮᠠᠩᠬ᠎ᠠ ᠪᠠᠨ ᠨᠤᠭᠤᠭᠠᠷᠠᠭᠤᠯᠤᠨ᠎ᠠ ᠬᠡᠵᠦ ᠵᠢᠯ ᠤᠨ ᠲᠦᠷᠪᠡᠨ ᠤᠯᠠᠷᠢᠯ ᠢᠶᠠᠷ ᠨᠤᠴᠤᠯᠳᠤᠭᠠᠳ ᠳᠠᠭᠠᠷᠠᠴᠢᠬᠠᠨ᠎ᠠ︾ ᠬᠡᠵᠦ ᠶᠠᠷᠢᠬᠤ ᠶᠢᠨ ᠳᠠᠭᠠᠤ ᠪᠢᠳᠡᠨ ᠢ ᠬᠡᠷ ᠲᠡᠭᠡᠨ ᠤᠷᠢᠪᠠ᠃      ᠵᠢᠷᠭᠠᠯᠳᠤ ᠶᠢᠨ ᠭᠡᠷ ᠲᠤᠨᠢ ᠰᠢᠨ᠎ᠡ ᠴᠠᠭ ᠤᠨ ᠡᠳ᠋ᠯᠡᠯ ᠬᠡᠷᠡᠭᠰᠡᠯ ᠪᠦᠷᠢᠨ ᠪᠠᠶᠢᠵᠤ᠂ ᠵᠤᠴᠢᠳ ᠤᠨ ᠦᠷᠦᠬᠡᠨ ᠤ ᠠᠷᠤ ᠬᠠᠨ᠎ᠠ ᠳᠠᠭᠠᠨ ᠬᠦᠬᠡ ᠳᠤᠷᠭᠠᠨ ᠳᠡᠬᠡᠷ᠎ᠡ ᠤᠷᠠᠯᠠᠵᠤ ᠬᠠᠳᠬᠤᠭᠰᠠᠠ ︽ᠡᠵᠡᠨ ᠰᠠᠩ︾ ᠡᠯᠭᠦᠵᠦ᠂ ᠵᠠᠬᠦᠨ ᠪᠠᠷᠠᠭᠤᠨ ᠬᠠᠨ᠎ᠠ ᠳᠠᠭᠠᠨ ᠮᠤᠩᠭᠤᠯ ᠨᠤᠳᠤᠭ ᠤᠨ ᠭᠤᠶᠤ ᠰᠠᠶᠢᠬᠠᠨ ᠦᠵᠡᠮᠵᠢ ᠵᠢᠷᠤᠭ ᠡᠯᠬᠦᠵᠦ᠂ ᠬᠤᠳᠠ ᠭᠠᠵᠠᠷ ᠤᠨ ᠠᠰᠠᠷ ᠲᠠᠭᠳᠤ ᠠᠴᠠ ᠳᠤᠤᠷᠠᠳᠠᠬᠤ ᠦᠬᠡᠢ ᠭᠤᠶᠤ ᠰᠠᠶᠢᠬᠠᠨ ᠴᠢᠮᠡᠭᠯᠡᠨ ᠵᠠᠰᠠᠭᠰᠠᠨ ᠪᠠᠶᠢᠯ᠎ᠠ᠃ ᠵᠢᠷᠭᠠᠯᠳᠤ ᠴᠠᠢ ᠠᠶᠠᠭᠠᠯᠠᠬᠤ ᠵᠠᠭᠤᠷ᠎ᠠ ᠪᠠᠨ᠄ ︽ᠡᠨᠡ ᠪᠠᠶᠢᠰᠢᠩ ᠢ ᠨᠢᠳᠤᠨᠤᠨ ᠪᠠᠷᠢᠭᠰᠠᠨ᠂ ᠪᠦᠬᠦᠳᠡ ᠶᠢ ᠵᠠᠰᠠᠵᠤ ᠴᠢᠮᠡᠭᠯᠡᠵᠤ ᠳᠠᠭᠤᠰᠳᠠᠯ᠎ᠠ 40 ᠭᠠᠷᠤᠢ ᠲᠦᠮᠡᠨ ᠲᠦᠬᠦᠷᠢᠭ ᠵᠠᠷᠤᠴᠢᠬᠠᠯ᠎ᠠ᠂ ᠨᠤᠳᠤᠭ ᠤᠨ ᠪᠤᠶᠠᠨ ᠢᠶᠠᠷ ᠯᠡ ᠡᠨᠡ ᠰᠠᠶᠢᠬᠠᠨ ᠵᠢᠷᠭᠠᠯᠳᠤ ᠠᠮᠢᠳᠤᠷᠠᠯ ᠢ ᠡᠳ᠋ᠯᠡᠵᠦ ᠪᠠᠶᠢᠨ᠎ᠠ ᠰᠢᠤ︾ ᠬᠡᠵᠦ ᠰᠡᠳᠬᠢᠯ ᠬᠠᠩᠬᠤᠯᠤᠭᠤᠨ ᠶᠠᠷᠢᠨ᠎ᠠ᠃      ᠮᠠᠯᠴᠢᠨ ᠬᠦᠮᠦᠨ ᠤ ᠵᠢᠷᠭᠠᠯᠳᠤ ᠠᠮᠢᠳᠤᠷᠠᠯ ᠬᠡᠭᠴᠢ ᠲᠡᠳᠡᠨ ᠤ ᠤᠶᠤᠨ ᠤᠬᠠᠭᠠᠨ ᠪᠠ ᠠᠵᠢᠯᠴᠢ ᠬᠦᠳᠡᠯᠮᠦᠷᠢᠴᠢ ᠬᠤᠶᠠᠷ ᠭᠠᠷ ᠢᠶᠠᠷ ᠪᠦᠳᠦᠬᠡᠭᠳᠡᠳᠡᠭ ᠤᠴᠢᠷᠳᠠᠢ᠃ ᠬᠦᠳᠡᠯᠮᠦᠷᠢ ᠪᠠᠷ ᠢᠶᠠᠨ ᠬᠦᠰᠡᠯ ᠵᠤᠷᠢᠯᠳᠠ ᠪᠠᠨ ᠪᠡᠶᠡᠯᠡᠬᠦᠯᠬᠦ ᠨᠢ ᠵᠢᠷᠭᠠᠯᠳᠤ ᠶᠢᠨ 30 ᠭᠠᠷᠤᠢ ᠵᠢᠯ ᠡᠯᠡᠰᠦ ᠮᠠᠩᠬ᠎ᠠ ᠲᠠᠢ ᠬᠤᠪᠢ ᠵᠠᠶᠠᠭ᠎ᠠ ᠪᠠᠨ ᠬᠤᠯᠪᠤᠵᠤ ᠶᠠᠪᠤᠬᠤ ᠶᠢᠨ ᠬᠢᠨᠢ ᠡᠷᠴᠢ ᠬᠦᠴᠦᠨ ᠨᠢ ᠪᠤᠯᠵᠤ ᠪᠠᠶᠢᠭᠰᠠᠨ ᠪᠤᠯ ᠳᠡᠬᠦᠨ ᠤ ᠦᠨᠦᠳᠦᠷ ᠤᠨ ᠴᠢᠨᠡᠬᠡᠯᠢᠭ ᠠᠮᠢᠳᠤᠷᠠᠯ ᠨᠢ ᠨᠤᠳᠤᠭ ᠢᠶᠠᠨ ᠨᠤᠭᠤᠭᠠᠷᠠᠭᠤᠯᠬᠤ ᠪᠠᠷ ᠳᠡᠮᠡᠴᠡᠭᠰᠡᠨ ᠵᠢᠳᠬᠦᠯ ᠴᠢᠷᠮᠠᠶᠢᠯᠭ᠎ᠠ ᠶᠢᠨ ᠬᠢᠨᠢ ᠦᠷ᠎ᠡ ᠳ᠋ᠦᠩ ᠪᠢᠯᠡ᠃      ᠵᠢᠷᠭᠠᠯᠳᠤ ᠶᠢᠨ ᠬᠢᠨ ᠪᠦᠷᠢᠳᠤ ᠭᠠᠴᠠᠭᠠᠨ ᠤ ᠪᠠᠶᠢᠰᠢᠩ ᠤᠨ ᠬᠤᠭᠤᠯᠠᠢ ᠬᠡᠳᠡᠭ ᠭᠠᠵᠠᠷ ᠲᠤ ᠰᠠᠭᠤᠳᠠᠭ᠃ ᠪᠡᠯᠴᠢᠬᠡᠷ ᠢ ᠡᠷᠦᠬᠡ ᠳᠤ ᠳᠠᠭᠠᠭᠠᠴᠢᠯᠠᠭᠤᠯᠬᠤ ᠦᠶ᠎ᠠ ᠳᠤ ᠡᠳᠡᠨ ᠤ ᠬᠢᠨ 12000 ᠭᠠᠷᠤᠢ ᠮᠦ ᠪᠡᠯᠴᠢᠬᠡᠷ ᠬᠤᠪᠢᠳᠠᠨ ᠤᠯᠵᠤ᠂ ᠡᠬᠦᠨ ᠳᠤ ᠨᠤᠭᠤᠭᠠᠨ ᠰᠢᠯᠢ ᠭᠠᠵᠠᠷ ᠨᠢ 600 ᠮᠦ ᠯᠡ ᠪᠠᠶᠢᠵᠤ᠂ ᠪᠤᠰᠤᠳ ᠨᠢ ᠪᠦᠷ ᠬᠦᠯᠢᠬᠡᠷ ᠴᠠᠭᠠᠨ ᠮᠠᠩᠬ᠎ᠠ ᠪᠠᠶᠢᠯ ᠎ᠠ᠃ ︽ᠡᠨᠡ ᠨᠤᠳᠤᠭ ᠤᠨ ᠡᠯᠡᠰᠦ ᠶᠢ ᠳᠤᠭᠳᠠᠪᠤᠷᠢᠵᠢᠭᠤᠯᠵᠤ ᠨᠤᠭᠤᠭᠠᠷᠠᠭᠤᠯᠵᠤ ᠠᠪᠳᠠᠯ᠎ᠠ ᠪᠠᠨ ᠬᠡᠷᠬᠡᠢ ᠲᠠᠢ ᠪᠠᠨ ᠬᠤᠶᠠᠭᠤᠯᠠ ᠶᠠᠭ 37 ᠵᠢᠯ ᠳᠡᠮᠡᠴᠡᠯ᠎ᠡ᠃ ᠨᠠᠮ᠎ᠠ ᠶᠢ ᠲᠦᠬᠦᠬᠡ ᠤᠷᠤᠬᠤ ᠦᠶ᠎ᠠ ᠳᠤ ᠡᠨᠡ ᠭᠠᠵᠠᠷ ᠰᠦᠷᠡᠬᠡᠢ ᠵᠠᠭ ᠲᠠᠢ ᠭᠠᠵᠠᠷ ᠪᠠᠶᠢᠭᠰᠠᠨ᠃ ᠠᠷᠪᠠᠨ ᠳᠤᠯᠤᠭ᠎ᠠ ᠨᠠᠶᠢᠮᠠ ᠬᠦᠷᠬᠦ ᠦᠶ᠎ᠡ ᠳᠤ ᠨᠡᠯᠦᠬᠡᠷ ᠮᠠᠩᠬ᠎ᠠ ᠪᠤᠯᠵᠤ᠂ ᠰᠠᠭᠤᠵᠤ ᠪᠠᠶᠢᠭᠰᠠᠨ ᠰᠢᠪᠠᠷ ᠮᠤᠳᠤᠨ ᠪᠠᠶᠢᠰᠢᠩ᠂ ᠬᠤᠨᠢᠨ ᠬᠤᠷᠤᠭ᠎ᠠ ᠶᠢ ᠡᠯᠡᠰᠦ ᠳᠠᠷᠤᠵᠤ᠂ ᠡᠬᠦᠳᠡ ᠪᠠᠨ ᠨᠡᠬᠡᠬᠡᠵᠦ ᠴᠤ ᠳᠡᠶᠢᠯᠬᠦ ᠦᠬᠡᠢ ᠬᠡᠮᠵᠢᠶᠡᠨ ᠳᠤ ᠬᠦᠷᠴᠡᠢ᠃ ᠳᠡᠬᠡᠬᠡᠳ ᠮᠠᠩᠬ᠎ᠠ ᠶᠢ ᠳᠤᠭᠳᠠᠪᠤᠷᠢᠵᠢᠭᠤᠯᠬᠤ ᠠᠷᠭ᠎ᠠ ᠪᠤᠳᠤᠬᠤ ᠦᠬᠡᠢ ᠤᠤ᠂ ᠬᠡᠷ ᠬᠤᠷᠤᠭ᠎ᠠ ᠳᠠᠭᠠᠨ ᠨᠦᠮᠦᠷᠢ ᠴᠤ ᠭᠠᠷᠭᠠᠬᠤ ᠶᠢ ᠪᠤᠳᠤᠯ ᠳ᠋ᠠ ᠬᠡᠬᠦ ᠡᠵᠢ ᠶᠢᠨ ᠢᠶᠠᠨ ᠵᠠᠬᠢᠶ᠎ᠠ ᠪᠠᠷ ᠬᠡᠷ ᠤᠨ ᠠᠷᠤ ᠶᠢᠨ ᠮᠠᠩᠬ᠎ᠠ ᠪᠠᠨ ᠳᠤᠭᠳᠠᠪᠤᠷᠢᠵᠢᠭᠤᠯᠬᠤ ᠪᠠᠷ ᠰᠢᠪᠠᠭ ᠤᠨ ᠮᠤᠳᠤ ᠳᠠᠷᠢᠵᠤ ᠡᠬᠢᠯᠡᠭᠰᠡᠨ︾ ᠬᠡᠵᠦ ᠵᠢᠷᠭᠠᠯᠳᠤ ᠡᠷᠬᠢᠴᠡᠬᠦᠯᠬᠦ ᠶᠢᠨ ᠲᠠᠭᠠᠤ ᠤᠳᠤ ᠴᠢᠨᠢ ᠨᠤᠳᠤᠭ ᠤᠨ ᠢᠶᠠᠨ 80% ᠶᠢ ᠨᠤᠭᠤᠭᠠᠷᠠᠭᠤᠯᠤᠭᠠᠳ ᠠᠪᠴᠢᠬᠠᠯ᠎ᠠ ᠬᠡᠵᠦ ᠰᠡᠳᠬᠢᠯ ᠳᠡᠨᠢᠬᠦᠨ ᠬᠡᠯᠡᠵᠤ ᠪᠠᠶᠢᠯ᠎ᠠ᠃      ᠬᠠᠮᠠᠷ ᠬᠠᠳᠬᠤᠬᠤ ᠡᠪᠡᠰᠦ ᠦᠬᠡᠢ ᠭᠦᠶᠦᠳᠡᠯ ᠮᠠᠩᠬᠠᠨ ᠳᠤ ᠮᠤᠳᠤ ᠵᠠᠶᠢᠯᠠᠵᠤ ᠳᠤᠭᠳᠠᠪᠤᠷᠢᠵᠢᠭᠤᠯᠵᠤ ᠠᠪᠬᠤ ᠬᠡᠭᠴᠢ ᠬᠦᠮᠦᠰ ᠤᠨ ᠵᠤᠷᠢᠭ ᠰᠦᠰᠦᠨ ᠤ ᠶᠡᠭᠡ ᠰᠤᠷᠢᠭ᠎ᠠ ᠪᠠᠶᠢᠵᠠᠢ᠃ ᠵᠢᠷᠭᠠᠯᠳᠤ ᠬᠡᠷ ᠤᠨ ᠠᠷᠤ ᠶᠢᠨ ᠮᠠᠩᠬ᠎ᠠ ᠪᠠᠨ ᠳᠠᠷᠢᠵᠤ ᠳᠤᠭᠳᠠᠪᠤᠷᠢᠵᠢᠭᠤᠯᠬᠤ ᠳᠤ ᠲᠦᠷᠪᠡ ᠳᠠᠪᠤᠨ ᠵᠢᠯ ᠨᠤᠴᠤᠯᠳᠤᠵᠤ᠂ ᠴᠤᠬᠤᠮ ᠦᠢᠯᠡ ᠪᠠᠨ ᠦᠵᠡᠵᠦ ᠦᠰᠦ ᠪᠠᠨ ᠳᠡᠬᠦᠭᠰᠡᠨ ᠶᠤᠮ ᠪᠠᠶᠢᠵᠠᠢ᠃ ᠨᠠᠶᠠᠭᠠᠳ ᠤᠨ ᠳᠤ ᠬᠡᠷ ᠨᠤᠳᠤᠭ ᠢᠶᠠᠨ ᠬᠠᠮᠠᠭᠠᠯᠠᠬᠤ ᠶᠢᠨ ᠲᠦᠯᠦᠬᠡ᠂ 6 ᠭᠠᠵᠠᠷ ᠤᠨ ᠬᠤᠯᠠ ᠤᠳᠤᠷ ᠤᠨ ᠰᠢᠪᠠᠭ ᠬᠡᠬᠦ ᠭᠠᠵᠠᠷ ᠠᠴᠠ ᠬᠡᠷᠬᠡᠢ ᠲᠠᠢ ᠪᠠᠨ ᠬᠤᠶᠠᠭᠤᠯᠠ ᠰᠢᠪᠠᠭ ᠡᠬᠦᠷᠴᠦ ᠢᠷᠡᠵᠦ ᠳᠠᠷᠢᠵᠤ ᠪᠠᠶᠢᠭᠰᠠᠨ ᠬᠡᠨ᠎ᠡ᠃ ᠵᠢᠯ ᠳᠤᠵᠢ ᠮᠤᠩᠭᠠᠨᠢᠭᠠᠳ ᠨᠢᠬᠡ ᠤᠪᠤᠭ᠎ᠠ ᠮᠠᠩᠬ᠎ᠠ ᠶᠢ ᠳᠠᠷᠢᠭᠠᠳ ᠳᠠᠭᠤᠰᠬᠤ ᠳᠤ᠂ ᠳᠠᠬᠢᠭᠠᠳ ᠨᠢᠬᠡ ᠵᠢᠯ ᠰᠠᠯᠬᠢᠯᠠᠪᠠᠯ ᠡᠯᠡᠰᠦᠨ ᠳᠤ ᠳᠠᠷᠤᠭᠳᠠᠴᠢᠬᠠᠨ᠎ᠠ᠃ ᠭᠦᠶᠦᠳᠡᠯ ᠮᠠᠩᠬ᠎ᠠ ᠪᠡᠯᠴᠢᠬᠡᠷ ᠢ ᠳᠠᠷᠤᠵᠤ ᠪᠠᠶᠢᠨ᠎ᠠ ᠬᠡᠳ ᠰᠠᠨᠳᠤᠷᠬᠤ ᠳᠠᠭᠠᠨ ᠮᠠᠩᠬᠠᠨ ᠤᠷᠤᠢ ᠠᠴᠠ ᠨᠢ ᠰᠢᠪᠠᠭ ᠳᠠᠷᠢᠵᠤ ᠦᠵᠡᠯ᠎ᠡ᠂ ᠮᠠᠩᠬᠠᠨ ᠪᠠᠯ᠂ ᠮᠠᠩᠬᠠᠨ ᠠᠷᠤ ᠠᠴᠠ ᠳᠠᠷᠢᠵᠤ ᠦᠵᠡᠭᠰᠡᠨ ᠴᠤ ᠪᠦᠷ ᠪᠦᠲᠦᠭᠰᠡᠨ ᠦᠬᠡᠢ ᠪᠠᠶᠢᠵᠤ᠂ ᠰᠡᠬᠦᠯᠡᠷ ᠨᠢ ᠠᠬᠢᠨ ᠲᠠᠪᠳᠠᠨ ᠪᠤᠳᠤᠯᠬᠢᠯᠠᠵᠤ᠂ ᠲᠤᠷᠰᠢᠨ ᠬᠢᠭᠰᠡᠬᠡᠷ ᠪᠠᠶᠢᠵᠤ᠂ ᠪᠡᠯᠴᠢᠬᠡᠷ ᠤᠨ ᠬᠤᠶᠠᠷ ᠬᠦᠪᠡᠭᠡ ᠠᠴᠠ ᠨᠢ ᠳᠤᠷᠰᠢᠵᠤ ᠳᠠᠷᠢᠭᠰᠠᠨ ᠨᠢ ᠲᠤᠩ ᠪᠦᠲᠦᠮᠵᠢᠳᠡᠢ ᠪᠤᠯᠤᠭᠰᠠᠨ ᠬᠡᠨ᠎ᠡ᠃      ᠨᠤᠭᠤᠷᠢᠯ ᠪᠦᠳᠦᠷᠢᠯ ᠪᠠ ᠬᠠᠶᠢᠨ ᠰᠦᠪᠡᠭᠴᠢᠯᠡᠯᠳᠡ ᠳᠤᠮᠳᠠ ᠵᠢᠷᠭᠠᠯᠳᠤ ᠶᠢᠨ ᠨᠤᠳᠤᠭ ᠢᠶᠠᠨ ᠨᠤᠭᠤᠭᠠᠷᠠᠭᠤᠯᠬᠤ᠂ ᠡᠯᠡᠰᠦ ᠲᠠᠢ ᠳᠡᠮᠡᠴᠡᠬᠦ ᠠᠵᠢᠯ ᠦᠷᠬᠦᠯᠵᠢᠯᠡᠭᠰᠡᠬᠡᠷ ᠪᠠᠶᠢᠯ᠎ᠠ᠃ ᠡᠯᠡᠰᠦᠨ ᠳᠤ ᠪᠤᠷᠭᠠᠰᠤ ᠳᠠᠷᠢᠬᠤ ᠨᠢ ᠶᠡᠭᠡ ᠵᠦᠬᠡᠷ ᠬᠡᠰᠡᠨ ᠢ ᠪᠤᠰᠤᠳ ᠠᠴᠠ ᠰᠤᠨᠤᠰᠴᠤ᠂ ᠭᠤᠴᠢᠨ ᠭᠠᠵᠠᠷ ᠤᠨ ᠬᠤᠯᠠ ᠠᠴᠠ ᠪᠤᠷᠭᠠᠰᠤ ᠠᠪᠴᠢᠷᠠᠵᠤ ᠳᠠᠷᠢᠬᠤ ᠬᠡᠮᠡᠨ ᠡᠯᠵᠢᠬᠡ ᠬᠤᠳᠠᠯᠳᠤᠨ ᠠᠪᠴᠤ᠂ ᠠᠴᠢᠵᠤ ᠠᠪᠴᠢᠷᠠᠵᠤ ᠪᠠᠶᠢᠭᠰᠠᠨ᠂ ᠪᠤᠭᠤᠵᠢ ᠲᠠᠢ ᠪᠤᠷᠭᠠᠰᠤ ᠲᠡᠩᠳᠡᠬᠦᠦ ᠬᠦᠨᠳᠤ ᠲᠤᠯᠠ ᠡᠯᠵᠢᠬᠡᠨ ᠲᠡᠬᠡᠷ᠎ᠠ ᠡᠷᠬᠦᠵᠤ ᠭᠠᠷᠭᠠᠵᠤ ᠲᠠᠶᠢᠯᠬᠦ ᠦᠬᠡᠢ ᠠᠷᠭ᠎ᠠ ᠪᠤᠰᠤ ᠡᠯᠡᠰᠦᠨ ᠳᠤ ᠨᠦᠬᠡ ᠮᠠᠯᠳᠠᠨ ᠡᠯᠵᠢᠬᠡ ᠪᠠᠨ ᠰᠢᠷᠭᠤᠭᠤᠯᠵᠤ ᠠᠴᠢᠵᠤ ᠪᠠᠶᠢᠭᠰᠠᠨ᠂ ᠰᠡᠬᠦᠯᠡᠷ ᠨᠢ ᠡᠯᠵᠢᠬᠡᠨ ᠳᠡᠷᠬᠡ ᠲᠠᠢ ᠪᠤᠯᠵᠤ ᠬᠡᠳᠦᠨ ᠪᠤᠭᠤᠵᠢ ᠪᠠᠷ ᠪᠤᠷᠭᠠᠰᠤ ᠳᠡᠬᠡᠬᠡᠵᠦ ᠲᠡᠶᠢᠯᠳᠡᠭ ᠪᠤᠯᠵᠠᠢ᠂ ᠪᠠᠰᠠ ᠬᠤᠶᠠᠷ ᠡᠯᠵᠢᠬᠡ ᠬᠦᠯᠦᠭᠰᠡᠨ ᠲᠡᠷᠬᠡ ᠪᠠᠨ ᠬᠦᠭᠯᠡᠬᠦᠯᠵᠦ ᠪᠠᠶᠢᠭᠰᠠᠨ ᠴᠤ ᠤᠳᠠᠭ᠎ᠠ ᠲᠠᠢ ᠬᠡᠵᠦ ᠦᠯᠢᠬᠡᠷ ᠲᠡᠦᠬᠡ ᠪᠠᠨ ᠺᠢᠨᠣ᠋ ᠶᠢᠨ ᠦᠯᠢᠭᠡᠷ ᠰᠢᠭ ᠶᠠᠷᠢᠵᠤ ᠪᠠᠶᠢᠯ᠎ᠠ᠃      ︽ᠨᠢᠬᠡ ᠪᠤᠳᠠ ᠶᠢ ᠳᠠᠷᠢᠵᠤ ᠤᠷᠭᠤᠭᠤᠯᠪᠠᠯ ᠨᠢᠬᠡ ᠳᠠᠤᠯᠠᠢ ᠶᠢᠨ ᠬᠡᠪᠳᠡᠷᠢ ᠭᠠᠷᠴᠢᠬᠠᠨ᠎ᠠ᠂ ᠨᠢᠬᠡ ᠮᠠᠩᠬᠠᠨ ᠤᠷᠤᠢ ᠶᠢ ᠳᠠᠷᠢᠵᠤ ᠨᠤᠭᠤᠭᠠᠷᠠᠭᠤᠯᠪᠠᠯ ᠠᠷᠪᠠᠨ ᠬᠤᠨᠢᠨ ᠤ ᠪᠡᠯᠴᠢᠬᠡᠷ ᠭᠠᠷᠴᠢᠬᠠᠨ᠎ᠠ︾ ᠡᠨᠡ ᠪᠤᠯ ᠵᠢᠷᠭᠠᠯᠳᠤ ᠶᠢᠨ ᠤᠯᠠᠨ ᠵᠢᠯ ᠤᠨ ᠲᠤᠷᠰᠢᠬᠢ ᠦᠪᠡᠷ ᠢ ᠪᠠᠨ ᠵᠤᠷᠢᠭᠵᠢᠭᠤᠯᠵᠤ ᠢᠷᠡᠭᠰᠡᠨ ᠦᠬᠡ ᠶᠤᠮ᠃ ᠬᠡᠦᠬᠡᠳ ᠨᠢᠯᠬ᠎ᠠ ᠪᠠᠨ ᠳᠠᠭᠠᠭᠤᠯᠵᠤ ᠬᠡᠳᠦᠨ ᠵᠢᠯ ᠬᠠᠯᠠᠰᠢᠷᠠᠯ ᠦᠬᠡᠢ ᠳᠡᠮᠡᠴᠡᠵᠦ ᠢᠷᠡᠭᠰᠡᠨ ᠢᠶᠠᠷ ᠬᠡᠷ ᠤᠨ ᠬᠠᠵᠠᠭᠤ ᠬᠠᠪᠢ ᠪᠠᠷ ᠳᠠᠷᠢᠭᠰᠠᠨ ᠮᠦᠷ ᠮᠦᠷ ᠪᠤᠷᠭᠠᠰᠤ ᠰᠢᠪᠠᠭ ᠨᠢ ᠨᠤᠭᠤᠭᠠᠷᠠᠵᠤ ᠵᠢᠷᠭᠠᠯᠳᠤ ᠶᠢᠨ ᠵᠤᠷᠢᠭ ᠤᠯᠠᠮ ᠬᠦᠪᠴᠢᠯᠡᠭᠳᠡᠨ᠎ᠡ᠃ ︽ᠡᠯᠡᠰᠦ ᠮᠠᠩᠬ᠎ᠠ ᠶᠢ ᠦᠬᠡᠷᠡᠴᠢᠯᠡᠵᠤ ᠲᠤᠬᠳᠠᠪᠤᠷᠢᠵᠢᠭᠤᠯᠬᠤ ᠳᠤ ᠰᠢᠪᠠᠭ ᠪᠤᠯ ᠬᠠᠮᠤᠭ ᠤᠨ ᠳᠤᠬᠢᠷᠠᠮᠵᠢᠳᠠᠢ᠂ ᠬᠠᠮᠤᠭ ᠤᠨ ᠬᠦᠴᠦ ᠪᠠᠨ ᠡᠷᠬᠦᠭᠰᠡᠨ ᠤᠷᠭᠤᠮᠠᠯ ᠶᠤᠮ᠃ ᠤᠳᠠ ᠮᠤᠳᠤᠨ ᠤ ᠰᠠᠭᠰᠠᠭᠠᠷ ᠰᠠᠯᠠᠭ᠎ᠠ ᠨᠠᠮᠠᠭ᠎ᠠ ᠨᠢ ᠰᠠᠯᠬᠢᠨ ᠢ ᠬᠠᠭᠠᠬᠤ ᠳ᠋ᠤ᠋ ᠰᠠᠶᠢᠨ᠂ ᠤᠳᠠ᠂ ᠪᠤᠷᠭᠠᠰᠤ ᠲᠤᠷᠯᠤᠭ ᠤᠨ ᠨᠠᠪᠴᠢ ᠨᠠᠮᠠᠭ᠎ᠠ ᠶᠢ ᠬᠤᠨᠢ ᠮᠠᠯ ᠴᠤ ᠢᠳᠡᠬᠦ ᠳᠤᠷᠠᠳᠠᠢ᠂ ᠤᠯᠢᠶᠠᠰᠤᠨ ᠮᠤᠳᠤᠨ ᠤ ᠲᠤᠤᠭᠤᠷ ᠡᠪᠡᠰᠦ ᠤᠷᠭᠤᠬᠤ ᠦᠬᠡᠢ᠂ ᠮᠤᠳᠤ ᠳᠠᠷᠢᠬᠤ ᠳᠠᠭᠠᠨ ᠴᠠᠭ ᠢ ᠠᠮᠵᠢᠬᠤ ᠨᠢ ᠴᠢᠬᠤᠯᠠ᠂ ᠬᠠᠪᠤᠷ ᠮᠤᠳᠤ ᠰᠤᠶᠤᠭᠠᠯᠠᠬᠤ ᠦᠶ᠎ᠡ ᠳᠤ ᠡᠯᠡᠰᠦᠨ ᠳᠤ ᠠᠪᠠᠴᠢᠵᠤ ᠰᠢᠷᠭᠤᠭᠤᠯᠪᠠᠯ ᠡᠳᠡᠬᠡᠷᠡᠯᠳᠡ ᠶᠢᠨ ᠨᠤᠷᠮ᠎ᠠ ᠨᠢ ᠴᠤ ᠦᠨᠳᠦᠷ︾ ᠵᠢᠷᠭᠠᠯᠳᠤ ᠢᠡᠭᠬᠢᠵᠤ ᠨᠤᠳᠤᠭ ᠪᠡᠯᠴᠢᠬᠡᠷ ᠢᠶᠠᠨ ᠨᠤᠭᠤᠭᠠᠷᠠᠭᠤᠯᠬᠤ ᠳᠤ ᠦᠯᠡᠮᠵᠢ ᠲᠤᠷᠰᠢᠯᠭ᠎ᠠ ᠬᠤᠷᠠᠮᠳᠤᠭᠤᠯᠵᠤ᠂ ᠪᠤᠳᠠᠳᠠᠢ ᠠᠮᠵᠢᠯᠳᠠ ᠤᠯᠵᠠᠢ᠃      ᠵᠢᠷᠭᠠᠯᠳᠤ ᠢᠳᠡᠵᠦ ᠡᠮᠦᠰᠬᠦ ᠪᠠᠨ ᠠᠷᠪᠢᠯᠡᠨ᠂ ᠤᠯᠤᠭᠰᠠᠨ ᠲᠤᠭᠠᠳᠠᠢ ᠬᠡᠳᠦᠨ ᠮᠦᠩᠬᠦ ᠪᠠᠨ ᠡᠯᠡᠰᠦ ᠶᠢ ᠨᠤᠭᠤᠭᠠᠷᠠᠭᠤᠯᠬᠤ ᠳᠤ ᠵᠠᠷᠤᠴᠠᠭᠤᠯᠴᠢᠬᠠᠳᠠᠭ ᠪᠤᠯᠬᠤᠷ ᠦᠷᠭᠦᠯᠵᠢ ᠭᠠᠷ ᠦᠵᠦᠬᠦᠷ ᠭᠠᠴᠢᠭᠳᠠᠳᠠᠭ ᠪᠠᠶᠢᠯ᠎ᠠ᠃ ᠲᠡᠷᠡ ᠡᠷᠪᠡᠢ ᠦᠷ᠎ᠡ ᠨᠢ ᠳᠤᠮᠤ ᠪᠤᠯᠵᠤ ᠪᠠᠶᠢᠬᠤ ᠶᠢ ᠬᠠᠷᠠᠭᠠᠳ ᠰᠡᠳᠬᠢᠯ ᠲᠦᠪᠲᠡᠬᠦ ᠦᠭᠡᠢ ᠪᠤᠯᠵᠤ᠂ ᠠᠮᠢᠳᠤᠷᠠᠬᠤ ᠶᠢᠨ ᠡᠷᠬᠡ ᠪᠠᠷ ᠦᠬᠡᠷ᠎ᠡ ᠠᠷᠭ᠎ᠠ ᠵᠠᠮ ᠡᠷᠢᠵᠤ᠂ 2003 ᠤᠨ ᠳᠤ ᠬᠤᠰᠢᠭᠤᠨ ᠳᠡᠬᠡᠷ᠎ᠡ ᠪᠠᠨ ᠬᠡᠷ ᠲᠦᠷᠢᠶᠡᠰᠦᠯᠡᠵᠦ ᠰᠠᠭᠠᠯᠢ ᠶᠢᠨ ᠦᠨᠢᠶ᠎ᠠ ᠬᠤᠳᠠᠯᠳᠤᠨ ᠠᠪᠴᠤ ᠳᠡᠵᠢᠬᠡᠭᠰᠡᠨ ᠪᠤᠯᠪᠠᠴᠤ᠂ 36 ᠡᠳᠦᠷ ᠪᠤᠯᠤᠮᠠᠬᠴᠠ ᠶᠡᠷᠦ ᠰᠠᠭᠤᠵᠤ ᠳᠠᠳᠬᠤ ᠦᠬᠡᠢ ᠪᠤᠯᠬᠤᠷ ᠦᠨᠢᠶ᠎ᠡ ᠪᠠᠨ ᠳᠠᠭᠤᠭᠠᠳ ᠨᠤᠳᠤᠬ ᠲᠠᠭᠠᠨ ᠪᠤᠴᠠᠬᠰᠠᠨ ᠪᠠᠶᠢᠯ᠎ᠠ᠃ ᠲᠡᠬᠡᠬᠡᠳ ᠡᠯᠡᠰᠤ ᠮᠠᠩᠬ᠎ᠠ ᠶᠢ ᠤᠶᠢᠵᠢᠭᠤᠯᠤᠨ ᠨᠤᠭᠤᠭᠠᠷᠠᠭᠤᠯᠵᠤ᠂ ᠢᠯᠡᠬᠦᠦ ᠬᠡᠳᠦᠨ ᠮᠠᠯ ᠮᠠᠯᠵᠢᠬᠤ ᠨᠢ ᠬᠠᠮᠤᠭ ᠤᠨ ᠳᠤᠬᠢᠷᠠᠮᠵᠢᠳᠠᠢ ᠰᠤᠩᠭᠤᠯᠳᠠ ᠬᠡᠭᠴᠢ ᠶᠢ ᠤᠬᠠᠵᠤ᠂ ᠵᠤᠷᠢᠬ ᠰᠢᠭᠤᠳᠦᠨ ᠠᠵᠢᠯᠯᠠᠵᠤ᠂ ᠤᠳᠤ ᠪᠤᠯᠬᠤ ᠳᠤ ᠨᠤᠳᠤᠭ ᠤᠨ ᠢᠶᠠᠨ ᠡᠮᠦᠨ᠎ᠡ ᠬᠡᠰᠡᠭ ᠤᠨ 1000 ᠮᠦ ᠬᠦᠷᠬᠦ ᠦᠬᠡᠢ ᠬᠡᠰᠡᠭ ᠢ ᠨᠤᠭᠤᠭᠠᠷᠠᠭᠤᠯᠵᠤ ᠠᠮᠵᠢᠭᠠᠳᠤᠢ ᠠᠴᠠ ᠪᠤᠰᠤᠳ ᠢ ᠨᠢ ᠪᠦᠷ ᠨᠤᠭᠤᠭᠠᠷᠠᠭᠤᠯᠴᠢᠬᠠᠵᠠᠢ᠃ ᠵᠢᠷᠭᠠᠯᠳᠤ ᠶᠢᠨ ᠤᠤᠯ ᠤᠨ ᠪᠡᠯᠴᠢᠬᠡᠷ ᠨᠢ ᠬᠠᠮᠠᠷ ᠬᠠᠳᠬᠤᠬᠤ ᠡᠪᠡᠰᠦ ᠦᠬᠡᠢ ᠬᠤᠷᠢᠭᠠᠳ ᠬᠤᠨᠢ ᠪᠠᠨ ᠳᠡᠵᠢᠬᠡᠬᠦ ᠳᠤ ᠬᠦᠴᠢᠷᠳᠡᠵᠦ ᠪᠠᠶᠢᠭᠰᠠᠨ ᠪᠤᠯ ᠤᠳᠤ ᠭᠤᠷᠪᠠᠨ ᠵᠠᠭᠤ ᠰᠢᠬᠠᠮ ᠬᠤᠨᠢ ᠢᠮᠠᠭ᠎ᠠ ᠂ ᠳᠠᠪᠢᠭᠠᠳ ᠦᠬᠡᠷ ᠮᠠᠯᠵᠢᠵᠤ᠂ ᠵᠤᠨ ᠤ ᠴᠠᠭ ᠲᠤ ᠪᠤᠷᠭᠠᠰᠤᠨ ᠳᠤᠮᠳᠠ ᠠᠴᠠ ᠬᠤᠨᠢ ᠪᠠᠨ ᠬᠤᠷᠢᠶᠠᠬᠤ ᠳᠤ ᠴᠤ ᠪᠡᠷᠬᠡᠳᠡᠬᠦ ᠪᠡᠯᠴᠢᠬᠡᠷ ᠡᠪᠡᠰᠦ ᠲᠠᠢ ᠪᠤᠯᠵᠤ᠂ ᠵᠢᠯ ᠳᠤ ᠮᠠᠯ ᠬᠠᠷ᠎ᠠ ᠠᠴᠠ ᠪᠠᠨ ᠳᠤᠯᠤᠭ᠎ᠠ ᠨᠠᠶᠢᠮᠠᠨ ᠲᠦᠮᠡᠡ ᠲᠦᠬᠦᠷᠢᠭ ᠤᠨ ᠴᠡᠪᠡᠷ ᠤᠷᠤᠯᠭ᠎ᠠ ᠤᠯᠵᠤ᠂ ᠪᠠᠰᠠ ᠪᠡᠯᠴᠢᠬᠡᠷ ᠤᠨ ᠨᠦᠬᠦᠪᠦᠷᠢ ᠬᠡᠵᠦ ᠵᠢᠯ ᠤᠨ 4 ᠲᠦᠮᠡ ᠭᠠᠷᠤᠢ ᠲᠦᠬᠦᠷᠢᠭ ᠬᠠᠷᠮᠠᠯᠠᠳᠠᠭ ᠪᠤᠯᠤᠭᠰᠠᠨ ᠠᠴᠠ ᠠᠮᠢᠳᠤᠷᠠᠯ ᠨᠢ ᠡᠳᠦᠷ ᠲᠤᠳᠤᠮ ᠦᠬᠡᠳᠡᠯᠡᠵᠤ ᠪᠠᠶᠢᠨ᠎ᠠ᠃      ︽ᠮᠠᠨ ᠤ ᠠᠳᠡ ᠤᠤᠯ ᠨᠢ ᠭᠠᠳᠠᠨ᠎ᠠ ᠠᠴᠠ ᠤᠷᠤᠵᠤ ᠳᠡᠶᠢᠯᠬᠦ ᠦᠬᠡᠢ᠂ ᠳᠤᠳᠤᠷ᠎ᠠ ᠠᠴᠠ ᠭᠠᠷᠴᠤ ᠳᠡᠶᠢᠯᠬᠦ ᠦᠬᠡᠢ ᠵᠠᠮ ᠬᠠᠷᠢᠯᠴᠠᠭ᠎ᠠ ᠲᠦᠢᠯ ᠤᠨ ᠲᠦᠬᠦᠮ ᠦᠬᠡᠢ ᠪᠠᠶᠢᠪᠠ᠃ ᠡᠯᠵᠢᠬᠡ ᠮᠤᠷᠢᠨ ᠬᠠᠰᠠᠭ ᠢᠶᠠᠷ 4 ᠡᠳᠦᠷ ᠤᠨ ᠠᠶᠠᠨ ᠬᠢᠵᠦ ᠢᠳᠡᠰᠢ ᠤᠤᠭᠤᠰᠢ ᠪᠠᠨ ᠳᠠᠳᠠᠵᠤ ᠢᠷᠡᠳᠡᠭ ᠪᠠᠶᠢᠭᠰᠠᠨ᠃ 2005 ᠤᠨ ᠳᠤ ᠭᠠᠵᠠᠷ ᠰᠢᠨᠵᠢᠯᠡᠬᠡᠨ ᠤ ᠬᠠᠶᠢᠨ ᠰᠢᠨᠵᠢᠬᠦ ᠠᠩᠬᠢ ᠢᠷᠡᠵᠦ᠂ ᠪᠠᠶᠢᠭᠠᠯᠢ ᠶᠢᠨ ᠰᠢᠳᠠᠮᠠᠬᠠᠢ ᠬᠡᠢ ᠶᠢ ᠬᠠᠶᠢᠵᠤ ᠤᠯᠤᠭᠠᠳ᠂ ᠠᠵᠤ ᠠᠬᠤᠶᠢᠯᠠᠯ ᠨᠤᠳᠤᠭᠰᠢᠭᠰᠠᠨ ᠠᠴᠠ ᠮᠠᠩᠬᠠᠨ ᠨᠤᠳᠤᠭ ᠤᠨ ᠲᠦᠭᠵᠢᠷᠡᠮᠡᠯ ᠪᠠᠶᠢᠳᠠᠯ ᠳᠤ ᠡᠷᠡᠰ ᠬᠤᠪᠢᠷᠠᠯᠳᠠ ᠭᠠᠷᠴᠤ᠂ ᠵᠠᠮ ᠬᠠᠷᠢᠯᠴᠠᠭ᠎ᠠ ᠨᠡᠪᠳᠡᠷᠡᠭᠰᠡᠨ ᠢᠶᠠᠷ ᠪᠠᠷᠠᠬᠤ ᠦᠭᠡᠢ ᠬᠦᠬᠡᠬᠤᠳᠠ ᠳᠤ ᠴᠤ ᠬᠡᠰᠡᠨ ᠡᠳᠦᠷ ᠲᠡᠭᠡᠨ ᠤᠴᠢᠭᠠᠳ ᠢᠷᠡᠴᠢᠬᠡᠳᠡᠭ ᠪᠤᠯᠵᠠᠢ᠃ ᠨᠠᠶᠠ ᠶᠡᠷᠡᠬᠡᠳ ᠤᠨ ᠳᠤ ᠡᠳᠦᠷ ᠤᠨ ᠮᠠᠷᠭᠠᠰᠢ ᠨᠢᠳᠤ ᠨᠡᠬᠡᠬᠡᠯᠬᠡᠬᠦ ᠦᠬᠡᠢ ᠰᠠᠯᠬᠢ᠂ ᠡᠳᠦᠷ ᠢᠶᠠᠷ ᠳ᠋ᠧᠩ ᠠᠰᠠᠭᠠᠵᠤ ᠪᠠᠶᠢᠭᠰᠠᠨ ᠢᠶᠠᠨ ᠤᠳᠤ ᠨᠤᠳᠤᠭ ᠤᠨ ᠮᠠᠯᠴᠢᠳ ᠤᠨ ᠤᠷᠤᠰᠢᠨ ᠠᠮᠢᠳᠤᠷᠠᠬᠤ ᠤᠷᠴᠢᠨ ᠠᠬᠤᠢ ᠴᠤ ᠤᠯᠠᠮ ᠭᠤᠶᠤ ᠳᠠᠭᠠᠯᠠᠮᠵᠢᠳᠠᠢ ᠪᠤᠯᠵᠤ ᠪᠠᠶᠢᠨ᠎ᠠ︾ ᠬᠡᠵᠦ ᠵᠢᠷᠭᠠᠯᠳᠤ ᠪᠠᠭ᠋ᠠᠳᠤᠨ ᠲᠠᠨᠢᠯᠴᠠᠭᠤᠯᠤᠨ᠎ᠠ᠃      ᠦᠷᠯᠦᠬᠡ ᠡᠷᠳᠡ ᠬᠤᠨᠢ ᠪᠠᠨ ᠲᠠᠭᠤᠭᠠᠳ ᠪᠡᠯᠴᠢᠬᠡᠷ ᠲᠤ ᠭᠠᠷᠬᠤ ᠳᠠᠭᠠᠨ ᠪᠡᠯᠡᠳᠬᠡᠯ ᠠᠵᠢᠯ ᠢᠶᠠᠨ ᠬᠦᠢᠴᠡᠳ ᠬᠢᠵᠤ᠂ ᠡᠯᠡᠰᠦᠨ ᠳᠤ ᠪᠠᠷᠢᠳᠠᠭ ᠮᠠᠰᠢᠨ ᠳᠠᠭᠠᠨ ᠪᠤᠷᠭᠠᠰᠤ ᠳᠡᠬᠡᠭᠡᠵᠤ ᠰᠢᠨ᠎ᠡ ᠵᠠᠶᠢᠯᠠᠭᠰᠠᠨ ᠮᠤᠳᠤᠨ ᠳᠠᠭᠠᠨ ᠬᠠᠯᠬᠠᠪᠴᠢ ᠭᠠᠷᠭᠠᠵᠤ ᠦᠭᠬᠦᠨ᠎ᠡ᠂ ᠬᠠᠶᠠ ᠵᠠᠷᠢᠮ ᠴᠤᠬᠤᠶᠢᠨ ᠬᠠᠷᠬᠠᠳᠠᠬᠤ ᠴᠠᠭᠠᠨ ᠮᠠᠩᠬ᠎ᠠ ᠪᠠᠨ ᠳᠠᠬᠢᠨ ᠨᠦᠬᠦᠵᠦ ᠳᠠᠷᠢᠨ᠎ᠠ ᠁ ᠵᠢᠷᠭᠠᠯᠳᠤ ᠶᠢᠨ ᠨᠤᠭᠤᠭᠠᠷᠠᠭᠤᠯᠤᠯᠳᠠ ᠶᠢᠨ ᠠᠵᠢᠯ ᠦᠷᠬᠦᠯᠵᠢᠯᠠᠨ᠎ᠠ᠃ ︽ᠨᠤᠳᠤᠭ ᠤᠨ ᠨᠤᠭᠤᠭᠠᠨ ᠦᠡᠭᠭᠡ ᠪᠤᠯ ᠮᠢᠨᠦ ᠳᠤᠰᠤᠭᠰᠠᠨ ᠬᠠᠮᠤᠭ ᠤᠨ ᠲᠤᠮᠤ ᠱᠠᠩᠨᠠᠯ ᠰᠢᠦ︾ ᠬᠡᠵᠦ ᠵᠢᠷᠭᠠᠯᠳᠤ ᠬᠦᠨ ᠰᠡᠳᠬᠢᠯᠬᠡ ᠲᠠᠢ ᠶᠠᠷᠢᠵᠤ ᠪᠢᠯᠡ᠃
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号