ᠣᠶᠢᠷ᠎ᠠ ᠳᠤ᠂ ︽ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠠᠮᠠᠨ ᠰᠢᠯᠦᠭ ᠤᠨ | ᠰᠠᠭᠤᠷᠢᠨ ᠭᠠᠵᠠᠷ︾ ᠪᠣᠯᠣᠭᠰᠠᠨ ᠭᠠᠯᠠᠭᠤᠳᠣ ᠪᠠᠯᠭᠠᠰᠣᠨ ᠤ ᠰᠠᠷᠠᠭᠤᠯᠨᠣᠳᠤᠭ ᠭᠠᠴᠠᠭ᠎ᠠ ᠲᠠᠪᠤᠳᠤᠭᠠᠷ ᠬᠤᠭᠤᠴᠠᠭᠠᠨ | ᠤ ︽ᠤᠶᠠᠩᠭ᠎ᠠ ᠶᠢᠨ ᠦᠯᠦᠬᠡᠢ︾ ᠮᠠᠯᠴᠢᠳ ᠤᠨ ᠲᠠᠭᠤᠤ ᠰᠢᠯᠦᠭ ᠤᠨ ᠤᠷᠤᠯᠳᠤᠭᠠᠨ ᠢ ᠡᠷᠬᠢᠯᠡᠵᠣ ᠰᠢᠨ᠎ᠠ | ᠳᠣᠮᠳᠡᠳᠣ ᠣᠯᠣᠰ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠪᠡ᠃ ᠬᠤᠰᠢᠭᠤ ᠤᠯᠤᠰ ᠲᠦᠷᠦ ᠶᠢᠨ | ᠵᠦᠪᠯᠡᠯᠭᠡᠨ ᠤ ᠲᠡᠳ᠋ ᠲᠡᠷᠢᠭᠦᠯᠡᠭᠴᠢ ᠤᠶᠤᠨᠪᠢᠯᠢᠭ᠌ ᠬᠢᠨᠠᠭᠴᠢ ᠪᠠᠷ ᠤᠷᠤᠯᠴᠠᠪᠠ᠃ | ᠡᠨ᠋ᠨ ᠣᠳᠠᠭᠠᠨ ᠤ ︽ᠤᠶᠠᠩᠭ᠎ᠠ ᠶᠢᠨ ᠦᠯᠦᠬᠡᠢ︾ ᠮᠠᠯᠴᠢᠳ ᠤᠨ ᠲᠠᠭᠤᠤ ᠰᠢᠯᠦᠭ ᠤᠨ ᠤᠷᠤᠯᠳᠤᠭᠠᠨ ᠢ | ᠪᠤᠳᠠᠰ ᠤᠨ ᠪᠤᠰᠤ ᠰᠤᠶᠤᠯ ᠤᠨ ᠦᠪ ᠤᠨ ᠠᠮᠠᠨ ᠰᠢᠯᠦᠭ ᠤᠨ ᠤᠯᠠᠮᠵᠢᠯᠠᠭᠴᠢ ᠪᠤᠯᠬᠤ ᠵᠠᠩᠭᠠᠪᠠᠭᠠᠲᠤᠷ ᠪᠤᠯᠤᠨ | ᠨᠠᠴᠤᠭᠳᠤᠷᠵᠢ ᠬᠤᠶᠠᠭᠤᠯᠠ ᠰᠠᠨᠠᠭᠠᠴᠢᠯᠠᠵᠤ ᠰᠠᠷᠠᠭᠤᠯᠨᠤᠲᠤᠭ ᠭᠠᠴᠠᠭᠠᠨ ᠤ ᠨᠠᠮ ᠤᠨ ᠡᠭᠦᠷ᠂ ᠬᠤᠰᠢᠭᠤ ᠪᠤᠳᠠᠰ | ᠤᠨ ᠪᠤᠰᠤ ᠰᠤᠶᠤᠯ ᠤᠨ ᠦᠪ ᠤᠨ ᠬᠠᠮᠠᠭᠠᠯᠠᠯᠲᠠ ᠶᠢᠨ ᠲᠦᠪ ᠠᠴᠠ ᠭᠤᠤᠯᠯᠠᠨ ᠡᠷᠬᠢᠯᠡᠨ ᠬᠤᠰᠢᠭᠤ ᠰᠣᠷᠭᠠᠨ | ᠬᠦᠮᠣᠵᠢᠯ ᠪᠡᠶ᠎ᠡ ᠲᠠᠮᠢᠷ ᠤᠨ ᠲᠤᠪᠴᠢᠶ᠎ᠠ᠂ ᠵᠠᠮ ᠬᠠᠷᠢᠯᠴᠠᠭᠠᠨ ᠤ ᠴᠠᠭᠳᠠᠭᠠᠨ ᠤ ᠬᠠᠮᠢᠶᠠᠷᠣᠯᠳᠡ ᠶᠢᠨ ᠶᠡᠭᠡ ᠠᠩᠬᠢ | ᠠᠴᠠ ᠳᠠᠭᠠᠭᠠᠴᠢᠯᠡᠨ ᠡᠷᠬᠢᠯᠡᠵᠣ ᠳᠣᠰ ᠭᠠᠴᠠᠭᠠᠨ ᠤ ᠲᠤᠯᠤᠭᠠᠨ ᠮᠠᠯᠵᠢᠯ ᠤᠨ ᠬᠤᠷᠰᠢᠶᠠᠨ ᠤ ᠮᠠᠯᠴᠢᠳ ᠪᠤᠯᠤᠨ | ᠤᠶᠢᠷ᠎ᠠ ᠵᠡᠷᠭᠡᠯᠡᠳᠡᠭᠡ ᠰᠣᠮᠣ ᠪᠠᠯᠭᠠᠰᠣ ᠭᠠᠴᠠᠭ᠎ᠠ ᠲᠤᠰᠬᠤᠨ ᠤ 50 ᠭᠠᠷᠤᠢ ᠵᠣᠬᠢᠶᠠᠯᠴᠢᠳ ᠳᠠᠭᠤᠴᠢᠳ ᠤᠷᠤᠯᠴᠠᠨ | ᠮᠠᠯᠴᠢᠳ ᠤᠨ ᠳᠠᠭᠤᠤ᠂ ᠮᠠᠯᠴᠢᠳ ᠤᠨ ᠰᠢᠯᠦᠭ ᠪᠠ ᠪᠠᠭᠠᠴᠣᠣᠨ ᠬᠡᠥᠬᠡᠳ ᠤᠨ ᠤᠷ᠎ᠠ ᠠᠪᠢᠶᠠᠰ ᠤᠨ ᠲᠤᠭᠤᠶᠢᠯᠠᠩ | ᠭᠡᠬᠦ ᠭᠤᠷᠪᠠᠨ ᠲᠤᠭᠤᠶᠢᠯᠡᠩ ᠬᠤᠪᠢᠶᠠᠨ ᠶᠠᠪᠣᠭᠳᠠᠭᠤᠯᠪᠠ᠃ | ᠰᠠᠷᠠᠭᠤᠯᠨᠣᠳᠤᠭ ᠭᠠᠴᠠᠭ᠎ᠠ ᠨᠢ 1987 ᠤᠨ ᠳᠤ ᠠᠩᠬᠠᠳᠣᠭᠠᠷ ᠬᠤᠭᠤᠴᠠᠭᠠᠨ ᠤ ᠮᠠᠯᠴᠢᠳ ᠤᠨ ᠠᠮᠠᠨ | ᠰᠢᠯᠦᠭ ᠤᠨ ᠤᠷᠤᠯᠳᠤᠭᠠᠨ ᠢ ᠡᠷᠬᠢᠯᠡᠭᠰᠡᠨ ᠠᠴᠠ ᠨᠠᠰᠢ ᠮᠠᠯᠴᠢᠨ ᠳᠦᠮᠡᠨ ᠤ ᠠᠮᠠᠨ ᠰᠢᠯᠦᠭ᠂ ᠢᠷᠠᠭᠤ ᠨᠠᠶᠢᠷᠠᠭ | ᠤᠨ ᠵᠤᠬᠢᠶᠠᠨ ᠪᠦᠳᠣᠭᠡᠬᠦ ᠢᠳᠡᠪᠬᠢᠵᠢᠯ ᠢ ᠳᠠᠶᠢᠴᠢᠯᠠᠨ ︽ᠠᠮᠠᠨ ᠰᠢᠯᠣᠭ᠌ ᠤᠨ ᠰᠣᠶᠣᠯ︾ ᠢ ᠣᠯᠠᠮᠵᠢᠯᠠᠨ | ᠬᠦᠭᠵᠢᠬᠦᠯᠵᠣ ᠪᠠᠶᠢᠭ᠎ᠠ ᠰᠢᠯᠣᠭ᠍ᠴᠢᠳ ᠣᠯᠠᠰᠢᠷᠠᠵᠣ ᠤᠷᠢᠳ ᠬᠤᠵᠢᠳ ᠣᠷᠣᠨ ᠤ ᠪᠤᠳᠠᠰ ᠤᠨ ᠪᠤᠰᠤ ᠰᠤᠶᠤᠯ ᠤᠨ | ᠦᠪ ᠤᠨ ᠬᠠᠮᠠᠭᠠᠯᠠᠯᠲᠠ ᠶᠢᠨ ᠲᠦᠪ ᠪᠣᠯᠣᠨ ᠦᠪᠦᠷ ᠮᠤᠩᠭᠤᠯ ᠤᠨ ᠠᠷᠠᠳ ᠤᠨ ᠤᠷᠠᠯᠢᠭᠴᠢᠳ ᠤᠨ ᠡᠪᠯᠡᠯ ᠠᠴᠠ | ︽ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠠᠮᠠᠨ ᠰᠢᠯᠦᠭ ᠤᠨ ᠰᠠᠭᠤᠷᠢᠨ ᠭᠠᠵᠠᠷ︾ | ᠢᠶᠠᠷ ᠦᠨᠡᠯᠡᠭᠰᠡᠨ ᠪᠠᠶᠢᠨ᠎ᠠ᠃ | ᠤᠷᠤᠯᠳᠤᠭᠠᠨ ᠳᠤ ᠮᠠᠯᠴᠢᠳ ᠤᠨ ᠳᠠᠭᠤᠣ ᠶᠢᠨ ᠣᠷᠣᠯᠳᠣᠭᠠᠨ᠂ ᠮᠠᠯᠴᠢᠳ ᠤᠨ ᠰᠢᠯᠣᠭ᠌ ᠤᠨ ᠣᠷᠣᠯᠳᠣᠭᠠᠨ | ᠂ ᠪᠠᠭᠠᠴᠣᠣᠨ ᠭᠡᠣᠭᠡᠣᠨ ᠤᠨ ᠣᠷ᠎ᠠ ᠠᠪᠢᠶᠠᠰ ᠤᠨ ᠣᠷᠣᠯᠳᠣᠭᠠᠨ ᠵᠡᠷᠭᠡ ᠭᠤᠷᠪᠡᠨ ᠳᠦᠷᠣᠯ ᠤᠨ ᠲᠡᠷᠢᠭᠦᠨ᠂ ᠲᠡᠳ᠋᠂ | ᠤᠳᠤᠨ ᠨᠡᠷ᠎ᠡ ᠪᠠ ᠰᠤᠶᠤᠯ ᠤᠨ ᠵᠢᠳᠭᠦᠯᠳᠠᠨ ᠢ ᠲᠤᠰ ᠲᠤᠰ ᠱᠠᠩᠨᠠᠨ ᠭᠦᠬᠢᠬᠦᠯᠪᠡ᠃ |