ᠡᠨᠡ ᠵᠢᠯ ᠰᠦᠯᠳᠡ ᠰᠤᠮᠤ ᠮᠠᠯᠴᠢᠳ ᠤᠨ ᠬᠤᠨᠢ ᠮᠠᠯ ᠲᠡᠨᠦᠬᠦᠯ ᠨᠤᠬᠠᠢ ᠶᠢᠨ ᠲᠠᠭᠠᠷᠢᠯᠲᠠ ᠳᠤ ᠤᠴᠠᠷᠠᠵᠤ | ᠪᠠᠶᠢᠭ᠎ᠠ ᠪᠤᠳᠠᠲᠤ ᠪᠠᠶᠢᠳᠠᠯ ᠳᠤ ᠴᠢᠭᠯᠡᠬᠦᠯᠦᠨ ᠲᠠᠨᠦᠭᠦᠯ ᠨᠤᠬᠠᠢ ᠶᠢ ᠤᠰᠠᠳᠬᠠᠬᠤ ᠠᠵᠢᠯ ᠢ ᠡᠷᠴᠢᠮᠳᠠᠢ ᠬᠢᠵᠦ | ᠮᠠᠯᠴᠢᠳ ᠤᠨ ᠠᠰᠢᠭ ᠤᠷᠤᠯᠭ᠎ᠠ ᠶᠢ ᠪᠠᠳᠤᠯᠠᠵᠦ ᠪᠠᠶᠢᠨ᠎ᠠ᠃ | ᠲᠠᠨᠦᠭᠦᠯ ᠨᠤᠬᠠᠢ ᠰᠦᠯᠳᠡ ᠰᠤᠮᠤᠨ ᠤ ᠰᠤᠮᠤᠨ ᠲᠤᠭᠤᠷᠢᠭ ᠤᠨ ᠲᠤᠭᠤᠷᠢᠨ ᠳᠠᠬᠢ ᠠᠶᠢᠯ ᠤᠳ ᠤᠨ ᠬᠤᠨᠢ | ᠮᠠᠯ ᠢ ᠶᠡᠭᠡᠪᠡᠷ ᠬᠠᠵᠠᠨ ᠰᠦᠨᠦᠭᠡᠵᠦ ᠮᠠᠯᠴᠢᠳ ᠬᠤᠨᠢ ᠮᠠᠯ ᠢᠶᠠᠨ ᠭᠠᠳᠠᠨ᠎ᠠ ᠪᠡᠯᠴᠢᠭᠡᠷᠯᠡᠭᠦᠯᠭᠦ ᠶᠢᠨ ᠠᠷᠭ᠎ᠠ ᠦᠭᠡᠢ | ᠪᠤᠯᠵᠤ ᠡᠳᠤᠷ ᠲᠤ ᠪᠠᠨ ᠲᠠᠭᠠᠵᠤ ᠬᠠᠷᠢᠭᠤᠯᠤᠨ ᠤᠷᠤᠢ ᠳᠤ ᠨᠢ ᠬᠦᠷᠢᠶᠠᠨ ᠳᠤ ᠪᠠᠨ ᠬᠠᠰᠢᠶᠠᠯᠠᠳᠠᠭ ᠪᠤᠯᠵᠠᠢ᠃ ᠡᠨᠡ | ᠨᠢ ᠮᠠᠯᠴᠢᠳ ᠤᠨ ᠠᠵᠢᠯ ᠤᠨ ᠲᠠᠷᠤᠭᠠᠰᠤ ᠶᠢ ᠬᠦᠨᠳᠤᠷᠠᠭᠦᠯᠥᠭᠰᠡᠨ ᠮᠦᠷᠳᠡᠭᠡᠨ ᠬᠦᠳᠡᠯᠮᠤᠷᠢ ᠬᠦᠴᠦ ᠶᠡᠭᠡᠪᠡᠷ | ᠵᠠᠷᠤᠴᠠᠭᠤᠯᠬᠤ ᠪᠤᠯᠤᠭᠰᠠᠨ ᠪᠠᠶᠢᠨ᠎ᠠ᠃ | ᠲᠡᠨᠦᠭᠦᠯ ᠨᠤᠬᠠᠢ ᠮᠠᠯᠴᠢᠳ ᠤᠨ ᠬᠤᠨᠢ ᠶᠢ ᠬᠠᠵᠠᠵᠤ ᠪᠠᠶᠢᠭ᠎ᠠ ᠪᠤᠳᠠᠳᠠᠢ ᠪᠠᠶᠢᠳᠠᠯ ᠳᠤ ᠴᠢᠭᠯᠡᠬᠦᠯᠦᠨ ᠰᠦᠯᠳᠡ | ᠰᠤᠮᠤᠨ ᠤ ᠲᠤᠮᠢᠯᠠᠭᠰᠠᠨ ᠰᠡᠯᠪᠤᠷᠢ ᠶᠢᠨ ᠬᠢᠨᠢ ᠰᠦᠯᠳᠡ ᠰᠤᠮᠤᠨ ᠤ ᠰᠠᠭᠤᠭᠠᠯᠢ ᠠᠷᠡᠳ ᠤᠨ ᠲᠤᠭᠤᠷᠢᠭ ᠵᠢᠴᠢ | ᠬᠦᠳᠡᠭᠡ ᠲᠤᠰᠬᠤᠨ ᠢᠶᠠᠷ ᠬᠦᠷᠴᠦ ᠲᠠᠨᠦᠭᠦᠯ ᠨᠤᠬᠠᠢ ᠶᠢ ᠤᠰᠠᠳᠬᠠᠬᠤ ᠠᠵᠢᠯ ᠢ ᠢᠳᠡᠪᠬᠢᠳᠡᠢ ᠬᠢᠵᠦ ᠮᠠᠯᠴᠢᠳ ᠤᠨ | ᠠᠵᠤ ᠠᠬᠤᠢ ᠶᠢᠨ ᠬᠤᠬᠢᠷᠠᠯ ᠢ ᠪᠠᠭᠠᠰᠬᠠᠵᠤ ᠪᠠᠶᠢᠨ᠎ᠠ᠃ | |