ᠰᠤᠭᠳᠤᠭᠤ ᠲᠠᠢ ︽ᠳᠠᠶᠢᠨ︾ ᠵᠠᠷᠯᠠᠭᠰᠠᠠ ᠡᠷᠡᠬᠦᠯ ᠬᠦᠮᠦᠰ
ᠨᠡᠶᠢᠲᠡᠯᠡᠭᠰᠡᠨ ᠴᠠᠭ᠄
2019-08-23
     ᠦᠤᠰᠢᠨᠵᠤᠤ ᠪᠠᠷ ᠰᠤᠷᠪᠤᠯᠵᠢᠯᠠᠠ ᠶᠠᠪᠤᠬᠤ ᠳᠤ ᠠᠬᠠᠮᠠᠳ ᠳᠤᠮᠤᠭᠠᠳᠠᠳ ᠠᠴᠠ ᠰᠤᠭᠳᠤᠭᠤ ᠡᠪᠡᠰᠦ ᠲᠠᠢ ᠳᠠᠶᠢᠯᠠᠯᠳᠤᠭᠰᠠᠠ ᠦᠯᠢᠬᠡᠷ ᠢ ᠳᠠᠩᠳᠠ ᠰᠤᠨᠤᠰᠤᠨ᠎ᠠ᠃ ᠡᠨᠡ ᠵᠢᠯ 82 ᠨᠠᠰᠤᠨ ᠤ ᠦᠨᠳᠦᠷ ᠬᠤᠳᠤᠭ ᠢ ᠵᠤᠭᠤᠭᠯᠠᠵᠦ ᠶᠠᠪᠤᠭ᠎ᠠ ᠤᠳᠬᠤᠨᠬᠡᠷᠡᠯ ᠨᠠᠰᠤᠳᠠᠠ ᠪᠤᠯ ᠦᠤᠰᠢᠨᠵᠤᠤ ᠪᠠᠯᠭᠠᠰᠤ ᠶᠢᠨ ᠪᠦᠷᠢᠳᠤ ᠭᠠᠴᠠᠭᠠᠠ ᠤ ᠠᠷᠤᠴᠠᠶᠢᠳᠠᠮ ᠮᠠᠯᠵᠢᠯ ᠤᠨ ᠬᠤᠷᠰᠢᠶᠠᠠ ᠤ ᠮᠠᠯᠴᠢᠨ ᠶᠤᠮ᠃ ᠳᠡᠷᠡ 1958 ᠤᠨ ᠳᠤ ᠪᠤᠷᠤᠯᠳᠠᠢ ᠪᠠᠷ ᠳᠦᠷᠦᠬᠦᠯᠡᠬᠦᠯᠦᠭᠰᠡᠡ ᠰᠤᠭᠳᠤᠭᠤ ᠡᠪᠡᠰᠦ ᠵᠤᠳᠤᠬᠤ ︽ᠳᠠᠶᠢᠨ︾ ᠳᠤ ᠪᠡᠶ᠎ᠡ ᠪᠠᠷ ᠢᠶᠠᠨ ᠤᠷᠤᠯᠴᠠᠵᠦ ᠦᠩᠬᠡᠷᠡᠵᠠᠢ᠃ ᠳᠡᠬᠦᠨ ᠤ ᠡᠷᠬᠢᠴᠡᠬᠦᠯᠬᠦ ᠪᠠᠷ᠂ 1957 ᠤᠨ ᠳᠤ ᠳᠡᠳᠡᠡ ᠤ ᠨᠤᠳᠤᠭ ᠶᠡᠭᠡ ᠪᠠᠷ ᠭᠠᠩᠳᠠᠵᠦ᠂ ᠭᠠᠩ ᠳᠤ ᠳᠠᠭᠠᠭᠠᠴᠠᠳᠠᠢ ᠰᠤᠭᠳᠤᠭᠤ ᠡᠪᠡᠰᠦ ᠶᠡᠭᠡ ᠬᠡᠮᠵᠢᠶ᠎ᠡ ᠪᠠᠷ ᠭᠠᠵᠠᠷ ᠠᠪᠴᠦ᠂ ᠮᠠᠯ ᠰᠦᠷᠦᠭ ᠬᠦᠨᠳᠦ ᠨᠤᠴᠢᠳᠠᠢ ᠬᠤᠤᠷᠳᠠᠭᠳᠠᠠ ᠬᠤᠬᠢᠷᠠᠭᠰᠠᠠ ᠬᠡᠨ᠎ᠡ᠃ ︽ᠮᠠᠯᠵᠢᠬᠤ ᠳ᠋ᠠᠵᠠᠢ ᠶᠢᠨ ᠮᠦᠽᠸᠢ︾ ᠳᠠᠬᠢ ᠮᠠᠲ᠋ᠧᠷᠢᠶᠠᠯ ᠳᠤ ᠢᠯᠡᠳᠬᠡᠭᠰᠡᠡ ᠢᠶᠠᠷ᠂ 1958 ᠤᠨ ᠳᠤ ᠦᠤᠰᠢᠨᠵᠤᠤ ᠬᠦᠩᠱᠧ ᠶᠢᠨ ᠪᠤᠳᠠ ᠮᠠᠯ 40% ᠪᠠᠷ ᠬᠤᠷᠤᠭᠳᠠᠵᠦ᠂ ᠪᠦᠬᠦ ᠬᠤᠰᠢᠭᠤᠨ ᠤ ᠮᠠᠯ ᠠᠵᠦ ᠠᠬᠤᠢ ᠶᠢᠨ ᠦᠢᠯᠡᠳᠪᠦᠷᠢᠯᠡᠯ ᠤᠨ ᠨᠢᠬᠡ ᠤᠳᠠᠭᠠᠠ ᠤ ᠠᠳᠠᠯᠢᠳᠬᠠᠠ ᠰᠢᠯᠭᠠᠷᠠᠭᠤᠯᠤᠯᠳᠠ ᠳᠤ ᠦᠤᠰᠢᠨᠵᠤᠤ ᠬᠦᠩᠱᠧ ᠠᠳᠠᠭ ᠠᠴᠠ ᠳᠤᠭᠠᠯᠠᠭᠠᠳ ᠬᠤᠶᠠᠳᠤᠭᠠᠷ ᠪᠠᠶᠢᠷᠢ ᠳᠤ ᠵᠢᠬᠰᠠᠭᠠᠭᠳᠠᠵᠦ᠂ ᠰᠤᠭᠳᠤᠭᠤ ᠡᠪᠡᠰᠦ ᠶᠢ ᠠᠷᠢᠯᠭᠠᠬᠤ ᠨᠢ ᠨᠢᠬᠡᠨᠳᠡ ᠦᠤᠰᠢᠨᠵᠤᠤ ᠶᠢᠨ ᠮᠠᠯᠴᠢᠨ ᠳᠦᠮᠡᠡ ᠳᠤ ᠳᠤᠯᠭᠠᠷᠠᠭᠰᠠᠠ ᠪᠠᠴᠢᠮ ᠳᠤᠯᠭᠠᠮ ᠡᠬᠦᠷᠬᠡ ᠪᠤᠯᠤᠭᠰᠠᠠ ᠪᠠᠶᠢᠨ᠎ᠠ᠃      1958 ᠤᠨ ᠳᠤ ᠪᠦᠷᠢᠳᠤ ᠶᠡᠭᠡ ᠪᠠᠷᠢᠭᠠᠳᠠ ᠶᠢᠨ ᠶᠠᠳᠠᠭᠤ ᠮᠠᠯᠴᠢᠨ᠂ ᠡᠪᠯᠡᠯ ᠤᠨ ᠡᠬᠦᠷ ᠤᠨ ᠬᠡᠰᠢᠬᠦᠨ ᠪᠤᠷᠤᠯᠳᠠᠢ ᠨᠦᠬᠦᠷ ᠪᠦᠬᠦ ᠪᠠᠷᠢᠭᠠᠳᠠ ᠶᠢᠨ 60 ᠭᠠᠷᠤᠢ ᠵᠠᠯᠠᠭᠤᠴᠤᠳ ᠢ ᠳᠠᠭᠠᠭᠤᠯᠤᠨ ᠰᠤᠭᠳᠤᠭᠤ ᠡᠪᠡᠰᠦ ᠲᠠᠢ ︽ᠳᠠᠶᠢᠨ︾ ᠵᠠᠷᠯᠠᠵᠦ᠂ ᠰᠤᠭᠳᠤᠭᠤ ᠡᠪᠡᠰᠦ ᠶᠢ ᠠᠷᠢᠯᠭᠠᠬᠤ ᠪᠠᠷ ᠰᠢᠭᠤᠷᠬᠠᠢᠢᠯᠠᠵᠠᠢ᠃ ᠤᠳᠬᠤᠨᠬᠡᠷᠡᠯ ᠨᠠᠰᠤᠳᠠᠨ ᠤ ᠡᠷᠬᠢᠴᠡᠬᠦᠯᠬᠦ ᠪᠠᠷ᠂ ᠳᠤᠬᠠᠢ ᠶᠢᠨ ᠦᠶ᠎ᠡ ᠳᠤ ᠪᠦᠷᠢᠳᠤ ᠭᠠᠴᠠᠭ᠎ᠠ ᠶᠢ ᠤᠯᠠᠭᠠᠠ ᠮᠡᠷᠬᠡᠵᠢᠯ ᠪᠠᠷᠢᠭᠠᠳᠠ ᠬᠡᠵᠦ ᠪᠠᠶᠢᠪᠠ᠃ ᠳᠡᠷᠡ ᠵᠢᠯ ᠤᠨ ᠰᠤᠭᠳᠤᠭᠤ ᠠᠷᠢᠯᠭᠠᠬᠤ ᠬᠦᠳᠡᠯᠬᠡᠬᠡᠡ ᠨᠢ ᠳᠦᠬᠦᠢ ᠶᠢᠨ ᠴᠠᠶᠢᠳᠠᠮ ᠠᠴᠠ ᠡᠬᠢᠯᠡᠵᠦ᠂ ᠪᠠᠭᠠᠴᠠᠶᠢᠳᠠᠮ ᠂ ᠤᠷᠳᠤ ᠶᠢᠨ ᠴᠠᠶᠢᠳᠠᠮ ᠢᠶᠠᠷ ᠦᠩᠬᠡᠷᠡᠡ᠂ ᠴᠠᠭᠠᠨᠰᠦ᠋ᠮ᠎ᠡ ᠬᠦᠷᠦᠬᠡᠳ ᠳᠡᠬᠦᠰᠦᠭᠰᠡᠡ ᠬᠡᠨ᠎ᠡ᠃ ᠪᠦᠬᠦ᠋ᠢᠯᠡ ᠰᠤᠭᠳᠤᠭᠤ ᠵᠤᠳᠤᠬᠤ ᠶᠠᠪᠤᠴᠠ ᠳᠤ ᠵᠢᠩᠨᠡᠭᠰᠡᠡ ᠬᠤᠨᠤᠭ ᠪᠤᠳᠠᠭ᠎ᠠ᠂ ᠡᠷᠳᠡᠨᠢ ᠰᠢᠰᠢ ᠶᠢᠨ ᠬᠡᠮᠬᠡᠳᠡᠭ᠂ ᠢᠰᠬᠡᠭᠰᠡᠡ ᠴᠠᠭᠠᠠ ᠨᠠᠪᠴᠢ ᠵᠡᠷᠬᠡ ᠬᠠᠷ᠎ᠠ ᠪᠤᠷᠤ ᠬᠤᠭᠤᠯᠠ ᠪᠠᠷ ᠦᠯ ᠵᠠᠯᠭᠠᠵᠦ᠂ ︽ᠬᠦᠬᠡ ᠳᠡᠭᠷᠢ ᠪᠠᠷ ᠬᠦᠨᠵᠢᠯᠡ᠂ ᠬᠦᠷᠦᠰᠦᠳᠦ ᠳᠡᠯᠡᠬᠡᠢ ᠪᠠᠷ ᠳᠡᠪᠢᠰᠬᠡᠷ︾ ᠬᠢᠵᠦ ᠬᠦᠳᠡᠭᠡ ᠬᠡᠬᠡᠷ᠎ᠡ ᠬᠤᠨᠤᠵᠦ ᠬᠡᠪᠳᠡᠵᠦ ᠶᠠᠪᠤᠵᠠᠢ᠃ ᠨᠠᠰᠤᠳᠠᠠ ᠤ ᠰᠠᠨᠠᠭᠠᠠ ᠳᠤ ᠪᠠᠶᠢᠬᠤ ᠪᠠᠷ ᠳᠡᠷᠡ ᠤᠳᠠᠭ᠎ᠠ ᠪᠠᠷᠤᠭ ᠰᠠᠷ᠎ᠠ ᠬᠢᠷᠢᠳᠠᠢ ᠶᠠᠪᠤᠭᠰᠠᠠ ᠬᠡᠨ᠎ᠡ᠃ ᠰᠤᠭᠳᠤᠭᠤ ᠡᠪᠡᠰᠦ ᠶᠢ ᠤᠢᠢᠯᠠᠭᠠᠬᠤ ᠦᠬᠡᠢ ᠪᠤᠯᠬᠤᠷ ᠮᠠᠯ ᠰᠤᠭᠳᠤᠭᠤ ᠡᠪᠡᠰᠦ ᠢᠳᠡᠪᠡᠯ ᠴᠤᠬᠤᠮ ᠶᠠᠭᠠᠬᠢᠳᠠᠭ ᠳᠤᠬᠠᠢ ᠤᠬᠤᠴᠢᠯᠠᠪᠠᠯ᠂ ᠤᠳᠬᠤᠨᠬᠡᠷᠡᠯ᠄ ︽ᠰᠤᠭᠳᠤᠭᠤ ᠡᠪᠡᠰᠦ ᠬᠡᠵᠦ ᠪᠠᠰᠠ ᠤᠨᠳᠤᠤ ᠡᠪᠡᠰᠦ᠂ ᠠᠯᠢ ᠭᠠᠩ ᠲᠠᠢ ᠪᠤᠯ ᠠᠯᠢ ᠰᠠᠶᠢᠨ ᠤᠷᠭᠤᠵᠦ᠂ ᠪᠤᠷᠤᠭᠠᠠ ᠬᠤᠷ᠎ᠠ ᠡᠯᠪᠡᠭ ᠪᠤᠯ ᠤᠷᠭᠤᠴᠠ ᠮᠠᠭᠤᠳᠠᠠ᠂ ᠤᠰᠤᠳᠠᠪᠠᠯ ᠨᠡᠩ ᠦᠬᠡᠢ ᠪᠤᠯᠴᠢᠬᠠᠳᠠᠭ᠃ ᠰᠤᠭᠳᠤᠭᠤ ᠢᠳᠡᠭᠰᠡᠡ ᠮᠠᠯ ᠬᠡᠪᠡᠯ ᠰᠤᠭᠳᠤᠭᠤ ᠬᠦᠮᠦᠨ ᠲᠠᠢ ᠠᠳᠠᠯᠢ ᠬᠠᠶᠢᠪᠢᠩ ᠳᠠᠶᠢᠪᠢᠩ ᠠᠯᠬᠤᠬᠤ᠂ ᠬᠡᠳᠦᠷᠬᠡᠢ ᠬᠤᠤᠷᠳᠠᠪᠠᠯ ᠬᠤᠨᠳᠤᠯᠠᠢ ᠪᠠᠷ ᠰᠠᠭᠤᠬᠤ ᠪᠤᠶᠤ ᠡᠯᠢᠬᠡᠳᠡᠵᠦ ᠤᠨᠠᠳᠠᠭ᠃ ᠬᠠᠷᠢᠨ ᠢᠨᠢᠶᠡᠳᠦᠮ ᠲᠠᠢ ᠨᠢ ᠰᠤᠭᠳᠤᠭᠤ ᠢᠳᠡᠭᠰᠡᠡ ᠮᠠᠯ ᠢ ᠤᠷᠢᠳᠤ ᠦᠳᠡᠰᠢ ᠨᠢ ᠳᠡᠪᠡᠷᠢᠬᠦ ᠲᠠᠢ᠂ ᠳᠠᠳᠠᠬᠤ ᠲᠠᠢ ᠦᠢᠯᠡ ᠳᠠᠮᠤ ᠪᠠᠨ ᠦᠵᠡᠵᠦ ᠬᠤᠳᠠᠠ ᠳᠤ ᠠᠪᠴᠢᠷᠠᠭᠰᠠᠠ ᠪᠠᠶᠢᠬᠤ ᠳᠤ ᠦᠷᠯᠦᠬᠡ ᠪᠤᠰᠤᠭᠠᠳ ᠬᠠᠷᠠᠪᠠᠯ ᠠᠯᠢ ᠬᠡᠵᠢᠶᠡᠨᠡᠢ ᠰᠤᠭᠳᠤᠭᠤ ᠶᠢᠨ ᠴᠠᠶᠢᠳᠠᠮ ᠳᠠᠭᠠᠨ ᠤᠴᠢᠴᠢᠬᠠᠭᠰᠠᠠ ᠪᠠᠶᠢᠳᠠᠭ᠂ ᠠᠷᠢᠬᠢᠨ ᠳᠤ ᠤᠷᠤᠭᠰᠠᠠ ᠬᠦᠮᠦᠨ ᠲᠠᠢ ᠡᠬᠡᠬᠡ ᠠᠳᠠᠯᠢ︾ ᠬᠡᠳ ᠬᠦᠬᠦᠳᠦᠨᠡᠡ ᠢᠨᠢᠶᠡᠪᠡ᠃     ᠦᠤᠰᠢᠨᠵᠤᠤ ᠪᠠᠯᠭᠠᠰᠤ ᠶᠢᠨ ᠳᠡᠤᠬᠡ ᠶᠢᠨ ᠮᠠᠲ᠋ᠧᠷᠢᠶᠠᠯ ᠢ ᠤᠷᠪᠠᠭᠤᠯᠪᠠᠯ᠂ 1958 ᠤᠨ ᠤ ᠰᠤᠭᠳᠤᠭᠤ ᠡᠪᠡᠰᠦ ᠶᠢ ᠠᠷᠢᠯᠭᠠᠬᠤ ︽ᠳᠠᠶᠢᠨ︾ ᠨᠢ ᠱᠠᠳᠤᠴᠢ ᠴᠢᠨᠠᠷ ᠲᠠᠢ ᠠᠮᠵᠢᠯᠳᠠ ᠶᠢ ᠤᠯᠵᠠᠢ᠃ 1959 ᠤᠨ ᠳᠤ ᠬᠢᠭᠰᠡᠡ ᠪᠦᠬᠦ ᠬᠤᠰᠢᠭᠤᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠠᠳᠠᠯᠢᠳᠬᠠᠠ ᠰᠢᠯᠭᠠᠷᠠᠭᠤᠯᠤᠯᠳᠠ ᠳᠤ ᠦᠤᠰᠢᠨᠵᠤᠤ ᠬᠦᠩᠱᠧ ᠶᠢᠨ ᠮᠠᠯ ᠤᠨ ᠳᠤᠭ᠎ᠠ ᠳᠤᠯᠤᠭᠠᠢ ᠨᠢ 34% ᠪᠠᠷ ᠨᠡᠮᠡᠭᠳᠡᠵᠦ᠂ ᠮᠠᠯ ᠰᠦᠷᠦᠭ ᠰᠤᠭᠳᠤᠭᠤ ᠡᠪᠡᠰᠦ ᠢᠳᠡᠬᠡᠳ ᠦᠬᠦᠵᠦ ᠬᠤᠬᠢᠷᠠᠬᠤ ᠦᠵᠡᠭᠳᠡᠯ ᠦᠳᠦᠰᠦᠨ ᠳᠡᠭᠡᠨ ᠠᠷᠢᠯᠵᠦ᠂ ᠮᠠᠯ ᠤᠨ ᠦᠬᠦᠯ ᠬᠤᠬᠢᠷᠠᠯ ᠤᠨ ᠨᠤᠷᠮ᠎ᠠ ᠨᠢ 3.3% ᠪᠤᠯᠵᠦ ᠪᠠᠭᠤᠷᠠᠭᠰᠠᠠ ᠪᠠᠶᠢᠨ᠎ᠠ᠃ ᠡᠬᠦᠨ ᠠᠴᠠ ᠬᠤᠶᠢᠰᠢ᠂ ᠦᠤᠰᠢᠨᠵᠤᠤ ᠶᠢᠨ ᠮᠠᠯᠴᠢᠨ ᠳᠦᠮᠡᠡ ᠤ ᠰᠤᠭᠳᠤᠭᠤ ᠡᠪᠡᠰᠦ ᠲᠠᠢ ᠬᠢᠭᠰᠡᠡ ︽ᠳᠠᠶᠢᠨ︾ 1965 ᠤᠨ ᠪᠤᠯᠳᠠᠯ᠎ᠠ ᠦᠷᠬᠦᠯᠵᠢᠯᠡᠵᠦ᠂ ᠪᠦᠬᠦ ᠬᠦᠩᠱᠧ ᠪᠠᠷ ᠢᠶᠠᠨ ᠨᠡᠶᠢᠳᠡ 86 ᠳᠦᠮᠡᠡ ᠮᠦ ᠶᠢᠨ ᠰᠤᠭᠳᠤᠭᠤ ᠡᠪᠡᠰᠦ ᠶᠢ ᠠᠷᠢᠯᠭᠠᠵᠠᠢ᠃  
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号