ᠦᠤᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠲᠡᠭᠡᠷ᠎ᠡ ᠦᠳᠡ ᠶᠢᠨ ᠴᠠᠪ ᠵᠤᠭᠤᠭᠯᠠᠬᠤ ᠵᠠᠭᠤᠷ᠎ᠠ | ᠦᠳᠡ ᠶᠢᠨ ᠬᠤᠶᠢᠨ᠎ᠠ ᠶᠢᠨ ᠰᠤᠷᠪᠤᠯᠵᠢᠯᠠᠬᠤ ᠰᠡᠲᠦᠪ ᠢᠶᠠᠨ ᠴᠤᠬᠤᠢᠢᠯᠭᠠᠪᠠᠯ ᠵᠢᠷᠭᠠᠯᠠᠩ ᠬᠡᠭᠴᠢ ᠨᠠᠰᠤᠳᠠᠠ ᠮᠠᠩᠬᠠᠨ | ᠬᠤᠳᠳᠤᠭ ᠮᠠᠯᠲᠠᠭᠰᠠᠨ ᠦᠡᠭᠭᠡᠷᠡᠯᠲᠡ ᠲᠠᠢ ᠪᠦᠭᠡᠳ ᠭᠠᠴᠠᠭᠠᠨ ᠤ ᠬᠤᠶᠢᠲᠠᠢ ᠬᠤᠶᠠᠷ ᠭᠠᠵᠠᠷ ᠤᠨ ᠵᠠᠢ ᠳᠤ ᠲᠡᠷᠡ | ᠦᠶ᠎ᠡ ᠶᠢᠨ ᠮᠠᠯᠲᠠᠭᠰᠠᠨ ᠮᠠᠩᠬᠠᠨ ᠬᠤᠳᠳᠤᠭ ᠨᠢ ᠬᠦᠷᠲᠡᠯ᠎ᠡ ᠪᠠᠶᠢᠭ᠎ᠠ ᠶᠢ ᠲᠤᠪ ᠲᠤᠳᠤᠷᠬᠠᠢ ᠮᠡᠳᠡᠵᠤ ᠪᠠᠶᠢᠨ᠎ᠠ | ᠬᠡᠬᠦᠯᠡᠷ ᠠᠯᠠᠰᠬᠢᠨ ᠪᠠᠶᠠᠷᠯᠠᠯ᠎ᠠ᠃ ᠵᠢᠷᠭᠠᠯᠠᠩ ᠭᠤᠸᠠᠢ ᠪᠤᠯ ᠲᠤᠰ ᠭᠠᠴᠠᠭᠠᠨ ᠤ ᠭᠠᠴᠠᠭ᠎ᠠ ᠵᠦᠪᠯᠡᠯ ᠤᠨ ᠬᠡᠰᠢᠬᠦᠨ | ᠪᠠᠶᠢᠵᠤ᠂ ᠡᠳᠦᠷᠵᠢᠨ ᠭᠠᠴᠭᠠᠠ ᠲᠡᠭᠡᠷ᠎ᠡ ᠪᠠᠨ ᠰᠠᠭᠤᠵᠤ ᠪᠠᠶᠢᠭ᠎ᠠ ᠪᠤᠯᠬᠤᠷ ᠪᠢᠳᠠᠨ ᠳᠤ ᠪᠠᠭ᠎ᠠ ᠪᠤᠰᠤ ᠲᠦᠬᠦᠮ | ᠦᠵᠡᠬᠦᠯᠥᠭᠰᠡᠨ ᠪᠦᠭᠡᠳ ᠪᠠᠭ᠎ᠠ ᠵᠠᠯᠠᠭᠤ ᠶᠢᠨ ᠦᠶ᠎ᠡ ᠳᠤ ᠮᠠᠩᠬᠠᠨ ᠬᠤᠳᠳᠤᠭ ᠮᠠᠯᠲᠠᠭᠰᠠᠨ ᠦᠯᠢᠬᠡᠷ ᠢᠶᠠᠨ | ᠦᠬᠦᠯᠡᠵᠤ ᠪᠢᠯᠡ᠃ | ᠵᠢᠷᠭᠠᠯᠠᠩ ᠡᠨᠡ ᠨᠠᠰᠤᠨ ᠳᠤ ᠮᠠᠷᠳᠠᠳᠠᠭ ᠦᠭᠡᠢ ᠬᠤᠶᠠᠷ ᠤᠴᠢᠷ ᠤᠨ ᠨᠢᠬᠡ ᠨᠢ ᠮᠠᠩᠬᠠᠨ ᠬᠤᠳᠳᠤᠭ | ᠮᠠᠯᠲᠠᠭᠰᠠᠨ ᠶᠠᠪᠤᠳᠠᠯ᠂ ᠨᠦᠬᠦᠭᠡ ᠨᠢ ᠦᠤᠰᠢᠨᠵᠤᠤ ᠠᠴᠠ ᠪᠦᠷᠢᠳᠦ ᠭᠠᠴᠠᠭ᠎ᠠ ᠬᠦᠷᠬᠦ ᠵᠠᠮ ᠵᠠᠰᠠᠭᠰᠠᠨ ᠶᠠᠪᠤᠳᠠᠯ | ᠪᠠᠶᠢᠯ᠎ᠠ᠃ ᠢᠡᠭᠭᠢᠭᠡᠳ ᠲᠡᠭᠦᠨ ᠤ ᠮᠠᠩᠬᠠᠨ ᠬᠤᠳᠳᠤᠭ ᠮᠠᠯᠲᠠᠭᠰᠠᠨ ᠦᠯᠢᠬᠡᠷ ᠠᠴᠠ ᠬᠤᠪᠢᠶᠠᠯᠴᠠᠶ᠎ᠠ᠃ ᠲᠡᠭᠦᠨ ᠢ | 17 ᠨᠠᠰᠤᠲᠠᠢ ᠲᠡᠷᠡ ᠵᠢᠯ᠂ ᠲᠠᠷᠤᠢ 1975 ᠤᠨ ᠤ ᠡᠪᠦᠯ ᠪᠦᠬᠦ ᠪᠠᠷᠢᠭᠠᠲᠠ ᠪᠠᠷ ᠢᠶᠠᠨ ᠮᠠᠩᠬᠠᠨ ᠬᠤᠳᠳᠤᠭ | ᠮᠠᠯᠲᠠᠬᠤ ᠦᠷᠨᠢᠯᠲᠡ ᠭᠠᠷᠴᠤ᠂ ᠡᠷᠦᠬᠡ ᠶᠢᠨ ᠴᠡᠷᠢᠭ ᠢᠶᠠᠷ ᠭᠤᠤᠯᠳᠠᠭᠤᠯᠤᠭᠰᠠᠨ ︽ᠪᠢᠳ ᠪᠢᠳ︾ ᠬᠡᠰᠡᠨ ᠭᠤᠴᠢᠨ | ᠬᠡᠳᠦᠨ ᠵᠠᠯᠠᠭᠤᠴᠤᠳ ᠨᠢᠬᠡ ᠲᠤᠭᠤᠢᠢᠯᠠᠩ ᠪᠤᠯᠵᠤ ᠡᠨᠡ ᠠᠵᠢᠯ ᠳᠤ ᠬᠠᠪᠰᠢᠭᠠᠢᠢᠯᠠᠭᠰᠠᠨ ᠪᠠᠶᠢᠯ᠎ᠠ᠃ | ᠶᠠᠭᠠᠬᠢᠬᠤᠯᠠᠷ ᠮᠠᠩᠬᠠᠨ ᠬᠤᠳᠳᠤᠭ ᠮᠠᠯᠲᠠᠬᠤ ᠪᠤᠯᠴᠢᠬᠠᠪᠠ︖ ᠮᠠᠩᠬᠠᠨ ᠬᠤᠳᠳᠤᠭ ᠭᠡᠭᠴᠢ ᠨᠢ ᠶᠠᠮᠠᠷ | ᠶᠠᠭᠤᠮ᠎ᠠ ᠪᠤᠯᠴᠢᠬᠠᠪᠠ ᠬᠡᠵᠤ ᠤᠯᠠᠩᠭᠢ ᠬᠦᠮᠦᠨ ᠠᠰᠠᠭᠤᠬᠤ ᠨᠢ ᠮᠡᠳᠡᠬᠡᠵᠢ︕ ᠵᠢᠷᠭᠠᠯᠠᠩ᠄ ︽ᠲᠤᠬᠠᠢ ᠶᠢᠨ | ᠦᠶ᠎ᠡ ᠳᠤ ᠮᠠᠨ ᠤ ᠨᠤᠲᠤᠭ ᠲᠤ ᠠᠮᠤ ᠪᠤᠶᠤ ᠮᠠᠨᠵᠢᠨ ︵ᠲᠦᠮᠦᠰᠦ︶ ᠲᠠᠷᠢᠬᠤ ᠪᠠᠷ ᠪᠤᠯᠵᠤ᠂ ᠡᠨᠡ ᠲᠠᠷᠢᠶ᠎ᠠ ᠪᠠᠨ | ᠤᠰᠤᠯᠠᠬᠤ ᠶᠢᠨ ᠲᠦᠯᠥᠬᠡ ᠬᠤᠳᠳᠤᠭ ᠮᠠᠯᠲᠠᠵᠤ ᠡᠬᠢᠯᠡᠭᠰᠡᠨ᠂ ᠡᠨᠡ ᠬᠤᠳᠳᠤᠭ ᠨᠢ ᠴᠤ ᠦᠭᠡᠷ᠎ᠡ ᠪᠤᠰᠤᠳ ᠰᠢᠯᠢ | ᠭᠠᠵᠠᠷ ᠪᠤᠶᠤ ᠠᠭᠤᠯᠠᠷᠬᠠᠭ ᠭᠠᠵᠠᠷ ᠲᠤᠬᠢᠷᠠᠬᠤ ᠶᠤᠮ ᠪᠢᠰᠢ᠂ ᠵᠦᠪᠬᠡᠨ ᠪᠠᠯᠠᠷ ᠮᠠᠩᠬᠠᠨ ᠭᠠᠵᠠᠷ ᠪᠤᠶᠤ ᠴᠠᠶᠢᠳᠠᠮ | ᠭᠠᠵᠠᠷ ᠯᠠ ᠲᠤᠬᠢᠷᠠᠨ᠎ᠠ᠂ ᠲᠡᠬᠡᠬᠦᠯᠡᠷ ᠮᠠᠨ ᠤ ᠡ᠊ᠨᠳᠡ ᠪᠤᠯ ᠶᠠᠭ ᠮᠠᠩᠬᠠᠨ ᠬᠤᠳᠳᠤᠭ ᠮᠠᠯᠲᠠᠬᠤ ᠳᠤ ᠯᠠ | ᠲᠠᠭᠠᠷᠠᠭᠰᠠᠨ ᠭᠠᠵᠠᠷ᠃ ᠮᠠᠩᠬᠠᠨ ᠬᠤᠳᠳᠤᠭ ᠤᠨ ᠬᠦᠨ ᠨᠢ 10 — 40 ᠮᠧᠲᠷ ᠤᠨ ᠬᠤᠭᠤᠷᠤᠨᠲᠤ ᠪᠠᠶᠢᠵᠤ᠂ | 20 ᠭᠠᠷᠤᠢ ᠮᠦ ᠲᠠᠷᠢᠶ᠎ᠠ ᠤᠰᠤᠯᠠᠵᠤ ᠲᠡᠶᠢᠯᠤᠨ᠎ᠠ︾ ᠬᠡᠮᠡᠨ ᠲᠦᠬᠦᠮᠬᠡᠨ ᠲᠠᠶᠢᠯᠪᠤᠷᠢᠯᠠᠪᠠ᠃ | ᠤᠳᠤ ᠪᠦᠷ ᠪᠤᠭᠤᠷᠤᠯ ᠪᠤᠯᠤᠭᠰᠠᠨ ᠡᠨᠡ ᠭᠠᠴᠠᠭᠠᠨ ᠤ ᠦᠲᠡᠬᠦᠰ ᠮᠠᠨᠢ ᠲᠤᠬᠠᠢ ᠶᠢᠨ ᠵᠢᠯ ᠤᠳ ᠲᠤ ᠪᠦᠷ ︽ | ᠪᠢᠳ︾ ᠬᠡᠰᠡᠨ ᠡᠷᠡᠴᠤᠳ ᠪᠠᠶᠢᠵᠤ᠂ ᠡ᠊ᠨᠳᠡᠬᠢ ᠭᠤᠤᠯ ᠬᠦᠳᠡᠯᠮᠦᠷᠢ ᠬᠦᠴᠦᠨ ᠤ ᠡᠬᠢ ᠪᠠᠶᠠᠯᠢᠭ ᠪᠤᠯᠬᠤᠷ᠂ ᠵᠠᠮ᠂ | ᠴᠠᠬᠢᠯᠭᠠᠨ᠂ ᠮᠠᠰᠢᠨ ᠮᠧᠬᠠᠨᠢᠭ ᠲᠦᠬᠡᠮᠡᠯᠵᠢᠬᠡ ᠦᠭᠡᠢ ᠪᠠᠶᠢᠳᠠᠯ ᠳᠤ ᠴᠤ ᠰᠠᠨᠠᠭᠠᠨ ᠳᠤ ᠪᠠᠭᠲᠠᠰᠢ ᠦᠭᠡᠢ ᠠᠵᠢᠯ ᠢ | ᠪᠦᠷ ᠨᠤᠭᠤᠯᠵᠤ ᠤᠷᠬᠢᠭᠰᠠᠨ ᠨᠢ ᠭᠠᠶᠢᠬᠠᠮᠰᠢᠭᠲᠠᠢ᠃ ᠮᠠᠩᠬᠠᠨ ᠬᠤᠳᠳᠤᠭ ᠮᠠᠯᠲᠠᠬᠤ ᠨᠢᠬᠡ ᠲᠤᠭᠤᠢᠢᠯᠠᠩ ᠤᠨ 30 | ᠭᠠᠷᠤᠢ ᠬᠦᠮᠦᠨ ᠭᠤᠷᠪᠠᠨ ᠡᠬᠡᠯᠵᠢ ᠬᠤᠪᠢᠶᠠᠭᠳᠠᠨ᠂ ᠨᠢᠬᠡ ᠡᠬᠡᠯᠵᠢ ᠨᠢ 8 ᠴᠠᠭ ᠠᠵᠢᠯᠯᠠᠵᠤ᠂ ᠡᠳᠦᠷ ᠰᠦᠨᠢ ᠶᠢᠨ | ᠬᠤᠪᠢᠶᠠᠷᠢ ᠦᠭᠡᠢ ᠪᠠᠷ ᠡᠪᠤᠯ ᠤᠨ ᠬᠠᠲᠠᠭᠤ ᠪᠡᠷᠭᠡ ᠡᠳᠦᠷ ᠬᠤᠨᠤᠭ ᠤᠳ ᠢ ᠬᠡᠷᠬᠢᠨ ᠲᠤᠭᠤᠯᠤᠭᠰᠠᠨ ᠪᠤᠯ︖ ︽ | ᠲᠤᠬᠠᠢ ᠶᠢᠨ ᠦᠶ᠎ᠡ ᠳᠤ ᠦᠢᠯᠡᠳᠪᠦᠷᠢᠯᠡᠯ ᠤᠨ ᠪᠠᠷᠢᠭᠠᠲᠠ ᠳᠤ ᠠᠵᠢᠯ ᠠᠷᠪᠢᠨ᠂ ᠵᠦᠪᠬᠡᠨ ᠡᠪᠤᠯ ᠳᠤᠨᠢ ᠵᠢᠭᠠᠬᠠᠨ | ᠰᠡᠯᠡᠬᠦᠦ ᠪᠤᠯᠬᠤᠷ ᠬᠤᠳᠳᠤᠭ ᠮᠠᠯᠲᠠᠬᠤ ᠠᠵᠢᠯ ᠡᠬᠢᠯᠡᠭᠰᠡᠨ᠂ ᠲᠡᠭᠡᠬᠦ ᠳᠤ ᠪᠢ ᠴᠤ ᠪᠠᠭ᠎ᠠ ᠪᠠᠶᠢᠭᠰᠠᠨ ᠪᠤᠯᠬᠤᠷ | ᠠᠩᠬ᠎ᠠ ᠤᠴᠢᠬᠤ ᠳᠤ ᠶᠡᠭᠡ ᠲᠤᠷᠠᠯᠠᠵᠤ᠂ ᠬᠦᠨᠵᠢᠯᠡ ᠲᠡᠪᠢᠰᠬᠡᠷ ᠢᠶᠠᠨ ᠪᠠᠭᠯᠠᠵᠤ᠂ ᠵᠢᠭᠠᠬᠠᠨ ᠬᠤᠨᠤᠭ ᠠᠮᠤ᠂ | ᠡᠷᠳᠡᠨᠢ ᠰᠢᠰᠢ ᠪᠠᠨ ᠡᠬᠦᠷᠦᠭᠡᠳ ᠬᠦᠷᠦᠯ᠎ᠡ᠃ ᠬᠡᠪᠡᠴᠤ ᠡᠨᠡ ᠠᠵᠢᠯ ᠲᠡᠶᠢᠮᠤ ᠠᠮᠠᠷᠬᠠᠨ ᠶᠠᠭᠤᠮ᠎ᠠ ᠪᠢᠰᠢ ᠪᠠᠶᠢᠵᠤ᠂ | ᠪᠢᠳᠠᠨᠤᠰ ᠦᠳᠡ ᠳᠤ ᠬᠤᠨᠤᠭ ᠠᠮᠤᠨ ᠳᠤ ᠴᠠᠭᠠᠨ ᠨᠠᠪᠴᠢ ᠬᠡᠷᠴᠢᠵᠤ ᠬᠢᠭᠡᠳ ᠨᠢᠬᠡ ᠡᠷᠢᠨ ᠤ ᠬᠤᠭᠤᠯᠠ ᠪᠤᠯᠭᠠᠵᠤ᠂ | ᠦᠷᠯᠥᠬᠡ ᠤᠷᠤᠢ ᠳᠤᠨᠢ ᠡᠷᠳᠡᠨᠢ ᠰᠢᠰᠢ ᠶᠢᠨ ᠰᠠᠰᠠ ᠶᠢ ᠴᠠᠢ ᠳᠤ ᠬᠢᠵᠤ ᠤᠤᠭᠤᠨ᠎ᠠ᠃ ᠦᠯᠥᠰᠬᠦ ᠯᠠ ᠬᠡᠴᠡᠬᠦᠦ | ᠪᠠᠶᠢᠭᠰᠠᠨ᠂ ᠨᠡᠩ ᠴᠤ ᠪᠢ ᠨᠠᠰᠤ ᠪᠠᠭ᠎ᠠ ᠪᠠᠶᠢᠭᠰᠠᠨ ᠪᠤᠯᠬᠤᠷ 15 ᠬᠤᠨᠤᠭ ᠤᠨ ᠢᠳᠡᠰᠢ ᠪᠠᠨ ᠲᠡᠩᠴᠡᠬᠦᠯᠵᠤ | ᠢᠳᠡᠨ᠎ᠡ ᠬᠡᠰᠡᠨ ᠢ ᠮᠡᠳᠡᠬᠦ ᠦᠭᠡᠢ 10 ᠬᠤᠨᠤᠬᠤ ᠳᠤ ᠰᠠᠶ᠋ᠢᠬᠢ ᠡᠷᠳᠡᠨᠢ ᠰᠢᠰᠢ ᠶᠢᠨ ᠰᠠᠰᠠ ᠪᠠᠨ ᠪᠠᠷᠠᠴᠢᠬᠠᠭᠰᠠᠨ᠃ | ᠶᠠ ᠶᠠ᠂ ᠤᠳᠤ ᠪᠤᠳᠤᠬᠤᠯᠠᠷ ᠪᠠᠰᠠ ᠢᠨᠢᠶᠡᠳᠤᠮᠲᠠᠢ᠃ ᠪᠠᠰᠠ ᠨᠢᠬᠡ ᠭᠡᠴᠡᠬᠦᠦ ᠨᠢ ᠡᠪᠤᠯ ᠤᠨ ᠬᠦᠢᠲᠡᠨ ᠰᠦᠨᠢ | ᠬᠤᠳᠳᠤᠭ ᠢᠶᠠᠨ ᠮᠠᠯᠲᠠᠬᠤ ᠶᠢᠨ ᠬᠠᠵᠠᠭᠤ ᠪᠠᠷ ᠱᠦᠢᠨᠢ ᠴᠢᠳᠬᠤᠬᠤ ᠯᠠ ᠬᠡᠴᠡᠬᠦᠦ ᠪᠠᠶᠢᠪᠠ᠂ ᠡᠨᠡ ᠠᠵᠢᠯ | ᠵᠤᠭᠰᠤᠩᠭᠤᠢᠢᠷᠠᠵᠤ ᠪᠤᠯᠬᠤ ᠦᠭᠡᠢ᠂ ᠬᠡᠷᠪᠡ ᠵᠤᠭᠰᠤᠪᠠᠯ ᠮᠠᠯᠳᠠᠭᠰᠠᠠ ᠬᠤᠳᠳᠤᠭ ᠨᠤᠷᠠᠬᠤ ᠠᠶᠤᠯᠲᠠᠢ᠃ ᠢᠡᠭᠭᠢᠵᠤ | ᠯᠡ ᠬᠠᠭᠠᠰ ᠰᠠᠷ᠎ᠠ ᠪᠠᠶᠢᠯᠳᠤᠵᠤ ᠪᠠᠶᠢᠭᠠᠳ ᠡᠨᠡ ᠬᠤᠶᠢᠲᠤ ᠠᠷᠤ ︵ᠪᠦᠷᠢᠳᠦ ᠭᠠᠴᠠᠭᠠᠨ ᠤ ᠠᠷᠤ ᠳᠠᠬᠢ ᠮᠠᠩᠬᠠᠨ | ᠬᠤᠳᠳᠤᠭ︶ ᠳᠠᠬᠢ ᠬᠤᠳᠳᠤᠭ ᠢ ᠮᠠᠯᠲᠠᠵᠤ ᠳᠠᠭᠤᠰᠬᠠᠭᠰᠠᠨ᠂ ᠲᠡᠭᠦᠨ ᠤ ᠲᠠᠷᠠᠭ᠎ᠠ ᠨᠢ ᠠᠷᠤᠴᠠᠶᠢᠳᠠᠮ ᠪᠠᠭ᠎ᠠ | ᠪᠠᠷᠢᠭᠠᠲᠠ ᠶᠢᠨ ᠬᠤᠳᠳᠤᠭ᠂ ᠴᠠᠭᠠᠨᠲᠤᠯᠤᠭᠠᠢ ᠳᠤ ᠬᠤᠶᠠᠷ ᠬᠤᠳᠳᠤᠭ ᠬᠡᠮᠡᠨ ᠮᠠᠯᠲᠠᠵᠤ ᠯᠠ ᠠᠪᠤᠭᠰᠠᠨ ᠁︾ | ᠬᠡᠵᠤ ᠵᠢᠷᠭᠠᠯᠠᠩ ᠨᠠᠰᠤᠳᠠᠠ ᠦᠡᠭᠬᠡᠷᠡᠭᠰᠡᠨ ᠢᠶᠠᠨ ᠬᠠᠭᠤᠴᠢᠯᠠᠵᠤ ᠪᠢᠯᠡ᠃ | ᠦᠳᠡ ᠶᠢᠨ ᠬᠤᠭᠤᠯᠠᠨ ᠤ ᠲᠠᠷᠠᠭ᠎ᠠ ᠵᠢᠷᠭᠠᠯᠠᠩ ᠭᠤᠸᠠᠢ ᠪᠢᠳᠠᠨ ᠢ ᠳᠠᠭᠠᠭᠤᠯᠵᠤ ᠪᠦᠷᠢᠳᠦ ᠭᠠᠴᠠᠭᠠᠨ ᠤ | ᠬᠤᠶᠢᠨ᠎ᠠ ᠪᠠᠶᠢᠭ᠎ᠠ ᠲᠤᠬᠠᠢ ᠶᠢᠨ ᠦᠶ᠎ᠡ ᠶᠢᠨ ᠮᠠᠩᠬᠠᠨ ᠬᠤᠳᠳᠤᠭ ᠢ ᠤᠴᠢᠵᠤ ᠦᠵᠡᠭᠰᠡᠨ ᠪᠦᠭᠡᠳ ᠴᠠᠭᠠᠨᠲᠤᠯᠤᠭᠠᠢ | ᠮᠠᠯᠵᠢᠯ ᠤᠨ ᠬᠤᠷᠰᠢᠶᠡᠨ ᠤ ᠪᠠᠭᠠᠲᠤᠷ ᠤᠨ ᠪᠡᠯᠴᠢᠬᠡᠷ ᠲᠡᠭᠡᠷ᠎ᠡ ᠪᠠᠶᠢᠭ᠎ᠠ ᠮᠠᠩᠬᠠᠨ ᠬᠤᠳᠳᠤᠭ ᠨᠢ ᠲᠦᠷᠦᠬᠦᠭᠡᠨ | ᠪᠤᠯᠲᠠᠯ᠎ᠠ ᠠᠰᠢᠭᠯᠠᠯᠲᠠ ᠳᠤ ᠪᠠᠶᠢᠭᠰᠠᠨ ᠬᠡᠬᠦ ᠰᠤᠷᠠᠭ ᠢᠶᠠᠷ ᠲᠡᠳᠡᠨ ᠤ ᠬᠢᠨ ᠢ ᠵᠤᠷᠢᠪᠠ᠃ ᠪᠠᠭᠠᠲᠤᠷ ᠤᠨ ᠬᠡᠷ ᠤᠨ | ᠪᠠᠷᠠᠭᠤᠨ ᠬᠤᠶᠢᠨ᠎ᠠ ᠨᠡᠯᠢᠶᠡᠳ ᠶᠡᠭᠡ ᠴᠠᠶᠢᠳᠠᠮ ᠪᠠᠶᠢᠵᠤ᠂ ᠴᠠᠶᠢᠳᠠᠮ ᠤᠨ ᠬᠦᠪᠡᠭᠡ ᠳᠤ ᠨᠦᠬᠦᠭᠡ ᠮᠠᠩᠬᠠᠨ | ᠬᠤᠳᠳᠤᠭ ᠨᠢ ᠤᠰᠤᠨ ᠰᠢᠬᠠᠭᠤᠷ ᠲᠠᠢ ᠪᠠᠨ ᠮᠠᠨ ᠢ ︽ᠤᠭᠲᠤᠯ᠎ᠠ︾᠃ ᠪᠠᠭᠠᠲᠤᠷ ᠤᠨ ᠬᠡᠯᠡᠬᠦ ᠪᠠᠷ ᠲᠤᠰ | ᠬᠤᠳᠳᠤᠭ ᠢ 1977 ᠤᠨ ᠳᠤ ᠮᠠᠯᠲᠠᠵᠤ᠂ ᠲᠠᠷᠠᠭ᠎ᠠ ᠵᠢᠯ ᠨᠢ ᠪᠤᠯᠠᠭᠳᠠᠭᠠᠳ ᠲᠠᠬᠢᠵᠤ ᠮᠠᠯᠲᠠᠭᠰᠠᠨ ᠠᠵᠢ᠃ | ᠢᠡᠭᠭᠢᠭᠡᠳ ︽ᠬᠤᠤᠰ ᠳᠠᠭᠠᠭᠠᠴᠢᠯᠠᠯᠲᠠ ᠶᠢᠨ ᠳᠦᠷᠢᠮ︾ ᠢ ᠬᠡᠷᠡᠭᠵᠢᠬᠦᠯᠥᠭᠰᠡᠨ ᠤ ᠲᠠᠷᠠᠭ᠎ᠠ ᠲᠡᠳᠡᠨ ᠤ ᠬᠢᠨ | 1993 ᠤᠨ ᠠᠴᠠ ᠡᠬᠢᠯᠡᠨ ᠲᠤᠰ ᠬᠤᠳᠳᠤᠭ ᠢ ᠬᠡᠷᠡᠭᠯᠡᠵᠤ᠂ 2008 ᠤᠨ ᠬᠦᠷᠲᠡᠯ᠎ᠡ ᠲᠠᠷᠢᠶ᠎ᠠ ᠤᠰᠤᠯᠠᠬᠤ ᠳᠤ | ᠵᠠᠷᠤᠵᠤ ᠪᠠᠶᠢᠪᠠ᠃ ᠦᠡᠭᠬᠡᠷᠡᠭᠰᠡᠨ ᠳᠤ ᠡᠨᠡ ᠬᠤᠳᠳᠤᠭ ᠨᠢ ᠲᠡᠳᠡᠨ ᠤ 40 ᠮᠦ ᠲᠠᠷᠢᠶ᠎ᠠ ᠶᠢ ᠤᠰᠤᠯᠠᠵᠤ | ᠪᠠᠶᠢᠭᠰᠠᠨ ᠠᠴᠠ ᠦᠵᠡᠬᠦ ᠳᠤ ᠤᠰᠤᠨ ᠢᠷᠡᠯᠲᠡ ᠶᠡᠭᠡ ᠰᠠᠶᠢᠲᠠᠢ ᠪᠠᠶᠢᠭᠰᠠᠨ ᠨᠢ ᠮᠡᠳᠡᠬᠡᠵᠢ᠃ | ︽ᠬᠠᠭᠤᠴᠢᠨ ᠶᠠᠭᠤᠮ᠎ᠠ ᠤᠯᠠ ᠪᠤᠯᠳᠠᠭ︾ ᠬᠡᠬᠦ ᠦᠭᠡ ᠪᠠᠶᠢᠪᠠᠴᠤ ᠵᠠᠷᠢᠮ ᠬᠠᠭᠤᠴᠢᠨ ᠶᠠᠭᠤᠮ᠎ᠠ ᠤᠨ ᠵᠢᠯ | ᠦᠡᠭᠬᠡᠷᠡᠬᠦ ᠲᠤᠰᠤᠮ ᠲᠡᠤᠬᠡ ᠶᠢᠨ ᠬᠡᠷᠡᠴᠢ ᠪᠤᠯᠵᠤ᠂ ᠬᠡᠷᠡᠯ ᠬᠢᠯᠪᠠᠭ᠎ᠠ ᠪᠠᠨ ᠰᠠᠴᠤᠷᠠᠭᠤᠯᠤᠨ ᠲᠤᠬᠠᠢ ᠶᠢᠨ ᠤᠷᠤᠨ ᠤ | ᠰᠤᠶᠤᠯ ᠤᠨ ᠨᠢᠬᠡ ᠦᠵᠡᠭᠳᠡᠯ ᠪᠤᠯᠳᠠᠭ ᠨᠢ ᠤᠴᠢᠷ ᠲᠠᠢ᠃ ︽ᠮᠠᠯᠵᠢᠬᠤ ᠳ᠋ᠠᠵᠠᠢ︾ ᠶᠢᠨ ᠬᠦᠮᠦᠰ ᠮᠠᠨᠢ ᠲᠡᠷᠡ ᠬᠦ | ᠰᠤᠶᠤᠯ ᠤᠨ ᠨᠢᠬᠡ ᠭᠤᠭᠴᠤᠭᠠᠨ ᠳᠤ ᠡᠷᠭᠡᠪᠰᠢ ᠪᠠᠭᠲᠠᠯᠴᠠᠬᠤ ᠶᠢ ᠲᠡᠭᠡᠷᠡᠬᠢ ᠤᠴᠢᠷ ᠪᠠᠲᠤᠲᠠᠢ ᠬᠡᠷᠡᠴᠢᠯᠡᠨ᠎ᠡ᠃ | |