ᠨᠠᠶᠠᠨ ᠬᠤᠶᠠᠷ ᠲᠠᠢ ᠪᠤᠭᠤᠷᠤᠯ ᠤᠨ ᠨᠠᠰᠤ ᠪᠠᠷ ᠢᠶᠠᠨ ᠮᠠᠷᠲᠠᠭ᠎ᠠ ᠦᠭᠡᠢ ᠳᠠᠭᠤᠤ
ᠨᠡᠶᠢᠲᠡᠯᠡᠭᠰᠡᠨ ᠴᠠᠭ᠄
2019-09-18
    ︽ᠨᠤᠷ᠎ᠠ ᠡᠯᠡᠰᠦ ᠶᠢ ᠨᠤᠮᠤᠬᠠᠳᠬᠠᠭᠠᠳ     ᠨᠤᠮᠢᠨ ᠳᠠᠯᠠᠢ ᠪᠤᠯᠭᠠᠭᠰᠠᠨ     ᠨᠤᠭᠤᠷᠠᠰᠢ ᠦᠭᠡᠢ ᠵᠤᠷᠢᠭ ᠢᠶᠠᠷ ᠢᠶᠠᠨ     ᠨᠤᠲᠤᠭ ᠪᠡᠯᠴᠢᠬᠡᠷ ᠢᠶᠠᠨ ᠦᠬᠡᠷᠡᠴᠢᠯᠡᠭᠰᠡᠨ     ᠦᠤᠰᠢᠨᠵᠤᠤ ᠶᠢᠨ ᠬᠦᠮᠦᠰ ᠦᠨᠡᠬᠡᠷ ᠪᠠᠭᠠᠲᠤᠷᠯᠢᠭ     ᠦᠢᠯᠡ ᠠᠵᠢᠯᠯᠠᠭ᠎ᠠ ᠨᠢ ᠮᠠᠨ ᠤ ᠳᠠᠭᠤᠷᠢᠶᠠᠯ     ᠠᠭᠤᠤ ᠳᠠᠶᠢᠴᠢᠨ ᠬᠦᠴᠦ ᠪᠠᠷ ᠢᠶᠠᠨ     ᠷᠠᠰᠢᠶᠠᠨ ᠪᠤᠯᠠᠭ ᠢ ᠤᠨᠳᠤᠷᠤᠭᠤᠯᠤᠭᠰᠠᠨ     ᠠᠵᠢᠯᠴᠢ ᠰᠢᠷᠭᠠᠭᠤ ᠬᠦᠳᠡᠯᠮᠦᠷᠢ ᠪᠠᠷ ᠢᠶᠠᠨ     ᠠᠳᠤᠭᠤ ᠮᠠᠯ ᠢᠶᠠᠨ ᠦᠰᠬᠡᠭᠰᠡᠨ     ᠦᠤᠰᠢᠨᠵᠤᠤ ᠶᠢᠨ ᠬᠦᠮᠦᠰ ᠦᠨᠡᠬᠡᠷ ᠪᠠᠭᠠᠲᠤᠷᠯᠢᠭ     ᠦᠢᠯᠡ ᠠᠵᠢᠯᠯᠠᠭ᠎ᠠ ᠨᠢ ᠮᠠᠨ ᠤ ᠳᠠᠭᠤᠷᠢᠶᠠᠯ ᠁︾     ᠴᠠᠭᠠᠨ ᠬᠤᠯᠤᠰᠤᠨ ᠴᠠᠶᠢᠳᠠᠮ ᠤᠨ ᠬᠦᠯ ᠳᠤ ᠪᠠᠶᠢᠷᠢᠰᠢᠬᠤ ᠨᠢᠬᠡ ᠠᠶᠢᠯ ᠤᠨ ᠬᠡᠷ ᠲᠤ ᠨᠠᠶᠠᠨ ᠬᠤᠶᠠᠷ ᠲᠠᠢ ᠨᠠᠰᠤᠲᠠᠨ ᠡᠨᠡ ᠳᠠᠭᠤᠤ ᠶᠢ ᠳᠠᠭᠤᠯᠠᠠ ᠰᠤᠷᠪᠤᠯᠵᠢᠯᠠᠭ᠎ᠠ ᠪᠠᠷ ᠤᠴᠢᠭᠰᠠᠨ ᠪᠢᠳᠠᠨ ᠢ ᠠᠯᠮᠠᠶᠢᠷᠠᠭᠤᠯᠵᠤ ᠪᠢᠯᠡ᠃ ᠡᠨᠡ ᠠᠶᠢᠯ ᠪᠤᠯ ᠦᠤᠰᠢᠨ ᠬᠤᠰᠢᠭᠤᠨ ᠤ ᠦᠤᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠤ ᠠᠷᠤᠴᠠᠶᠢᠳᠠᠮ ᠮᠠᠯᠵᠢᠯ ᠤᠨ ᠬᠤᠷᠰᠢᠶᠡᠨ ᠤ ᠰᠤᠶᠤᠯᠳᠠᠯᠠᠢ ᠶᠢᠨ ᠬᠢ᠃ ᠰᠤᠶᠤᠯᠳᠠᠯᠠᠢ ᠶᠢᠨ ᠡᠵᠢ ᠨᠢ ᠤᠳᠬᠤᠨᠬᠡᠷᠡᠯ ᠬᠡᠵᠤ ᠡᠨᠡ ᠵᠢᠯ ᠨᠠᠶᠠᠨ ᠬᠤᠶᠠᠷ ᠤᠨ ᠬᠤᠲᠤᠭ ᠢ ᠵᠤᠭᠤᠭᠯᠠᠵᠤ ᠶᠠᠪᠤᠭ᠎ᠠ ᠬᠢᠷᠢᠨ᠎ᠡ ᠪᠠᠨ ᠵᠠᠯᠠᠭᠤ ᠪᠠᠭ᠎ᠠ ᠶᠢᠨ ᠦᠶ᠎ᠡ ᠳᠤ ᠬᠠᠮᠲᠤ ᠶᠢᠨ ᠬᠦᠳᠡᠯᠮᠦᠷᠢ ᠪᠠᠷ ᠳᠠᠭᠤᠯᠠᠵᠤ ᠶᠠᠪᠤᠭᠰᠠᠨ ᠡᠨᠡ ᠳᠠᠭᠤᠤ ᠪᠠᠨ ᠤᠭᠲᠤ ᠮᠠᠷᠲᠠᠭ᠎ᠠ ᠦᠭᠡᠢ ᠨᠢ ᠪᠢᠰᠢᠷᠡᠬᠦᠰᠢᠲᠡᠢ︕      ᠤᠯᠠᠨ ᠤ ᠮᠡᠳᠡᠬᠡᠵᠢ ᠪᠠᠷ ︽ᠦᠤᠰᠢᠨᠵᠤᠤ ᠶᠢᠨ ᠬᠦᠮᠦᠰ ᠦᠨᠡᠬᠡᠷ ᠪᠠᠭᠠᠲᠤᠷᠯᠢᠭ︾ ᠬᠡᠬᠦ ᠡᠨᠡ ᠳᠠᠭᠤᠤ ᠲᠡᠭᠡᠷ᠎ᠡ ᠵᠠᠭᠤᠨ ᠤ ᠵᠢᠷᠠ ᠳᠠᠯᠠᠭᠠᠳ ᠤᠨ ᠤ ᠦᠶ᠎ᠠ ᠠᠴᠠ ᠤᠯᠠᠨ ᠬᠦᠮᠦᠨ ᠤ ᠰᠤᠨᠤᠷ ᠢ ᠳᠡᠯᠡᠳᠦᠨ᠂ ᠨᠢᠬᠡ ᠠᠴᠠ ᠨᠦᠬᠦᠭᠡ ᠳᠤ ᠳᠠᠮᠵᠢᠭᠳᠠᠨ ᠦᠪᠦᠷ ᠮᠤᠩᠭᠤᠯ ᠳᠠᠶᠠᠭᠠᠷ ᠲᠠᠷᠬᠠᠭᠰᠠᠨ ᠨᠢ ᠦᠨᠡᠨᠲᠡᠢ᠃ ᠢᠯᠠᠩᠭᠤᠶ᠎ᠠ ᠡᠨᠡ ᠨᠤᠲᠤᠭ ᠤᠨ ᠬᠦᠮᠦᠰ ᠬᠠᠮᠲᠤ ᠶᠢᠨ ᠬᠦᠳᠡᠯᠮᠦᠷᠢ ᠬᠢᠬᠦ ᠳᠡᠭᠡᠨ ᠬᠠᠮᠲᠤ ᠪᠠᠷ ᠢᠶᠠᠨ ᠨᠡᠶᠢᠯᠡᠵᠤ ᠲᠤᠰ ᠳᠠᠭᠤᠤ ᠶᠢ ᠳᠠᠭᠤᠯᠠᠨ ᠠᠯᠵᠢᠶᠠᠯ ᠵᠦᠳᠡᠷᠡᠯ ᠢᠶᠠᠨ ᠲᠠᠶᠢᠯᠳᠠᠭ ᠪᠠᠶᠢᠭᠰᠠᠨ ᠢ ᠡ᠊ᠨᠳᠡᠬᠢ ᠪᠤᠭᠤᠷᠤᠯᠴᠤᠳ ᠦᠬᠦᠯᠡᠨ᠎ᠡ᠃        ︽ᠪᠤᠷᠤᠯᠳᠠᠢ ᠪᠠᠷ ᠲᠦᠷᠦᠬᠦᠯᠡᠬᠦᠯᠥᠭᠰᠡᠨ ᠮᠠᠨ ᠤ ᠪᠦᠬᠦ ᠪᠠᠷᠢᠭᠠᠲᠠ ᠶᠢᠨ ᠬᠤᠶᠠᠷ ᠭᠤᠷᠪᠠᠨ ᠵᠠᠭᠤᠨ ᠬᠦᠮᠦᠨ ᠰᠤᠭᠲᠤᠭᠤ ᠡᠪᠡᠰᠤ ᠠᠷᠢᠯᠭᠠᠬᠤ ᠬᠡᠵᠤ ᠬᠦᠷᠵᠡ ᠵᠡᠬᠡᠲᠤᠤ ᠪᠠᠨ ᠡᠬᠦᠷᠦᠨ ᠡᠨᠡ ᠬᠤᠶᠢᠲᠤ ᠠᠷᠤ ᠶᠢᠨ ᠲᠦᠬᠦᠢ ᠶᠢᠨ ᠴᠠᠶᠢᠳᠠᠮ ᠠᠴᠠ ᠡᠮᠦᠨᠡᠰᠢᠯᠡᠬᠦ ᠳᠤ ᠪᠦᠬᠦᠳᠡᠭᠡᠷ ᠢᠶᠠᠨ ᠡᠨᠡ ᠳᠠᠭᠤᠤ ᠶᠢ ᠳᠠᠭᠤᠯᠠᠵᠤ ᠠᠵᠢᠯ ᠳᠤ ᠭᠠᠷᠤᠭᠰᠠᠨ᠂ ᠲᠡᠭᠡᠬᠦ ᠳᠤ ᠦᠨᠡᠬᠡᠷ ᠢᠶᠠᠨ ᠴᠤ ᠰᠦᠷ ᠲᠠᠢ ᠪᠠᠶᠢᠵᠤ ᠪᠢᠯᠡ᠃ ᠢᠡᠭᠭᠢᠭᠡᠳ ᠲᠡᠷᠡ ᠴᠠᠭ ᠦᠶ᠎ᠡ ᠳᠤ ᠪᠤᠷᠤᠯᠳᠠᠢ ᠲᠠᠢ ᠬᠠᠮᠲᠤ ᠰᠤᠭᠲᠤᠭᠤ ᠡᠪᠡᠰᠦ ᠠᠷᠢᠯᠭᠠᠬᠤ᠂ ᠰᠢᠪᠠᠭ ᠡᠬᠦᠷᠴᠤ ᠤᠢᠢᠵᠢᠭᠤᠯᠤᠯᠳᠠ ᠬᠢᠬᠦ᠂ ᠬᠠᠮᠲᠤ ᠶᠢᠨ ᠰᠤᠷᠤᠯᠴᠠᠯᠭ᠎ᠠ ᠬᠢᠬᠦ ᠵᠡᠷᠭᠡ ᠳᠤ ᠴᠦᠮ ᠡᠨᠡ ᠳᠠᠭᠤᠤ ᠶᠢ ᠳᠠᠭᠤᠯᠠᠨ᠎ᠠ᠃ ᠡᠨᠡ ᠨᠢ ᠴᠤ ᠲᠡᠭᠡᠭᠡᠳ ᠮᠠᠨ ᠤ ᠲᠡᠷᠡ ᠦᠶ᠎ᠡ ᠶᠢᠨ ᠬᠦᠮᠦᠨ ᠪᠦᠬᠦᠨ ᠤ ᠬᠠᠮᠤᠭ ᠤᠨ ᠰᠠᠶᠢᠨ ᠮᠡᠳᠡᠳᠡᠭ ᠳᠠᠭᠤᠤ ᠪᠤᠯᠵᠤ᠂ ᠰᠡᠭᠦᠯ ᠳᠤᠨᠢ ᠬᠡᠷ ᠲᠡᠭᠡᠨ ᠢᠷᠡᠭᠡᠳ ᠬᠤᠨᠢ ᠳᠠᠭᠠᠵᠤ ᠶᠠᠪᠤᠬᠤ ᠳᠤ ᠴᠤ ᠭᠠᠭᠴᠠᠭᠠᠷ ᠢᠶᠠᠨ ᠬᠢᠨᠭᠰᠢᠳᠡᠭ ᠪᠠᠶᠢᠵᠤ ᠪᠢᠯᠡ︾ ᠬᠡᠮᠡᠨ ᠤᠳᠬᠤᠨᠭᠡᠷᠡᠯ ᠨᠠᠰᠤᠳᠠᠨ ᠦᠡᠭᠬᠡᠷᠡᠭᠰᠡᠨ ᠢᠶᠠᠨ ᠬᠠᠭᠤᠴᠢᠯᠠᠬᠤ ᠪᠢᠯᠡ᠃      ᠬᠦᠳᠡᠯᠮᠦᠷᠢ — ᠬᠦᠴᠦ ᠤᠬᠠᠭᠠᠨ ᠬᠤᠶᠠᠷ ᠤᠨ ᠨᠢᠬᠡᠳᠦᠯ᠃      ᠳᠠᠭᠤᠤ — ᠤᠬᠠᠭᠠᠨ ᠠᠪᠢᠶᠠᠰ ᠬᠤᠶᠠᠷ ᠤᠨ ᠨᠢᠬᠡᠳᠦᠯ᠃      ᠲᠡᠶᠢᠮᠤ ᠴᠤ ᠤᠴᠢᠷ ᠠᠴᠠ ᠮᠠᠯᠵᠢᠬᠤ ︽ᠳ᠋ᠠᠵᠠᠢ︾ ᠶᠢᠨ ᠬᠦᠮᠦᠰ ᠡᠯᠡᠰᠦ ᠮᠠᠩᠬ᠎ᠠ ᠶᠢ ᠦᠬᠡᠷᠡᠴᠢᠯᠡᠨ᠂ ᠨᠤᠲᠤᠭ ᠤᠷᠤᠨ ᠢᠶᠠᠨ ᠨᠤᠮᠢᠨ ᠲᠠᠩᠰᠤᠭ ᠪᠤᠯᠭᠠᠬᠤ ᠶᠡᠭᠡ ᠠᠶᠠᠨ ᠳᠤ ᠬᠦᠳᠡᠯᠮᠦᠷᠢ ᠳᠠᠭᠤᠤ ᠬᠤᠶᠠᠷ ᠢᠶᠠᠨ ᠬᠠᠮᠲᠤ ᠠᠪᠴᠤ ᠶᠠᠪᠤᠭᠰᠠᠨ ᠠᠴᠠ ᠲᠤᠬᠠᠢ ᠶᠢᠨ ᠦᠶ᠎ᠡ ᠶᠢᠨ ᠠᠷᠢᠭᠤᠨ ᠴᠠᠭᠠᠨ ᠬᠦᠳᠡᠯᠮᠦᠷᠢ ᠶᠢᠨ ᠪᠦᠲᠦᠬᠡᠯ ᠢ ᠡᠨᠡ ᠳᠠᠭᠤᠤ ᠪᠠᠷ ᠬᠦᠮᠦᠨ ᠤ ᠳᠠᠯᠳᠠ ᠤᠬᠠᠮᠰᠠᠷ ᠲᠤ ᠠᠮᠢᠯᠠᠭᠤᠯᠤᠨ ᠪᠤᠶᠢᠵᠢᠭᠤᠯᠵᠤ ᠴᠢᠳᠠᠭᠰᠠᠨ ᠨᠢ ᠦᠨᠡᠨ ᠭᠠᠶᠢᠬᠠᠮᠰᠢᠭᠲᠠᠢ᠃ ᠤᠳᠬᠤᠨᠬᠡᠷᠡᠯ᠄ ︽ᠬᠠᠮᠲᠤ ᠶᠢᠨ ᠬᠦᠳᠡᠯᠮᠦᠷᠢ᠂ ᠬᠤᠪᠢ ᠶᠢᠨ ᠬᠦᠳᠡᠯᠮᠦᠷᠢ ᠬᠡᠰᠡᠨ ᠦᠭᠡᠢ ᠡᠨᠡ ᠳᠠᠭᠤᠤ ᠶᠢ ᠳᠠᠭᠤᠯᠠᠬᠤ ᠳᠤ ᠶᠠᠲᠠᠷᠠᠭ᠎ᠠ ᠲᠠᠶᠢᠯᠤᠭᠳᠠᠬᠤ ᠶᠢᠨ ᠬᠠᠮᠲᠤ ᠮᠠᠩᠬᠠᠨ ᠨᠤᠲᠤᠭ ᠢ ᠨᠤᠮᠢᠨ ᠪᠦᠷᠢᠳᠦ ᠪᠤᠯᠭᠠᠭᠰᠠᠨ ᠵᠤᠷᠢᠭ ᠰᠠᠨᠠᠭ᠎ᠠ ᠨᠢ ᠪᠢᠳᠠᠨ ᠳᠤ ᠨᠠᠪᠴᠢᠵᠤ ᠴᠢᠳᠠᠭᠰᠠᠨ ᠬᠡᠵᠤ ᠪᠢ ᠪᠤᠳᠤᠳᠠᠭ︾ ᠬᠡᠮᠡᠨ ᠶᠠᠷᠢᠯ᠎ᠠ᠃ ᠡᠵᠢ ᠶᠢᠨ ᠡᠨᠡ ᠦᠬᠡ ᠦᠨᠡᠨ ᠪᠠᠶᠢᠯ᠎ᠠ᠃ ᠰᠤᠶᠤᠯᠳᠠᠯᠠᠢ ᠪᠢᠳᠠᠨ ᠳᠤ᠄ ︽ᠮᠠᠨ ᠤ ᠪᠡᠯᠴᠢᠬᠡᠷ ᠤᠳᠤ ᠪᠦᠬᠦᠨ ᠢᠶᠠᠷ ᠢᠶᠠᠨ ᠤᠢᠢᠵᠢᠭᠤᠯᠤᠭᠳᠠᠭᠰᠠᠨ ᠨᠢ ᠮᠠᠨ ᠤ ᠮᠦᠮᠦ ᠶᠢᠨ ᠬᠦᠴᠦ ᠬᠦᠳᠡᠯᠮᠦᠷᠢ ᠠᠴᠠ ᠭᠠᠳᠠᠨ᠎ᠠ ᠲᠡᠭᠦᠨ ᠤ ᠵᠤᠷᠢᠭ ᠰᠠᠨᠠᠭ᠎ᠠ ᠨᠢ ᠬᠤᠶᠢᠴᠢ ᠶᠢᠨ ᠪᠢᠳᠠᠨ ᠳᠤ ᠤᠯᠠᠮᠵᠢᠯᠠᠭᠳᠠᠨ ᠢᠷᠡᠭᠰᠡᠨ ᠤ ᠠᠴᠢ ᠭᠠᠪᠢᠶ᠎ᠠ ᠮᠦᠨ᠃ ᠮᠦᠮᠦ ᠮᠢᠨᠢ 70 ᠨᠠᠰᠤ ᠬᠦᠷᠲᠡᠯ᠎ᠡ ᠮᠤᠳᠤ ᠲᠠᠷᠢᠬᠤ ᠠᠵᠢᠯ ᠳᠤ ᠤᠷᠤᠯᠴᠠᠵᠤ ᠪᠠᠶᠢᠭᠰᠠᠨ᠂ ᠲᠡᠬᠡᠬᠦ ᠳᠤ ᠪᠠᠰᠠ ᠡᠨᠡ ︿ᠦᠤᠰᠢᠨᠵᠤᠤ ᠶᠢᠨ ᠬᠦᠮᠦᠰ ᠦᠨᠡᠬᠡᠷ ᠪᠠᠭᠠᠲᠤᠷᠯᠢᠭ﹀ ᠬᠡᠬᠦ ᠳᠠᠭᠤᠤ ᠶᠢ ᠦᠷᠬᠦᠯᠵᠢ ᠬᠢᠨᠭ᠍ᠰᠢᠵᠤ ᠶᠠᠪᠤᠳᠠᠭ ᠪᠠᠶᠢᠭᠰᠠᠨ ᠢ ᠪᠢ ᠲᠤᠳᠤᠷᠬᠠᠢ ᠴᠡᠬᠡᠵᠢᠯᠡᠵᠤ ᠪᠠᠶᠢᠨ᠎ᠠ︾ ᠬᠡᠵᠤ ᠶᠠᠷᠢᠵᠤ ᠪᠠᠶᠢᠯ᠎ᠠ᠃      ᠨᠢᠬᠡᠨ ᠦᠶ᠎ᠡ ᠬᠦᠮᠦᠰ ᠤᠨ ᠰᠡᠳᠬᠢᠯ ᠵᠢᠷᠦᠬᠡᠨ ᠳᠤ ᠬᠤᠨᠤᠭᠰᠢᠵᠤ ᠠᠭᠰᠠᠨ ᠡᠨᠡ ᠳᠠᠭᠤᠤ ᠤᠳᠤ ᠬᠡᠳᠦ᠋ᠢᠪᠡᠷ ᠳᠡᠮᠡᠢ ᠳᠠᠭᠤᠯᠠᠭᠳᠠᠬᠤ ᠦᠭᠡᠢ ᠪᠤᠯᠪᠠᠴᠤ ᠲᠡᠷᠡ ᠳᠠᠭᠤᠨ ᠠᠴᠠ ᠰᠠᠴᠤᠷᠠᠵᠤ ᠭᠠᠷᠤᠭᠰᠠᠨ ᠵᠤᠷᠢᠭ ᠰᠠᠨᠠᠭ᠎ᠠ ᠨᠢ ᠦᠶ᠎ᠡ ᠶᠢᠨ ᠦᠶ᠎ᠡ ᠳᠤ ᠲᠤᠷᠠᠰᠤᠭᠳᠠᠬᠤ ᠨᠢ ᠯᠠᠪᠲᠠᠢ︕
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号