ᠪᠦᠷᠢᠳᠦ ᠨᠤᠲᠤᠭ ᠲᠤ ᠲᠤᠬᠠᠢ ᠶᠢᠨ ᠦᠶᠡᠰ ᠡᠷᠡᠭᠲᠡᠶᠢᠴᠤᠳ ᠨᠢ ︽ᠭᠠᠪᠰᠢᠭᠠᠢ ᠠᠩᠭᠢ︾᠂ | ᠡᠮᠡᠭᠲᠡᠶᠢᠴᠤᠳ ᠨᠢ ︽ᠲᠠᠮᠤᠷ ᠬᠡᠤᠬᠡᠨᠴᠤᠳ︾ ᠪᠤᠯᠵᠤ᠂ ᠨᠤᠲᠤᠭ ᠤᠷᠤᠨ ᠢᠶᠠᠨ ᠪᠦᠲᠦᠬᠡᠨ ᠪᠠᠶᠢᠭᠤᠯᠬᠤ ᠠᠵᠢᠯ ᠳᠤ | ᠰᠢᠭᠤᠷᠬᠠᠢᠢᠯᠠᠵᠤ ᠶᠠᠪᠤᠭᠰᠠᠨ ᠵᠠᠯᠠᠭᠤᠰ ᠤᠳᠤ ᠪᠤᠯᠬᠤ ᠳᠤ ᠪᠦᠷ ᠳᠠᠯ᠎ᠠ ᠨᠠᠶᠠ ᠶᠢᠨ ᠲᠠᠪᠠᠭ᠎ᠠ ᠶᠢ ᠲᠠᠪᠠᠵᠤ᠂ ᠵᠠᠷᠢᠮ | ᠨᠢᠬᠡ ᠨᠢ ᠬᠡᠳᠦ᠋ᠢᠨ ᠪᠤᠷᠬᠠᠨ ᠤ ᠤᠷᠤᠨ ᠳᠤ ᠤᠴᠢᠴᠢᠬᠠᠭᠰᠠᠨ ᠪᠤᠯᠪᠠᠴᠤ ᠲᠡᠷᠡ ᠦᠶ᠎ᠡ ᠶᠢᠨ ᠵᠤᠷᠢᠭ ᠰᠠᠨᠠᠭ᠎ᠠ ᠨᠢ | ᠬᠠᠷᠢᠨ ᠦᠶ᠎ᠡ ᠶᠢᠨ ᠦᠶ᠎ᠡ ᠳᠤ ᠦᠯᠡᠳᠡᠵᠤ ᠴᠢᠳᠠᠭᠰᠠᠨ ᠪᠠᠶᠢᠯ᠎ᠠ᠃ ᠡᠨᠡ ᠵᠤᠷᠢᠭ ᠰᠠᠨᠠᠭᠠᠨ ᠤ ᠬᠡᠷᠡᠴᠢ ᠪᠤᠯᠤᠭᠰᠠᠨ | ᠤᠯᠠᠨ ᠨᠠᠰᠤᠲᠠᠳ ᠤᠨ ᠲᠤᠳᠤᠷ᠎ᠠ ᠦᠤᠰᠢᠨ ᠬᠤᠰᠢᠭᠤᠨ ᠤ ᠦᠤᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠤ | ᠪᠠᠭᠠᠴᠠᠶᠢᠳᠠᠮ ᠮᠠᠯᠵᠢᠯ ᠤᠨ ᠬᠤᠷᠰᠢᠶᠡᠨ ᠤ ᠠᠯᠲᠠᠨᠲᠤᠭᠤᠰ ᠨᠠᠰᠤᠳᠠᠨ ᠪᠤᠯ ᠪᠤᠷᠤᠯᠳᠠᠢ ᠲᠠᠢ ᠬᠠᠮᠲᠤ ᠤᠯᠠᠨ ᠤᠯᠠᠨ | ᠤᠴᠢᠷ ᠶᠠᠪᠤᠳᠠᠯ ᠢ ᠦᠡᠭᠬᠡᠷᠡᠭᠡᠭᠰᠡᠨ ᠬᠡᠮᠡᠨ ᠰᠤᠨᠤᠰᠤᠭᠠᠳ ᠵᠤᠯᠭᠠᠬᠤ ᠪᠠᠷ ᠬᠦᠷᠴᠤ ᠪᠢᠯᠡ᠃ | ᠠᠯᠲᠠᠨᠲᠤᠭᠤᠰ ᠡᠵᠢ ᠡᠨᠡ ᠵᠢᠯ 85 ᠨᠠᠰᠤᠨ ᠤ ᠦᠨᠳᠦᠷ ᠬᠤᠳᠤᠭ ᠢ ᠵᠤᠭᠤᠭᠯᠠᠵᠤ᠂ ᠦᠤᠰᠢᠨᠵᠤᠤ | ᠪᠠᠯᠭᠠᠰᠤᠨ ᠤ ᠨᠡᠬᠦᠳᠡᠯ ᠠᠷᠠᠳ ᠤᠨ ᠲᠤᠭᠤᠷᠢᠭ ᠲᠤ ᠢᠷᠡᠵᠤ ᠰᠠᠭᠤᠭᠠᠳ ᠬᠡᠳᠦᠬᠡᠨ ᠰᠠᠷ᠎ᠠ ᠪᠤᠯᠵᠤ ᠪᠠᠶᠢᠭ᠎ᠠ ᠠᠵᠢ᠃ | ᠡᠵᠢ ᠶᠢᠨ ᠪᠡᠶ᠎ᠡ ᠡᠨᠡ ᠵᠢᠯ ᠵᠢᠭᠠᠬᠠᠨ ᠲᠠᠭᠠᠷᠠᠤᠬᠠᠨ ᠪᠠᠶᠢᠭ᠎ᠠ ᠤᠴᠢᠷ ᠠᠴᠠ ᠬᠦᠳᠡᠭᠡ ᠠᠴᠠ ᠪᠠᠨ ᠡ᠊ᠨᠳᠡ ᠢᠷᠡᠵᠤ | ᠰᠠᠭᠤᠭᠰᠠᠨ ᠨᠢ ᠲᠡᠷᠡ ᠪᠠᠶᠢᠯ᠎ᠠ᠃ ᠮᠦᠨ ᠴᠤ ᠡᠵᠢ ᠶᠢᠨ ᠴᠢᠬᠢ ᠪᠠᠭ᠎ᠠ ᠬᠠᠲᠠᠭᠤᠷᠠᠵᠤ ᠨᠡᠯᠢᠶᠡᠳ ᠦᠨᠳᠦᠷ | ᠳᠠᠭᠤ ᠪᠠᠷ ᠬᠡᠯᠡᠬᠦ ᠦᠭᠡᠢ ᠪᠤᠯ ᠰᠤᠨᠤᠰᠬᠤ ᠦᠭᠡᠢ ᠪᠠᠶᠢᠭᠰᠠᠨ ᠴᠤ ᠴᠡᠬᠡᠵᠢ ᠨᠢ ᠬᠠᠷᠢᠨ ᠰᠠᠷᠠᠭᠤᠯ ᠬᠡᠭᠴᠢ ᠶᠢ | ᠵᠠᠯᠠᠭᠤ ᠶᠢᠨ ᠦᠶ᠎ᠡ ᠶᠢᠨ ᠭᠠᠯ ᠲᠠᠢ ᠴᠤᠭ ᠲᠠᠢ ᠠᠮᠢᠳᠤᠷᠠᠯ ᠤᠨ ᠦᠡᠭᠬᠡᠷᠡᠯᠲᠡ ᠪᠠᠨ ᠶᠠᠷᠢᠬᠤ ᠳᠤ ᠨᠢᠳᠤ ᠨᠢ ᠬᠡᠷᠡᠯᠳᠤᠨ | ᠪᠠᠶᠢᠭᠰᠠᠨ ᠢᠶᠠᠷ ᠠᠩᠵᠠᠭᠠᠷᠠᠪᠠ᠃ | ︽ᠲᠡᠷᠡ ᠴᠢᠨᠢ 1960 ᠤᠨ ᠪᠠᠶᠢᠭᠰᠠᠨ ᠰᠢᠬ ᠰᠠᠨᠠᠭᠳᠠᠵᠤ ᠪᠠᠶᠢᠨ᠎ᠠ᠂ ᠮᠠᠨ ᠤ ᠪᠦᠬᠦ ᠪᠠᠷᠢᠭᠠᠲᠠ ᠶᠢᠨ | ᠬᠡᠰᠢᠬᠦᠳ ᠦᠤᠰᠢᠨᠵᠤᠤ ᠶᠢᠨ ᠮᠠᠩᠬ᠎ᠠ ᠶᠢ ᠤᠢᠢᠵᠢᠭᠤᠯᠬᠤ ᠬᠡᠮᠡᠨ ᠬᠦᠳᠡᠭᠡ ᠳᠤ ᠤᠴᠢᠵᠤ 1 ᠵᠢᠯ ᠰᠠᠭᠤᠭᠰᠠᠨ᠂ | ᠪᠢᠳᠠ ᠴᠤ ᠵᠠᠯᠠᠭᠤ ᠪᠠᠶᠢᠭᠰᠠᠨ ᠪᠤᠯᠬᠤᠷ ᠡᠳᠦᠷ ᠲᠤᠨᠢ ᠤᠷᠢᠳᠤ ᠲᠦᠬᠦᠮ ᠤᠨ ᠪᠤᠷᠭᠠᠰᠤ ᠶᠢ ᠡᠬᠦᠷᠦᠭᠡᠳ ᠬᠤᠶᠢᠲᠤ | ᠮᠠᠩᠬᠠᠨ ᠳᠤᠨᠢ ᠠᠪᠠᠴᠢᠵᠤ ᠤᠢᠢᠵᠢᠭᠤᠯᠪᠠᠯ ᠰᠦᠨᠢ ᠳᠤᠨᠢ ᠠᠶᠢᠯ ᠤᠨ ᠬᠠᠰᠢᠶ᠎ᠠ ᠬᠦᠷᠢᠶ᠎ᠡ ᠪᠠᠷᠢᠬᠤ ᠬᠡᠵᠤ ᠬᠦᠶᠦᠳᠡᠭ | ᠪᠠᠶᠢᠭᠰᠠᠨ᠃ ᠲᠡᠷᠡ ᠦᠶᠡᠰ ︿ᠰᠠᠶᠢᠨ ᠬᠦᠮᠦᠨ ᠰᠠᠶᠢᠨ ᠶᠠᠪᠤᠳᠠᠯ ᠬᠢᠬᠦ﹀ ᠬᠡᠮᠡᠨ ᠵᠢᠭᠲᠡᠢ ᠱᠤᠤᠬᠢᠵᠤ᠂ ᠶᠠᠮᠠᠷ ᠴᠤ | ᠠᠰᠢᠭ ᠬᠠᠶᠢᠯ ᠦᠭᠡᠢ ᠪᠠᠷ ᠡᠯᠳᠡᠪ ᠠᠵᠢᠯ ᠳᠤ ᠰᠢᠭᠤᠷᠬᠠᠢᠢᠯᠠᠵᠦ ᠯᠠ ᠪᠠᠶᠢᠭᠰᠠᠨ ᠁ ᠲᠡᠭᠦᠨ ᠤ ᠲᠠᠷᠠᠭ᠎ᠠ | ᠰᠤᠭᠲᠤᠭᠤ ᠡᠪᠡᠰᠦ ᠠᠷᠢᠯᠭᠠᠬᠤ ᠬᠡᠵᠤ ᠪᠠᠭᠠᠴᠠᠶᠢᠳᠠᠮ — ᠠᠷᠤᠴᠠᠶᠢᠳᠠᠮ — ᠤᠷᠲᠤ — ᠶᠡᠭᠡᠴᠠᠶᠢᠳᠠᠮ | — ᠬᠤᠯᠤᠰᠤᠲᠤ ᠬᠤᠭᠤᠯᠠᠢ ᠶᠢᠨ ᠬᠦᠯ — ᠴᠠᠭᠠᠨᠰᠦ᠋ᠮ᠎ᠡ ᠬᠡᠵᠤ ᠭᠤᠷᠪᠠᠨ ᠰᠠᠷ᠎ᠠ ᠶᠠᠪᠤᠭᠰᠠᠨ᠃ ᠡᠶᠢᠮᠤ | ᠬᠠᠮᠲᠤ ᠪᠠᠷ ᠬᠦᠳᠡᠯᠮᠦᠷᠢᠯᠡᠵᠤ ᠶᠠᠪᠤᠭᠰᠠᠨ ᠦᠯᠢᠬᠡᠷ ᠴᠤ ᠤᠯᠠᠨ ᠪᠤᠢ︾ ᠬᠡᠮᠡᠨ ᠠᠯᠲᠠᠨᠲᠤᠭᠤᠰ ᠡᠵᠢ ᠶᠠᠷᠢᠨ᠎ᠠ᠃ | ᠬᠠᠷᠢᠨ ᠲᠡᠭᠦᠨ ᠤ ᠡᠨᠡ ᠨᠠᠰᠤᠨ ᠳᠤ ᠮᠠᠷᠲᠠᠭᠳᠠᠳᠠᠭ ᠦᠭᠡᠢ ᠪᠠᠰᠠ ᠨᠢᠬᠡ ᠤᠴᠢᠷ ᠬᠡᠪᠡᠯ ᠪᠤᠷᠤᠯᠳᠠᠢ ᠲᠠᠢ | ᠬᠠᠮᠲᠤ ᠲᠤᠬᠠᠢ ᠶᠢᠨ ᠦᠶ᠎ᠡ ᠶᠢᠨ ᠲᠦᠡᠭᠼᠢ ᠪᠠᠷᠢᠭᠠᠲᠠ ᠳᠤ ᠬᠦᠷᠴᠤ ᠲᠤᠯᠤᠭ᠎ᠠ ᠬᠤᠨᠤᠭ ᠤᠨ ᠬᠤᠷᠠᠯ ᠳᠤ | ᠤᠷᠤᠯᠴᠠᠭᠰᠠᠨ ᠶᠠᠪᠤᠳᠠᠯ ᠪᠠᠶᠢᠯ᠎ᠠ᠃ ᠡᠵᠢ ᠶᠢᠨ ᠡᠷᠬᠢᠴᠡᠬᠦᠯᠬᠦ ᠪᠠᠷ 1966 ᠤᠨ ᠤ ᠵᠤᠨ ᠲᠡᠷᠡ ︽ | ᠬᠦᠳᠡᠯᠮᠦᠷᠢ ᠶᠢᠨ ᠲᠡᠷᠢᠭᠦᠨ ᠤ ᠵᠢᠱᠢᠶᠡᠴᠢ︾ ᠪᠤᠯᠵᠤ᠂ ᠪᠤᠷᠤᠯᠲᠠᠢ ᠵᠢᠴᠢ ᠠᠳᠤᠭᠤᠬᠠᠢ ᠶᠢᠨ ᠬᠤᠶᠠᠷ ᠬᠢᠲᠠᠳ | ᠪᠦᠰᠡᠭᠦᠢ ᠲᠠᠢ ᠲᠦᠷᠪᠡᠬᠦᠯᠡ ᠢᠳᠡᠰᠢ ᠤᠤᠭᠤᠰᠢ᠂ ᠬᠦᠨᠵᠢᠯᠡ ᠲᠡᠪᠢᠰᠬᠡᠷ ᠢᠶᠠᠨ ᠪᠠᠭᠯᠠᠵᠤ ᠡᠬᠦᠷᠦᠭᠡᠳ ᠲᠦᠡᠭᠼᠢ ᠶᠢ | ᠵᠤᠷᠢᠭᠰᠠᠨ ᠠᠵᠢ᠃ ᠲᠡᠷᠡ ᠦᠶ᠎ᠡ ᠳᠤ ᠤᠨᠤᠭ᠎ᠠ ᠴᠤ ᠪᠠᠶᠢᠭ᠎ᠠ ᠦᠭᠡᠢ ᠪᠤᠯᠬᠤᠷ ᠬᠡᠳᠦᠬᠦᠯᠡ ᠶᠠᠪᠠᠭᠠᠨ | ᠨᠢᠴᠦᠬᠦᠨ ᠢᠶᠠᠷ ᠬᠤᠶᠠᠷ ᠡᠳᠦᠷ ᠬᠦᠢᠴᠡᠳ ᠶᠠᠪᠤᠵᠠᠢ᠃ ︽ᠦᠷᠯᠥᠬᠡ ᠡᠷᠲᠡ ᠡ᠊ᠨᠳᠡ ᠠᠴᠠ ᠭᠠᠷᠤᠭᠠᠳ ᠤᠷᠤᠢ | ᠨᠠᠷᠠ ᠵᠢᠷᠭᠠᠬᠤ ᠳᠤ ᠦᠤᠰᠢᠨ ᠬᠤᠰᠢᠭᠤᠨ ᠤ ᠪᠠᠷᠠᠭᠤᠨᠲᠠᠢ ᠨᠢᠬᠡ ᠠᠶᠢᠯ ᠳᠤ ᠬᠦᠷᠴᠠᠢ᠂ ᠲᠡᠷᠡ ᠠᠶᠢᠯ ᠴᠤ ᠲᠦᠷᠦᠯ | ᠰᠠᠲᠤᠨ ᠨᠢ ᠢᠷᠡᠬᠡᠳ ᠬᠦᠮᠦᠨ ᠤᠯᠠᠨᠲᠠᠢ ᠪᠠᠶᠢᠭᠰᠠᠨ ᠪᠤᠯᠬᠤᠷ ᠲᠤᠭᠤᠭᠠᠨ ᠬᠡᠷ ᠤᠨ ᠬᠢᠨᠢ ᠱᠠᠯᠠᠨ ᠲᠡᠭᠡᠷ᠎ᠡ | ᠲᠦᠷᠪᠡᠬᠦᠯᠡ ᠰᠢᠬᠠᠯᠳᠤᠨ ᠤᠨᠲᠠᠭᠰᠠᠨ᠂ ᠲᠠᠷᠠᠭ᠎ᠠ ᠡᠳᠦᠷ ᠨᠢ ᠵᠠᠮ ᠳᠤ ᠠᠶᠢᠯ ᠲᠠᠭᠠᠷᠠᠪᠠᠯ ᠰᠤᠷᠠᠭᠯᠠᠵᠤ ᠶᠠᠪᠤᠭᠰᠠᠭᠠᠷ | ᠶᠠᠭᠤ ᠴᠤ ᠬᠡᠰᠡᠨ ᠨᠡᠷ᠎ᠡ ᠵᠢᠷᠭᠠᠬᠤ ᠶᠢᠨ ᠵᠢᠭᠠᠬᠠᠨ ᠡᠮᠦᠨᠡᠬᠦᠷ ᠲᠦᠡᠭᠼᠢ ᠲᠡᠭᠡᠷ᠎ᠡ ᠤᠴᠢᠭᠰᠠᠨ᠃ ᠲᠡᠨᠳᠡ ᠬᠦᠷᠦᠭᠡᠳ | ᠲᠤᠯᠤᠭ᠎ᠠ ᠬᠤᠨᠤᠭ ᠤᠨ ᠬᠤᠷᠠᠯ ᠬᠤᠢ᠂ ᠱᠠᠩᠨᠠᠯ ᠬᠦᠬᠢᠬᠦᠯᠥᠯ ᠳᠤᠨᠢ ᠤᠷᠤᠯᠴᠠᠵᠤ ᠪᠠᠶᠢᠬᠤ ᠳᠤ ᠵᠡᠬᠦᠨ ᠤᠷᠤᠨ ᠤ | ᠮᠠᠭᠤᠦ᠋ᠬᠢᠨ ᠬᠡᠰᠡᠨ ᠨᠢᠬᠡ ᠰᠦᠷᠡᠬᠡᠢ ᠬᠤᠭᠤᠷᠴᠢ ᠬᠦᠮᠦᠨ ᠪᠢᠳᠠᠨ ᠢ ᠰᠢᠯᠥᠭᠯᠡᠵᠤ ᠬᠤᠭᠤᠷᠳᠠᠵᠤ ᠪᠠᠶᠢᠭᠰᠠᠨ ᠁︾ | ᠬᠡᠮᠡᠨ ᠠᠯᠲᠠᠨᠲᠤᠭᠤᠰ ᠡᠵᠢ ᠲᠤᠬᠠᠢ ᠶᠢᠨ ᠦᠶ᠎ᠡ ᠶᠢᠨ ᠤᠴᠢᠷ ᠢᠶᠠᠨ ᠬᠠᠭᠤᠴᠢᠯᠠᠯ᠎ᠠ᠃ ᠡᠵᠢ ᠶᠢᠨ ᠶᠠᠷᠢᠶᠠᠨ ᠠᠴᠠ | ᠲᠡᠳᠡ ᠵᠠᠮ ᠳᠠᠭᠠᠨ ᠵᠢᠭᠠᠬᠠᠨ ᠰᠢᠰᠢ᠂ ᠬᠤᠨᠤᠭ ᠠᠮᠤ ᠪᠠᠷ ᠦᠯ ᠬᠤᠭᠤᠯᠠ ᠪᠤᠯᠭᠠᠵᠤ᠂ ᠲᠡᠨᠳᠡ ᠬᠦᠷᠦᠭᠡᠳ ᠱᠠᠩᠨᠠᠯ | ᠬᠦᠬᠢᠬᠦᠯᠥᠯ ᠨᠢ ᠴᠦᠮ ᠬᠦᠷᠵᠡ ᠵᠡᠭᠡᠲᠤᠤ ᠵᠡᠷᠭᠡ ᠠᠮᠢᠳᠤᠷᠠᠯ ᠦᠢᠯᠡᠳᠪᠦᠷᠢᠯᠡᠯ ᠤᠨ ᠭᠠᠷ ᠪᠠᠭᠠᠵᠢ ᠪᠠᠶᠢᠭᠰᠠᠨ ᠢ | ᠮᠡᠳᠡᠵᠤ ᠪᠢᠯᠡ᠃ | ᠰᠤᠷᠪᠤᠯᠵᠢᠯᠠᠭ᠎ᠠ ᠦᠨᠳᠦᠷᠯᠡᠬᠦ ᠳᠤ ᠠᠯᠳᠠᠨᠳᠤᠭᠤᠰ ᠨᠠᠰᠤᠳᠠᠨ᠄ ︽ᠪᠤᠷᠤᠯᠳᠠᠢ ᠨᠠᠳᠠ ᠠᠴᠠ ᠬᠤᠶᠠᠷ ᠲᠡᠬᠦᠦ | ᠶᠤᠮ ᠡ᠂ ᠡᠨᠡ ᠵᠢᠯ ᠨᠠᠶᠠᠨ ᠭᠤᠷᠪᠠᠲᠠᠢ ᠪᠠᠶᠢᠬᠤ᠂ ᠠᠱ᠂ ᠪᠠᠳᠢᠷᠴᠢ ᠰᠢᠬ ᠶᠠᠭᠤᠮ᠎ᠠ ︵ᠡᠨᠡ ᠨᠤᠲᠤᠭ ᠲᠤ ᠲᠤᠳᠤᠨᠤ | ᠬᠦᠮᠦᠨ ᠢᠶᠠᠨ ᠢᠡᠭᠭᠢᠵᠤ ᠳᠠᠭᠤᠳᠠᠳᠠᠭ︶ ᠲᠠᠢ ᠬᠡᠵᠢᠶ᠎ᠡ ᠨᠢᠬᠡ ᠠᠭᠤᠯᠵᠠᠵᠤ ᠲᠤᠷᠬᠢᠯᠠᠬᠤ ᠶᠢ ᠮᠡᠳᠡᠬᠦ ᠦᠭᠡᠢ᠂ ᠨᠢᠬᠡ | ᠵᠤᠯᠭᠠᠵᠤ ᠶᠠᠷᠢᠯᠴᠠᠪᠠᠯ ᠬᠡᠵᠤ ᠰᠦᠷᠡᠬᠡᠢ ᠪᠤᠳᠤᠬᠤ ᠶᠤᠮ᠂ ᠬᠠᠪᠤᠷ ᠦᠤᠰᠢᠨᠵᠤᠤ ᠪᠠᠷ ᠢᠷᠡᠭᠡᠳ ᠭᠠᠷᠤᠭᠰᠠᠨ | ᠰᠤᠷᠠᠭ ᠲᠠᠢ᠂ ᠠᠵᠢᠯ ᠨᠢ ᠶᠠᠭᠠᠷᠠᠤ ᠯᠠ ᠪᠠᠶᠢᠳᠠᠭ ᠪᠠᠶᠢᠬ᠎ᠠ︾ ᠬᠡᠮᠡᠨ ᠬᠤᠭᠤᠯᠠᠢ ᠨᠢ ᠡᠷᠢᠶᠡᠨᠳᠤᠨᠡ᠃ ᠬᠦᠮᠦᠨ | ᠬᠦᠮᠦᠨ ᠢᠶᠠᠨ ᠰᠠᠨᠠᠵᠤ ᠲᠤᠷᠠᠰᠴᠤ ᠶᠠᠪᠤᠬᠤ ᠶᠢᠨ ᠰᠠᠶᠢᠬᠠᠨ ᠬᠡᠵᠤ ᠁ ︽ᠠᠮᠠᠨ ᠪᠡᠯᠬᠡ ᠠᠴᠠ ᠠᠰᠢᠲᠠ ᠶᠢᠨ | ᠪᠡᠯᠬᠡ︾ ᠬᠡᠭᠴᠢ ᠪᠠᠷ ᠡᠨᠡ ᠬᠤᠶᠠᠷ ᠨᠠᠰᠤᠲᠠᠨ ᠳᠤ ᠠᠬᠢᠨ ᠠᠭᠤᠯᠵᠠᠬᠤ ᠶᠢᠨ ᠵᠦᠡᠭᠨᠡᠯ ᠬᠦᠰᠡᠶ᠎ᠡ︕ | | |