ᠦᠤᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠤ ᠠᠷᠤᠴᠠᠶᠢᠳᠠᠮ ᠮᠠᠯᠵᠢᠯ ᠤᠨ ᠬᠤᠷᠰᠢᠶᠠᠨ ᠳᠤ | ᠬᠠᠷᠢᠶᠠᠯᠠᠭᠳᠠᠬᠤ ᠴᠠᠭᠠᠨ ᠬᠤᠯᠤᠰᠤᠨ ᠴᠠᠶᠢᠳᠠᠮ ᠬᠡᠵᠤ ᠳᠤᠭᠤᠢᠢᠯᠠᠵᠤ ᠲᠤᠭᠤᠷᠢᠭᠠᠳ ᠪᠦᠷ ᠮᠠᠩᠬ᠎ᠠ ᠲᠠᠢ᠂ | ᠭᠤᠤᠯ ᠳᠠᠭᠠᠨ ᠵᠢᠭᠠᠬᠠᠨ ︽ᠨᠠᠭᠤᠷ︾ ᠲᠠᠢ ᠴᠤᠬᠤᠮ ᠬᠦ ᠬᠦᠮᠦᠨ ᠮᠠᠯ ᠤᠨ ᠲᠠᠩᠰᠤᠭᠯᠠᠨ ᠵᠢᠷᠭᠠᠮᠠᠷ ᠰᠠᠶᠢᠬᠠᠨ | ᠴᠠᠶᠢᠳᠠᠮ ᠪᠠᠶᠢᠯ᠎ᠠ᠃ ᠡᠨᠡ ᠴᠠᠶᠢᠳᠠᠮ ᠠᠴᠠ ᠪᠠᠷᠠᠭᠤᠨ ᠤᠷᠤᠭᠰᠢ ᠪᠠᠯᠠᠷ ᠤᠨ ᠴᠤᠭᠤᠷᠬᠠᠢ ᠳᠠᠮᠵᠢᠵᠤ ᠶᠠᠪᠤᠭᠰᠠᠭᠠᠷ | ᠲᠦᠳᠡᠯ ᠦᠭᠡᠢ ᠲᠤᠷᠵᠢᠰᠡᠷᠡᠩ ᠤᠨ ᠬᠢ ᠬᠡᠳᠡᠭ ᠠᠶᠢᠯ ᠳᠤ ᠬᠦᠷᠦᠨ᠎ᠡ᠃ ᠪᠦᠷᠢᠳᠤ ᠭᠠᠴᠠᠭᠠᠨ ᠤ ᠲᠡᠳ᠋ ᠭᠠᠴᠠᠭᠠᠨ | ᠲᠠᠷᠤᠭ᠎ᠠ ᠴᠠᠶᠢᠯᠭᠠᠨ ᠤ ᠲᠠᠨᠢᠯᠴᠠᠭᠤᠯᠵᠤ ᠦᠭᠬᠦᠭᠰᠡᠨ ᠵᠢᠪᠬᠤᠯᠠᠩ ᠪᠤᠯ ᠡᠨᠡ ᠲᠤᠷᠵᠢᠰᠡᠷᠡᠩ ᠠᠪᠤ ᠶᠢᠨ ᠤᠳᠬᠤᠨ | ᠬᠦᠤ ᠪᠠᠶᠢᠵᠤ᠂ ᠬᠦᠮᠦᠨ ᠮᠠᠯ ᠤᠨ ᠪᠠᠷ᠎ᠠ ᠤᠢᠢᠷ᠎ᠠ ᠳᠤ ᠦᠭᠡᠢ ᠪᠠᠯᠠᠷ ᠤᠨ ᠬᠦᠨ ᠳᠤ ᠪᠤᠷᠤ ᠬᠡᠷ ᠢᠶᠠᠨ | ᠲᠦᠪᠬᠢᠨᠡᠬᠦᠯᠥᠨ᠂ ᠡᠯᠡᠰᠦ ᠮᠠᠩᠬ᠎ᠠ ᠪᠠᠨ ᠤᠢᠢᠵᠢᠭᠤᠯᠤᠭᠰᠠᠨ ᠨᠤᠮᠤᠬᠠᠨ ᠲᠠᠷᠤᠤ ᠨᠢᠬᠡ ᠵᠠᠯᠠᠭᠤ ᠪᠠᠶᠢᠯ᠎ᠠ᠃ | ᠡᠨᠡ ᠵᠢᠯ 38 ᠶᠢᠨ ᠲᠦᠷᠦᠬᠡ ᠢᠰᠬᠦᠯᠵᠤ ᠶᠠᠪᠤᠭ᠎ᠠ ᠵᠢᠪᠬᠤᠯᠠᠩ ᠮᠠᠨᠢ ᠬᠠᠷ᠎ᠠ ᠪᠠᠭ᠎ᠠ ᠠᠴᠠ ᠪᠠᠨ ᠠᠪᠤ | ᠡᠵᠢ ᠪᠠᠨ ᠳᠠᠭᠠᠵᠤ ᠡᠨᠡ ᠮᠠᠩᠬ᠎ᠠ᠂ ᠲᠡᠷᠡ ᠤᠷᠤᠢ ᠬᠡᠮᠡᠨ ᠮᠤᠳᠤ᠂ ᠪᠤᠷᠭᠠᠰᠤ ᠲᠠᠷᠢᠳᠠᠭ ᠪᠠᠶᠢᠵᠠᠢ᠃ | ᠰᠤᠷᠭᠠᠭᠤᠯᠢ ᠳᠤ ᠤᠷᠤᠬᠰᠠᠠ ᠤ ᠳᠠᠷᠠᠭ᠎ᠠ ᠴᠤ ᠠᠮᠠᠷᠠᠯᠳᠠ᠂ ᠴᠢᠯᠦᠬᠡ ᠪᠠᠷ ᠬᠠᠷᠢᠵᠤ ᠢᠷᠡᠬᠦ ᠪᠤᠯᠭᠠᠨ ᠮᠠᠩᠬ᠎ᠠ | ᠤᠢᠢᠵᠢᠭᠤᠯᠬᠤ ᠠᠵᠢᠯ ᠳᠤ ᠤᠷᠤᠯᠴᠠᠵᠦ ᠪᠠᠶᠢᠭᠠᠳ 2005 ᠤᠨ ᠳᠤ ᠲᠤᠮᠳᠠᠳᠤ ᠰᠤᠷᠭᠠᠭᠤᠯᠢ ᠪᠠᠨ ᠲᠡᠭᠦᠰᠴᠦ | ᠠᠷᠤ ᠬᠡᠷ ᠲᠡᠭᠡᠨ ᠬᠠᠷᠢᠵᠦ ᠤᠢᠢᠵᠢᠭᠤᠯᠣᠯᠲᠠ ᠶᠢᠨ ᠠᠵᠢᠯ ᠳᠤ ᠲᠤᠭᠤᠰᠢᠲᠠᠢ ᠤᠷᠤᠭᠰᠠᠨ ᠪᠠᠶᠢᠯ᠎ᠠ᠃ ᠬᠦᠮᠦᠨ | ᠮᠠᠯ ᠤᠨ ᠪᠠᠷ᠎ᠠ ᠬᠠᠷᠠᠭᠳᠠᠬᠤ ᠦᠭᠡᠢ ᠲᠡᠳᠡᠨ ᠤ ᠬᠢᠨ ︽ᠬᠤᠤᠰ ᠳᠠᠭᠠᠭᠠᠴᠢᠯᠠᠯᠲᠠ︾ ᠪᠠᠷ 9000 ᠮᠦ ᠮᠠᠩᠬ᠎ᠠ | ᠬᠤᠪᠢᠳᠠᠵᠤ ᠠᠪᠤᠭᠠᠳ ᠬᠤᠶᠠᠷ ᠦᠶ᠎ᠡ ᠶᠢᠨ ᠬᠦᠮᠦᠰ ᠤᠨ ᠬᠦᠴᠦ ᠬᠦᠳᠡᠯᠮᠦᠷᠢ ᠪᠠᠷ ᠤᠳᠤ ᠪᠤᠯᠬᠤ ᠳᠤ 8500 ᠮᠦ | ᠡᠯᠡᠰᠦ ᠶᠢ ︽ᠤᠢ ᠰᠢᠭᠤᠢ︾ ᠪᠤᠯᠭᠠᠭᠰᠠᠨ ᠨᠢ ᠮᠠᠭᠲᠠᠭᠤᠰᠢᠲᠠᠢ᠃ ᠢᠡᠭᠭᠢᠬᠦ ᠳᠤ ᠦᠯᠡᠳᠡᠭᠰᠡᠨ 500 ᠮᠦ | ᠮᠠᠩᠬ᠎ᠠ ᠨᠢ ᠬᠠᠮᠢᠭᠠᠰᠢ ᠤᠷᠤᠴᠢᠬᠠᠪᠠ︖ ᠡᠨᠡ ᠠᠶᠢᠯ ᠤᠨ ᠵᠡᠬᠦᠨ ᠤᠷᠢᠲᠠᠢ ᠵᠡᠬᠦᠨᠰᠢ ᠪᠠᠷᠠᠭᠤᠨᠰᠢ ᠪᠠᠨ | ᠬᠦᠨᠳᠡᠯᠢᠳᠦᠭᠰᠨᠨ ᠭᠠᠭᠴᠠ ᠴᠠᠭᠠᠨ ᠮᠠᠩᠬ᠎ᠠ ᠦᠵᠡᠭᠳᠡᠬᠦ ᠪᠦᠭᠡᠳ ᠲᠡᠭᠦᠨ ᠲᠡᠭᠡᠷ᠎ᠡ ᠨᠢ ᠬᠠᠮᠠᠷ ᠬᠠᠳᠬᠤᠬᠤ ᠡᠪᠡᠰᠦ | ᠦᠭᠡᠢ ᠪᠠᠶᠢᠯ᠎ᠠ᠃ ︽ᠬᠤᠶᠠᠷ ᠦᠶ᠎ᠡ ᠶᠢᠨ ᠬᠦᠮᠦᠨ ᠤ ᠴᠢᠷᠮᠠᠶᠢᠯᠭ᠎ᠠ ᠪᠠᠷ ᠤᠢᠢᠵᠢᠭᠤᠯᠤᠭᠰᠠᠨ ᠡᠨᠡ ᠭᠠᠵᠠᠷ ᠤᠨ ᠶᠠᠭ | ᠤᠤᠯ ᠲᠦᠷᠬᠦ ᠪᠤᠯ ᠲᠡᠷᠡ᠂ ᠡᠨᠡ ᠮᠠᠩᠬ᠎ᠠ ᠶᠢ ᠤᠢᠢᠵᠢᠭᠤᠯᠤᠭᠠ ᠦᠭᠡᠢ ᠲᠤᠰᠬᠠᠢᠢᠯᠠᠨ ᠦᠯᠡᠳᠡᠬᠡᠭᠰᠡᠨ ᠨᠢ | ᠬᠠᠷᠢᠴᠠᠭᠤᠯᠤᠯ ᠪᠤᠯᠭᠠᠬᠤ ᠶᠢᠨ ᠨᠢᠬᠡ ᠵᠤᠷᠢᠯᠭ᠎ᠠ ᠪᠠᠶᠢᠬᠤ ᠳᠤ ᠨᠦᠬᠦᠭᠡ ᠲᠠᠯ᠎ᠠ ᠪᠠᠷ ᠪᠠᠭ᠎ᠠ ᠬᠡᠮᠵᠢᠶᠡᠨ ᠤ ᠵᠤᠭᠠᠴᠠᠯ ᠳᠤ | ᠵᠤᠷᠢᠭᠤᠯᠤᠭᠰᠠᠨ ᠶᠤᠮ᠃ ᠮᠦᠨ ᠴᠤ ᠮᠢᠨᠤ ᠬᠤᠶᠠᠷ ᠬᠡᠤᠬᠡᠳ ᠲᠡᠷᠡ ᠬᠦᠯᠥᠬᠡᠷ ᠮᠠᠩᠬᠠᠨ ᠳᠤ ᠲᠤᠭᠯᠠᠬᠤ ᠶᠡᠭᠡ | ᠲᠤᠷᠠᠲᠠᠢ᠂ ᠪᠤᠰᠤᠳ ᠮᠠᠩᠬ᠎ᠠ ᠨᠢ ᠴᠦᠮ ᠪᠤᠷᠭᠠᠰᠤ᠂ ᠲᠤᠷᠯᠤᠭ ᠢᠶᠠᠷ ᠲᠦᠬᠦᠷᠦᠭᠡᠳ ᠨᠠᠭᠠᠳᠬᠤ ᠶᠢᠨ ᠠᠷᠭ᠎ᠠ ᠦᠭᠡᠢ | ︾ ᠬᠡᠮᠡᠨ ᠵᠢᠪᠬᠤᠯᠠᠩ ᠪᠢᠳᠠᠨ ᠳᠤ ᠶᠠᠷᠢᠵᠤ ᠪᠠᠶᠢᠯ᠎ᠠ᠃ ᠢᠡᠭᠭᠢᠬᠦ ᠳᠤ ᠲᠡᠷᠡ ᠪᠤᠰᠤᠳ ᠮᠠᠩᠬᠠᠳ ᠨᠢ ᠬᠡᠷᠬᠢᠨ ᠡᠨᠡ | ᠭᠠᠭᠴᠠ ᠴᠠᠭᠠᠨ ᠮᠠᠩᠬ᠎ᠠ ᠮᠡᠲᠤ ᠪᠠᠶᠢᠭᠰᠠᠨ ᠠᠴᠠ ᠪᠠᠨ ᠤᠳᠤ ᠶᠢᠨ ᠪᠤᠷᠭᠠᠰᠤ᠂ ᠲᠤᠷᠯᠤᠭ ᠢᠶᠠᠷ ᠲᠦᠬᠦᠷᠡᠭᠰᠡᠨ ᠤᠢ | ᠰᠢᠭᠤᠢ ᠪᠤᠯᠪᠠ︖ | ᠡᠳᠡᠨ ᠤ ᠬᠢᠨ ᠶᠡᠷᠡᠭᠡᠳ ᠤᠨ ᠠᠴᠠ ᠡᠬᠢᠯᠡᠨ ᠠᠶᠢᠯ ᠬᠡᠷ ᠤᠨ ︽ᠲᠦᠷᠦ ᠶᠢᠨ ᠪᠤᠳᠤᠯᠭ᠎ᠠ︾ ᠲᠤᠭᠲᠠᠭᠠᠵᠤ᠂ | ᠵᠢᠯ ᠪᠤᠯᠭᠠᠨ ᠪᠠᠭ᠎ᠠ ᠳᠠᠭᠠᠨ 100 ᠮᠦ ᠤᠢᠢᠵᠢᠭᠤᠯᠬᠤ ᠲᠦᠯᠥᠪᠯᠡᠭᠡ ᠭᠠᠷᠭᠠᠨ᠂ ᠲᠤᠰ ᠠᠶᠢᠯ ᠤᠨ ᠪᠦᠷᠢᠯᠳᠦᠬᠦᠨ | ᠪᠦᠬᠦᠨ ᠵᠠᠪᠠᠯ ᠤᠷᠤᠯᠴᠠᠨ᠎ᠠ᠃ ᠡᠨᠡ ᠪᠤᠯ ᠬᠠᠪᠤᠷ ᠤᠨ ᠬᠠᠨᠭ᠍ᠰᠢ ᠶᠢᠨ ᠦᠶᠡᠰ ᠤᠨ ᠤᠴᠢᠷ᠂ ᠬᠡᠪᠡᠴᠤ ᠰᠡᠭᠦᠯ ᠤᠨ | ᠦᠶ᠎ᠡ ᠪᠤᠶᠤ 2005 ᠤᠨ ᠠᠴᠠ ᠬᠤᠶᠢᠰᠢ ᠬᠠᠷᠢᠨ ︽ᠰᠢᠪᠠᠷ ᠲᠤ ᠤᠨᠠᠭᠰᠠᠨ ᠱᠠᠷ ᠤᠨ ᠡᠵᠡᠨ ᠬᠦᠴᠦᠲᠡᠢ︾ | ᠭᠡᠭᠴᠢ ᠪᠠᠷ ᠵᠢᠪᠬᠤᠯᠠᠩ ᠮᠠᠨᠢ ᠨᠠᠮᠤᠷ᠂ ᠡᠪᠤᠯ᠂ ᠬᠠᠪᠤᠷ᠂ ᠵᠤᠨ ᠢᠯᠭᠠᠯ ᠦᠭᠡᠢ ᠲᠤᠷᠯᠤᠭ ᠤᠨ ᠰᠤᠶᠤᠭ᠎ᠠ | ᠪᠤᠶᠢᠵᠢᠭᠤᠯᠬᠤ᠂ ᠰᠤᠶᠤᠭ᠎ᠠ ᠪᠤᠶᠤ ᠦᠷ᠎ᠡ ᠬᠤᠳᠠᠯᠳᠤᠨ ᠠᠪᠴᠢᠷᠠᠬᠤ᠂ ᠮᠤᠳᠤ ᠪᠤᠶᠤ ᠪᠤᠷᠭᠠᠰᠤ ᠬᠠᠳᠠᠭᠠᠰᠤᠯᠠᠵᠤ | ᠲᠠᠭᠠᠷᠢᠬᠤ ᠁ ᠵᠡᠷᠭᠡ ᠠᠵᠢᠯ ᠳᠤ ᠭᠠᠪᠰᠢᠭᠠᠢᠢᠯᠠᠨ ᠵᠠᠷᠢᠮ ᠳᠠᠭᠠᠨ ᠴᠠᠭ ᠬᠦᠭ ᠨᠢ ᠦᠡᠭᠬᠡᠷᠡᠬᠦ ᠠᠴᠠ ᠬᠡᠷᠰᠡᠦᠯᠡᠨ | ᠬᠦᠮᠦᠨ ᠬᠦᠯᠥᠰᠦᠯᠡᠵᠤ ᠤᠢᠢᠵᠢᠭᠤᠯᠬᠤ ᠬᠦᠷᠲᠡᠯ᠎ᠡ ᠮᠡᠷᠡᠶᠢᠵᠤ ᠶᠠᠪᠤᠭᠰᠠᠨ ᠪᠠᠶᠢᠯ᠎ᠠ᠃ ᠢᠡᠭᠭᠢᠵᠤ ᠬᠦᠴᠦ | ᠬᠦᠯᠥᠰᠦ ᠪᠠᠨ ᠵᠢᠭᠠᠭᠰᠠᠨ ᠤ ᠠᠴᠢ ᠪᠠᠷ ᠲᠡᠭᠦᠨ ᠤ ᠠᠪᠤ ᠶᠢᠨ ᠦᠶ᠎ᠡ ᠶᠢᠨ ᠤᠢᠢᠵᠢᠭᠤᠯᠤᠭᠰᠠᠨ 4000 ᠮᠦ | ᠮᠠᠩᠬ᠎ᠠ ᠨᠢ 8500 ᠮᠦ ᠪᠤᠯᠤᠨ ᠬᠤᠪᠢᠷᠠᠵᠤ᠂ ᠠᠷᠪᠠ ᠭᠠᠷᠤᠢ ᠵᠢᠯ ᠤᠨ ᠬᠤᠭᠤᠴᠠᠭᠠᠨ ᠳᠤ ᠲᠡᠷᠡ 4500 ᠮᠦ | ᠡᠯᠡᠰᠦ ᠶᠢ ᠨᠤᠭᠲᠤᠯᠵᠤ ᠲᠠᠯᠪᠢᠭᠰᠠᠨ ᠪᠠᠶᠢᠪᠠ᠃ | ᠢᠡᠭᠭᠢᠬᠦ ᠳᠤ ᠪᠠᠰᠠ ᠨᠢᠬᠡ ᠠᠰᠠᠭᠤᠳᠠᠯ ᠭᠠᠷᠴᠤ ᠢᠷᠡᠨ᠎ᠡ᠂ ᠶᠠᠭᠠᠬᠢᠭᠠᠳ ᠡᠨᠡ ᠬᠦᠮᠦᠨ ᠲᠦᠷᠪᠡᠨ | ᠤᠯᠠᠷᠢᠯ ᠢᠶᠠᠷ ᠪᠦᠷ ᠤᠢᠢᠵᠢᠭᠤᠯᠬᠤ ᠠᠵᠢᠯ ᠳᠤ ᠭᠠᠷᠳᠠᠭ ᠪᠤᠢ︖ ᠵᠢᠪᠬᠤᠯᠠᠩ ᠪᠢᠳᠠᠨ ᠳᠤ᠄ ︽ᠮᠤᠳᠤ᠂ ᠪᠤᠷᠭᠠᠰᠤ | ᠂ ᠲᠤᠷᠯᠤᠭ ᠲᠠᠷᠢᠬᠤ ᠨᠢ ᠲᠠᠷᠢᠶ᠎ᠠ ᠲᠠᠷᠢᠬᠤ ᠲᠠᠢ ᠠᠳᠠᠯᠢ ᠦᠭᠡᠢ᠂ ᠲᠠᠷᠢᠶ᠎ᠠ ᠪᠤᠯ ᠰᠢᠬᠡᠭ᠂ ᠬᠢᠮᠢ ᠶᠢᠨ ᠪᠤᠷᠳᠤᠭᠤᠷ | ᠤᠷᠤᠭᠤᠯᠬᠤ ᠪᠠᠷ ᠪᠠᠷᠠᠬᠤ ᠦᠭᠡᠢ ᠴᠠᠭ ᠢᠮᠠᠭᠲᠠ ᠤᠰᠤᠯᠠᠵᠤ ᠠᠷᠠᠴᠢᠯᠠᠬᠤ ᠪᠤᠯᠬᠤᠷ ᠨᠢᠬᠡ ᠲᠠᠷᠢᠪᠠᠯ ᠨᠢᠭᠡ | ᠤᠷᠭᠤᠨ᠎ᠠ᠃ ᠬᠡᠪᠡᠴᠤ ᠡᠨᠡ ︵ᠮᠤᠳᠤ᠂ ᠪᠤᠷᠭᠠᠰᠤ᠂ ᠲᠤᠷᠯᠤᠭ︶ ᠪᠤᠯ ᠤᠷᠭᠤᠯᠲᠠ ᠶᠢᠨ ᠨᠤᠷᠮ᠎ᠠ ᠲᠠᠷᠢᠶ᠎ᠠ ᠠᠴᠠ | ᠬᠤᠯᠠ ᠪᠠᠭ᠎ᠠ ᠪᠠᠶᠢᠵᠤ᠂ ᠨᠢᠬᠡ ᠲᠠᠷᠢᠭᠠᠳ ᠦᠬᠦᠴᠢᠬᠡᠪᠡᠯ ᠲᠠᠷᠠᠭ᠎ᠠ ᠪᠠᠷ ᠨᠢ ᠲᠡᠷᠡ ᠤᠷᠤᠨ ᠲᠡᠭᠡᠷ᠎ᠡ ᠨᠢ ᠨᠦᠬᠦᠨ᠎ᠡ᠂ | ᠢᠡᠭᠭᠢᠭᠡᠳ ᠢᠷᠡᠭᠰᠡᠭᠡᠷ ᠲᠦᠷᠪᠡᠨ ᠤᠯᠠᠷᠢᠯ ᠳᠤ ᠪᠦᠷ ᠶᠠᠭᠠᠷᠠᠬᠤ ᠤᠴᠢᠷ ᠭᠠᠷᠤᠨ᠎ᠠ︾ ᠬᠡᠮᠡᠨ ᠲᠠᠶᠢᠯᠪᠤᠷᠢᠯᠠᠵᠤ ᠪᠢᠯᠡ᠃ | | ᠴᠠᠭᠠᠨ ᠬᠤᠯᠤᠰᠤᠨ ᠴᠠᠶᠢᠳᠠᠮ ᠤᠨ ᠪᠠᠷᠠᠭᠤᠨ ᠤᠷᠢᠲᠤ ᠨᠡᠯᠥᠬᠡᠷ ᠮᠠᠩᠬ᠎ᠠ ᠤᠳᠤ ᠭᠠᠭᠴᠠ ᠴᠠᠭᠠᠨ ᠮᠠᠩᠬ᠎ᠠ | ᠪᠤᠯᠤᠨ ᠬᠤᠪᠢᠷᠠᠵᠤ᠂ ᠨᠠᠶᠠᠭᠠᠳ ᠤᠨ ᠳᠤ ᠪᠤᠰᠤᠳ ᠬᠦᠮᠦᠰ ︽ᠡᠨᠡ ᠮᠠᠩᠬᠠᠨ ᠳᠤ ᠰᠠᠭᠤᠭᠠᠳ ᠬᠡᠷ ᠨᠢ ᠤᠳᠠᠯ | ᠦᠭᠡᠢ ᠲᠠᠷᠤᠭᠳᠠᠨᠠ᠂ ᠡᠨᠡ ᠠᠶᠢᠯ ᠤᠨ ᠬᠢ ᠵᠢᠭᠠᠬᠠᠨ ᠲᠡᠨᠡᠭ ᠪᠠᠶᠢᠨ᠎ᠠ︾ ᠬᠡᠮᠡᠨ ᠶᠠᠷᠢᠵᠤ ᠪᠠᠶᠢᠭᠰᠠᠨ ᠪᠤᠯ ᠤᠳᠤ | ᠪᠤᠯᠬᠤ ᠳᠤ ᠲᠡᠷᠡ ᠦᠭᠡ ᠵᠠᠭᠤᠨ ᠨᠠᠶᠠᠨ ᠭᠷᠠᠳᠦ᠋ᠰ ᠡᠷᠬᠢᠵᠤ ︽ᠡᠯᠡᠰᠦ ᠮᠠᠩᠬ᠎ᠠ ︿ᠡᠷᠳᠡᠨᠢ﹀ ᠪᠤᠯᠳᠠᠭ ᠪᠠᠶᠢᠵᠠᠢ︾ | ᠬᠡᠮᠡᠨ ᠦᠬᠦᠯᠡᠳᠡᠭ ᠨᠢ ᠵᠢᠪᠬᠤᠯᠠᠩ ᠤᠨ ᠬᠤᠶᠠᠷ ᠦᠶ᠎ᠡ ᠶᠢᠨ ᠬᠦᠮᠦᠨ ᠤ ᠬᠦᠴᠦ ᠬᠦᠯᠥᠰᠦ ᠶᠢᠨ ᠬᠠᠷᠢᠭᠤᠯᠲᠠ ᠪᠢᠯᠡ | ︕ | | |