ᠮᠠᠨ ᠤ ᠬᠤᠰᠢᠭᠤ ᠢᠳᠡᠭᠡᠨ ᠣᠮᠳᠠᠭᠠᠨ᠂ ᠭᠠᠷ ᠣᠷᠠᠯᠠᠯ ᠤᠨ ᠪᠦᠳᠣᠭᠡᠭᠳᠡᠬᠦᠨ ᠢ ᠳᠡᠯᠬᠡᠨ ᠪᠣᠷᠣᠯᠠᠭᠤᠯᠬᠤ | ᠪᠣᠯᠣᠨ ᠣᠶᠢᠯᠡᠳᠪᠣᠷᠢᠯᠡᠨ ᠬᠢᠬᠦ ᠣᠷ᠎ᠠ ᠮᠡᠷᠭᠡᠵᠢᠯ ᠢ ᠰᠢᠯᠭᠠᠷᠠᠭᠤᠯᠬᠤ ᠠᠵᠢᠯᠯᠠᠭ᠎ᠠ ᠶᠢ ᠢᠳᠡᠪᠬᠢᠳᠡᠢ ᠦᠷᠨᠢᠬᠦᠯᠵᠣ | ᠣᠷᠣᠨ ᠨᠣᠳᠤᠭ ᠤᠨ ᠭᠠᠷᠣᠯᠳᠠ ᠲᠠᠢ ᠠᠮᠳᠠᠳᠣ ᠢᠳᠡᠬᠡᠨ᠂ ᠭᠠᠷ ᠣᠷᠠᠯᠠᠯ ᠤᠨ ᠪᠦᠳᠣᠭᠡᠭᠳᠡᠬᠦᠨ ᠢ ᠳᠠᠸᠠᠷᠴᠢᠯᠠᠨ | ᠨᠠᠷᠡᠲᠤ ᠳᠡᠮᠳᠡᠭᠵᠢᠬᠦᠯᠵᠦ ᠬᠠᠮᠳᠣ ᠪᠠᠷ ᠠᠰᠢᠭ ᠬᠦᠷᠳᠡᠬᠦ ᠳᠤ ᠰᠠᠭᠤᠷᠢ ᠳᠠᠯᠪᠢᠵᠣ ᠪᠠᠶᠢᠨ᠎ᠠ᠃ | ᠣᠶᠢᠷ᠎ᠠ ᠶᠢᠨ ᠡᠳᠣᠷ᠂ ᠬᠤᠰᠢᠭᠤ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠳᠣᠯᠠᠭ᠎ᠠ ᠶᠢᠨ | ᠲᠣᠪᠴᠢᠶ᠎ᠠ᠂ ᠬᠤᠰᠢᠭᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠠᠴᠠ ᠬᠠᠮᠳᠣᠷᠠᠨ ᠡᠷᠬᠢᠯᠡᠭᠰᠡᠨ ᠢᠳᠡᠭᠡᠨ | ᠣᠮᠳᠠᠭᠠᠨ᠂ ᠭᠠᠷ ᠣᠷᠠᠯᠠᠯ ᠤᠨ ᠪᠦᠳᠣᠭᠡᠭᠳᠡᠬᠦᠨ ᠢ ᠳᠡᠯᠬᠡᠨ ᠪᠣᠷᠣᠯᠠᠭᠤᠯᠬᠤ ᠪᠣᠯᠣᠨ ᠣᠶᠢᠯᠡᠳᠪᠣᠷᠢᠯᠡᠨ ᠬᠢᠬᠦ ᠣᠷ᠎ᠠ | ᠮᠡᠷᠭᠡᠵᠢᠯ ᠢ ᠰᠢᠯᠭᠠᠷᠠᠭᠤᠯᠬᠤ ᠭᠠᠷᠠᠭ ᠤᠨ ᠠᠵᠢᠯᠯᠠᠭ᠎ᠠ ᠬᠤᠰᠢᠭᠤ ᠰᠢᠨ᠎ᠠ ᠶᠢ ᠡᠭᠦᠳᠴᠣ ᠣᠶᠢᠯᠡᠰ ᠪᠣᠰᠬᠠᠬᠤ | ᠬᠦᠷᠢᠶᠠᠯᠡᠩ ᠳᠤ ᠶᠠᠪᠣᠭᠳᠠᠭᠰᠠᠨ ᠪᠠᠶᠢᠨ᠎ᠠ᠃ ᠳᠡᠯᠬᠡᠨ ᠪᠣᠷᠣᠯᠠᠭᠤᠯᠭ᠎ᠠ ᠶᠢᠨ ᠳᠣᠭᠤᠷᠢᠭ ᠲᠤ ᠮᠠᠨ ᠤ ᠬᠤᠰᠢᠭᠤᠨ ᠤ | ᠢᠳᠡᠭᠡᠨ ᠣᠮᠳᠡᠭᠠᠨ᠂ ᠭᠠᠷ ᠣᠷᠠᠯᠠᠯ ᠤᠨ 110 ᠠᠵᠣ ᠠᠬᠤᠶᠢᠯᠡᠯ ᠠᠴᠠ ᠦᠪᠡᠷ ᠦᠪᠡᠷ ᠤᠨ ᠢᠶᠠᠨ ᠣᠨᠴᠠᠯᠢᠭᠳᠣ | ᠢᠳᠡᠭᠡᠨ ᠣᠮᠳᠠᠭᠠᠨ᠂ ᠭᠠᠷ ᠣᠷᠠᠯᠠᠯ ᠤᠨ ᠪᠦᠳᠣᠭᠡᠭᠳᠡᠬᠦᠨ ᠢᠶᠠᠨ ᠣᠯᠠᠨ ᠳᠦᠮᠡᠨ ᠳᠤ ᠳᠡᠯᠬᠡᠨ ᠪᠣᠷᠣᠯᠠᠭᠤᠯᠬᠤ ᠶᠢᠨ | ᠬᠠᠮᠳᠣ ᠡᠯ᠎ᠡ ᠪᠦᠳᠣᠭᠡᠭᠳᠡᠬᠦᠨ ᠢ ᠬᠢᠬᠦ ᠶᠠᠪᠣᠴᠠ ᠶᠢ ᠬᠢᠨᠠᠭᠴᠢᠳ ᠲᠤ ᠳᠠᠯᠬᠡᠨ ᠦᠵᠡᠬᠦᠯᠪᠡ᠃ ᠣᠷᠳᠣᠰ ᠬᠤᠲᠠ | ᠶᠢᠨ ︽ᠪᠠᠶᠠᠵᠢᠯ︾ ᠡᠯᠧᠺᠲᠷᠣᠨ ᠬᠤᠳᠠᠯᠳᠣᠭᠠᠨ ᠤ ᠬᠢᠵᠠᠭᠠᠷᠲᠣ ᠺᠤᠮᠫᠠᠨᠢ ᠶᠢᠨ ᠵᠠᠬᠢᠷᠣᠯ ᠣᠶᠣᠨᠰᠠᠩ ᠦᠪᠡᠷ ᠤᠨ | ᠺᠣᠮᠫᠠᠨᠢ ᠶᠢᠨ ᠪᠦᠳᠣᠭᠡᠭᠳᠡᠬᠦᠨ ᠪᠣᠯᠬᠤ ᠬᠠᠳᠠᠭᠠᠭᠰᠠᠨ ᠦᠭᠡᠷ ᠤᠨ ᠪᠣᠷᠴᠠ ᠣᠶᠢᠯᠡᠳᠪᠣᠷᠢᠯᠡᠨ ᠬᠢᠬᠦ ᠶᠠᠪᠣᠴᠠ ᠶᠢ | ᠳᠠᠨᠢᠯᠴᠠᠭᠤᠯᠣᠨ ᠳᠠᠶᠢᠯᠪᠣᠷᠢᠯᠠᠵᠣ ᠢᠳᠡᠬᠡᠨ ᠣᠮᠳᠠᠭᠠᠨ ᠣᠶᠢᠯᠡᠳᠪᠣᠷᠢᠯᠡᠨ ᠬᠢᠬᠦ ᠣᠷ᠎ᠠ ᠮᠠᠷᠬᠡᠵᠢᠯ ᠤᠨ ᠰᠢᠯᠢᠳᠡᠭ | ᠱᠠᠩᠨᠠᠯ ᠢ ᠳᠣᠰᠣᠯᠠ᠃ | ᠲᠣᠰ ᠣᠳᠠᠭᠠᠨ ᠤ ᠭᠠᠷᠠᠭ ᠤᠨ ᠠᠵᠢᠯᠯᠠᠭ᠎ᠠ ᠳᠤ ᠣᠷᠠᠨ ᠬᠠᠳᠬᠤᠮᠠᠯ᠂ ᠰᠡᠶᠢᠯᠦᠮᠡᠯ᠂ ᠠᠷᠠᠰᠣᠨ ᠣᠷᠠᠯᠠᠯ᠂ | ᠦᠥᠰᠢᠨ ᠨᠣᠳᠤᠭ ᠤᠨ ᠣᠨᠴᠠᠯᠢᠭᠲᠣ ᠣᠯᠠᠭᠠᠨ ᠴᠠᠭᠠᠨ ᠢᠳᠡᠭᠡᠨ ᠪᠤᠯᠬᠤ ᠲᠠᠮᠠᠭ᠎ᠠ ᠲᠠᠢ ᠪᠤᠭᠤᠷᠰᠤᠭ᠂ | ᠬᠠᠳᠠᠭᠠᠭᠰᠠᠨ ᠦᠭᠡᠷ ᠤᠨ ᠪᠣᠷᠴᠠ ᠪᠣᠯᠣᠨ ᠣᠨᠴᠠᠯᠢᠭᠳᠣ ᠢᠳᠡᠭᠡᠨ ᠵᠡᠷᠭᠡ ᠶᠢ ᠳᠡᠯᠬᠡᠨ ᠪᠣᠷᠣᠯᠠᠭᠤᠯᠣᠭᠰᠠᠨ ᠤ ᠳᠠᠭᠠᠣ | ᠢᠳᠡᠭᠡᠨ ᠣᠮᠳᠠᠭᠠᠨ ᠪᠤᠯᠤᠨ ᠭᠠᠷ ᠣᠷᠠᠯᠠᠯ ᠤᠨ ᠪᠦᠲᠦᠭᠡᠭᠳᠡᠭᠦᠨ ᠢ ᠣᠶᠢᠯᠡᠳᠪᠣᠷᠢᠯᠡᠨ ᠬᠢᠬᠦ ᠣᠷ᠎ᠠ ᠮᠡᠷᠭᠡᠵᠢᠯ ᠢ | ᠬᠤᠪᠢ ᠬᠢᠨᠠᠵᠤ ᠰᠢᠯᠭᠠᠷᠠᠭᠤᠯᠪᠠ᠃ | ᠣᠶᠢᠯᠠᠭᠠᠭᠰᠠᠨ ᠢᠶᠠᠷ᠂ ᠣᠶᠢᠷ᠎ᠠ ᠶᠢᠨ ᠵᠢᠯ ᠠᠴᠠ ᠨᠠᠰᠢ ᠮᠠᠨ ᠤ ᠬᠤᠰᠢᠭᠤ ᠣᠷᠣᠨ ᠨᠣᠳᠤᠭ ᠤᠨ ᠨᠠᠷᠡᠳᠣ | ᠳᠡᠮᠳᠡᠭᠳᠣ ᠪᠦᠳᠣᠭᠡᠭᠳᠡᠬᠦᠨ ᠢ ᠲᠠᠸᠠᠷᠴᠢᠯᠠᠨ ᠬᠦᠭᠵᠢᠬᠦᠯᠬᠦ ᠶᠢ ᠴᠢᠬᠤᠯᠠᠴᠢᠯᠠᠨ ᠭᠠᠴᠠᠭ᠎ᠠ ᠳᠣᠰᠬᠤᠨ ᠪᠣᠯᠭᠠᠨ | ᠣᠨᠴᠠᠯᠢᠭ ᠢᠶᠠᠨ ᠳᠣᠪᠣᠶᠢᠯᠭᠠᠭᠰᠠᠨ ᠨᠠᠷᠡᠲᠤ ᠳᠡᠮᠳᠡᠭᠳᠣ ᠠᠵᠣ ᠣᠶᠢᠯᠡᠰ ᠡᠷᠬᠢᠯᠡᠵᠦ ᠠᠵᠣ ᠠᠬᠤᠶᠢᠯᠡᠯ ᠪᠦᠬᠦᠨ | ᠳᠦᠯᠣᠬᠡᠯᠡᠬᠦ ᠨᠠᠷᠡᠲᠤ ᠳᠡᠮᠳᠡᠭᠳᠣ ᠪᠦᠳᠣᠭᠡᠭᠳᠡᠬᠦᠨ ᠭᠠᠷᠭᠠᠬᠤ ᠢ ᠣᠷᠢᠶᠠᠯᠠᠨ ᠡᠯ᠎ᠡ ᠵᠣᠶᠢᠯ ᠤᠨ ᠳᠡᠯᠬᠡᠨ ᠪᠣᠷᠣᠯᠠᠭᠤᠯᠬᠤ | ᠠᠵᠢᠯᠯᠠᠭ᠎ᠠ ᠦᠷᠨᠢᠬᠦᠯᠬᠦ ᠶᠢᠨ ᠬᠠᠮᠳᠣ ᠨᠣᠳᠤᠭ ᠤᠨ ᠭᠠᠷᠣᠯᠳᠠ ᠬᠢᠵᠣ ᠪᠠᠶᠢᠭ᠎ᠠ ᠠᠵᠣ ᠠᠬᠤᠶᠢᠯᠡᠯ ᠢ | ᠵᠣᠷᠢᠭᠵᠢᠭᠤᠯᠤᠨ ᠬᠦᠬᠢᠬᠦᠯᠬᠦ᠂ ᠣᠷᠣᠨ ᠨᠣᠳᠤᠭ ᠤᠨ ᠪᠦᠳᠣᠭᠡᠭᠳᠡᠬᠦᠨ ᠤ ᠳᠠᠸᠠᠷ ᠤᠨ ᠳᠠᠮᠳᠡᠭ ᠢ ᠱᠠᠩᠨᠠᠬᠤ᠂ | ᠪᠦᠳᠣᠭᠡᠭᠳᠡᠬᠦᠨ ᠢ ᠬᠢᠬᠦ ᠣᠷ᠎ᠠ ᠮᠡᠷᠭᠡᠵᠢᠯ ᠢ ᠰᠢᠯᠭᠠᠷᠠᠭᠤᠯᠬᠤ ᠵᠡᠷᠭᠡ ᠰᠢᠷᠢᠰ ᠠᠵᠢᠯᠯᠠᠭ᠎ᠠ ᠪᠠᠷ ᠣᠷᠣᠨ ᠨᠣᠳᠤᠭ ᠤᠨ | ᠭᠠᠷᠣᠯᠳᠠ ᠲᠠᠢ ᠪᠦᠳᠣᠭᠡᠭᠳᠡᠬᠦᠨ ᠢ ᠵᠠᠬ᠎ᠠ ᠳᠡᠯᠬᠡᠬᠦᠷᠴᠢᠯᠡᠨ ᠲᠠᠸᠠᠷᠴᠢᠯᠠᠵᠣ ᠨᠡᠷᠡᠲᠤ ᠳᠡᠮᠳᠡᠭ ᠢ ᠠᠯᠳᠠᠷᠰᠢᠭᠤᠯᠤᠨ | ᠬᠠᠮᠳᠣ ᠪᠠᠷ ᠠᠰᠢᠭ ᠬᠦᠷᠳᠡᠬᠦ ᠳᠤ ᠰᠠᠭᠤᠷᠢ ᠳᠠᠯᠪᠢᠵᠣ ᠪᠠᠶᠢᠨ᠎ᠠ᠃ |