ᠮᠠᠨ ᠤ ᠬᠤᠰᠢᠭᠤ ᠲᠠᠪᠣᠨ ᠳᠦᠮᠡᠨ ᠮᠣ᠋ ᠶᠢᠨ ᠳᠦᠮᠣᠰᠣ ᠪᠠᠨ ᠬᠤᠷᠢᠶᠠᠵᠣ ᠡᠬᠢᠯᠡᠯ᠎ᠡ
ᠨᠡᠶᠢᠲᠡᠯᠡᠭᠰᠡᠨ ᠴᠠᠭ᠄
2019-09-18
     ᠠᠯᠳᠡᠨ ᠨᠠᠮᠣᠷ ᠤᠨ ᠡᠯᠪᠡᠭ ᠬᠤᠷᠢᠶᠠᠯᠳᠠ ᠶᠢᠨ ᠴᠠᠭ ᠬᠦᠷᠴᠣ ᠢᠷᠡᠬᠦ ᠪᠠᠷ ᠮᠠᠨ ᠤ ᠬᠤᠰᠢᠭᠤ ᠲᠠᠪᠣᠨ ᠳᠦᠮᠡᠨ ᠮᠣ᠋ ᠶᠢᠨ ᠳᠦᠮᠣᠰᠣᠨ ᠳᠠᠷᠢᠶ᠎ᠠ ᠪᠠᠨ ᠡᠬᠢᠯᠡᠨ ᠬᠤᠷᠢᠶᠠᠵᠣ ᠡᠨ᠋ᠨ ᠵᠢᠯ ᠤᠨ ᠳᠦᠮᠣᠰᠣᠨ ᠤ ᠪᠣᠷᠣᠯᠠᠭᠤᠯᠭ᠎ᠠ  ᠶᠢᠨ ᠦᠷᠳᠡᠭ 1.875 ᠳ᠋ᠦᠡᠭᠰᠢᠭᠤᠷ ᠳᠦᠬᠦᠷᠢᠭ ᠢ ᠳᠠᠪᠠᠭ᠋ᠣ ᠪᠠᠷ ᠪᠠᠶᠢᠨ᠎ᠠ᠃      ᠣᠶᠢᠷ᠎ᠠ ᠳᠤ᠂ ᠰᠦᠯᠳᠡ ᠰᠣᠮᠣᠨ ᠤ ᠴᠣᠣᠳᠡᠢ ᠭᠠᠴᠠᠭᠠᠨ ᠤ ᠳᠦᠮᠣᠰᠣᠨ ᠳᠠᠷᠢᠶᠠᠨ ᠤ ᠰᠠᠭᠤᠷᠢᠨ ᠭᠠᠵᠠᠷ  ᠲᠤ ᠶᠡᠷᠣᠩᠬᠡᠶᠢᠯᠡᠭᠰᠡᠨ ᠳᠦᠮᠣᠰᠣ ᠬᠤᠷᠢᠶᠠᠬᠤ ᠮᠠᠰᠢᠨ ᠡᠳᠣᠷ ᠲᠤ 250 ᠭᠠᠷᠣᠢ ᠳᠣᠨ ᠬᠤᠷᠢᠶᠠᠬᠤ ᠬᠤᠷᠳᠣᠴᠠ  ᠪᠠᠷ ᠶᠠᠭᠠᠷᠠᠯᠳᠡᠢ ᠠᠵᠢᠯᠯᠠᠵᠣ ᠰᠠᠷ᠎ᠠ ᠶᠢᠨ ᠰᠡᠬᠦᠯᠴᠢ ᠪᠠᠷ ᠡᠨ᠋ᠨ ᠵᠢᠯ ᠤᠨ ᠳᠠᠷᠢᠭᠰᠠᠨ 5200 ᠮᠣ᠋ ᠶᠢᠨ ᠳᠦᠮᠣᠰᠣ ᠶᠢ ᠬᠤᠷᠢᠶᠠᠵᠦ ᠳᠠᠭᠤᠰᠬᠠᠬᠤ ᠪᠠᠷ ᠪᠠᠶᠢᠨ᠎ᠠ᠃ ᠬᠤᠷᠢᠶᠠᠨ ᠠᠪᠴᠢᠷᠠᠭᠰᠠᠨ ᠳᠦᠮᠣᠰᠣ ᠶᠢ ᠢᠯᠭᠠᠨ ᠰᠠᠯᠭᠠᠬᠤ ᠳᠦᠪ ᠲᠤ ᠰᠢᠭᠰᠢᠨ ᠰᠣᠩᠭᠤᠬᠤ᠂ ᠴᠡᠪᠡᠷᠯᠡᠨ  ᠰᠠᠯᠭᠠᠬᠤ ᠵᠡᠷᠭᠡ ᠭᠤᠭᠴᠤᠭ᠎ᠠ ᠪᠠᠷ ᠳᠠᠮᠵᠢᠨ ᠳᠣᠮᠣ ᠬᠠᠶᠢᠷᠴᠠᠭᠳᠣ ᠲᠡᠭᠡᠭᠡᠪᠣᠷᠢ  ᠶᠢᠨ ᠮᠠᠰᠢᠨ ᠢᠶᠠᠷ ᠲᠡᠭᠡᠭᠡᠪᠣᠷᠢᠯᠡᠵᠦ ᠱᠠᠩᠬᠠᠢ᠂ ᠦᠬᠠᠨ ᠵᠡᠷᠭᠡ ᠬᠤᠳᠠ ᠳᠤ ᠬᠦᠷᠬᠡᠨ ᠨᠠᠷᠢᠯᠢᠭ ᠪᠣᠯᠪᠠᠰᠣᠷᠠᠭᠤᠯᠬᠤ ᠪᠣᠯᠣᠨ᠎ᠠ᠃      ᠣᠶᠢᠯᠠᠭᠠᠭᠰᠠᠨ ᠢᠶᠠᠷ᠂ ᠰᠦᠯᠳᠡ ᠰᠣᠮᠣᠨ ᠤ ᠴᠣᠣᠳᠡᠢ ᠭᠠᠴᠠᠭᠠᠨ ᠤ 8000 ᠮᠣ᠋ ᠶᠢᠨ ᠳᠦᠮᠣᠰᠣᠨ ᠳᠠᠷᠢᠶᠠᠨ ᠤ ᠰᠠᠭᠤᠷᠢᠨ ᠭᠠᠵᠠᠷ ᠢ ᠣᠷᠳᠣᠰ ᠬᠤᠳᠠ ᠶᠢᠨ ᠹᠸᠡᠭ ᠾᠧ ᠿᠢ ᠯᠢ ᠲᠠᠷᠢᠶᠠᠯᠠᠩ ᠤᠨ ᠨᠡᠭᠡᠭᠡᠯᠳᠡ ᠶᠢᠨ ᠬᠢᠵᠠᠭᠠᠷᠳᠣ ᠺᠣᠮᠫᠠᠨᠢ ᠠᠴᠠ ᠨᠡᠬᠡᠬᠡᠨ ᠬᠦᠭᠵᠢᠬᠦᠯᠵᠣ ᠵᠢᠯ ᠳᠤ ᠪᠠᠨ 3000 ᠮᠣ᠋ ᠶᠢᠨ ᠡᠷᠳᠡᠨᠢ ᠰᠢᠰᠢ ᠪᠣᠯᠣᠨ 5000 ᠮᠣ᠋ ᠶᠢᠨ ᠳᠦᠮᠣᠰᠣ ᠶᠢ ᠡᠬᠡᠯᠵᠢᠯᠡᠬᠦᠯᠣᠨ ᠳᠠᠷᠢᠬᠤ ᠪᠠᠷ ᠬᠦᠷᠣᠰᠣ ᠰᠢᠷᠣᠢ ᠶᠢ ᠬᠠᠮᠠᠭᠠᠯᠠᠨ ᠪᠠᠢ ᠱᠢ ᠺᠣᠮᠫᠠᠨᠢ  ᠲᠠᠢ ᠬᠠᠮᠳᠣᠷᠠᠵᠦ ᠵᠠᠬᠢᠶᠠᠯᠠᠭ᠎ᠠ ᠶᠢᠨ ᠳᠦᠮᠣᠰᠣ ᠳᠠᠷᠢᠨ ᠳᠦᠮᠣᠰᠣᠨ ᠢᠯᠳᠡᠰᠣ ᠬᠢᠬᠦ ᠳᠦᠬᠦᠬᠡᠢ ᠮᠠᠲ᠋ᠧᠷᠢᠶᠠᠯ ᠪᠣᠯᠭᠠᠳᠠᠭ ᠪᠠᠶᠢᠨ᠎ᠠ᠃      ᠴᠣᠣᠳᠠᠢ ᠭᠠᠴᠠᠭ᠎ᠠ ᠨᠢ ᠳᠠᠷᠢᠮᠠᠯ ᠤᠨ ᠪᠦᠳᠣᠴᠠ ᠳᠤ ᠪᠠᠨ ᠳᠣᠬᠢᠷᠠᠭᠤᠯᠣᠯᠳᠠ ᠬᠢᠵᠣ ᠳᠦᠮᠣᠰᠣᠨ ᠲᠠᠷᠢᠶᠠᠨ  ᠤ ᠠᠵᠣ ᠣᠶᠢᠯᠡᠰ ᠢᠶᠠᠷ ᠮᠠᠯᠴᠢᠨ ᠳᠠᠷᠢᠶᠠᠴᠢᠨ ᠤ ᠣᠷᠣᠯᠭ᠎ᠠ ᠶᠢ ᠨᠠᠮᠡᠭᠳᠡᠭᠦᠯᠬᠦ ᠠᠵᠣ ᠣᠶᠢᠯᠡᠰ ᠪᠣᠯᠭᠠᠨ ᠬᠦᠭᠵᠢᠬᠦᠯᠵᠣ ︽ᠠᠵᠣ ᠠᠬᠤᠶᠢᠯᠡᠯ᠂ ᠬᠤᠷᠰᠢᠶᠠᠵᠢᠯ᠂ ᠮᠠᠯᠴᠢᠨ ᠳᠡᠷᠢᠶᠠᠴᠢᠨ ᠡᠷᠣᠬᠡ︾ ᠶᠢ ᠬᠠᠮᠳᠣᠷᠠᠭᠤᠯᠣᠭᠰᠠᠨ ᠣᠨᠴᠠᠯᠢᠭᠳᠣ ᠬᠦᠭᠵᠢᠯᠳᠡ ᠶᠢᠨ ᠠᠷᠭ᠎ᠠ ᠵᠠᠮ ᠢᠶᠠᠷ ᠵᠠᠮᠨᠠᠨ ᠠᠰᠢᠭ ᠬᠦᠷᠳᠡᠭᠰᠠᠨ ᠪᠠᠶᠢᠨ᠎ᠠ᠃      ᠰᠦᠯᠳᠡ ᠰᠣᠮᠣᠨ ᠤ ᠴᠣᠣᠳᠡᠢ ᠭᠠᠴᠠᠭᠠᠨ ᠤ ᠳᠠᠷᠤᠭ᠎ᠠ ᠨᠠᠨᠳᠢᠨ᠄ ︽ᠮᠠᠨ ᠤ ᠴᠣᠣᠳᠡᠢ ᠮᠠᠯ ᠳᠠᠷᠢᠶᠠᠯᠡᠩ ᠤᠨ ᠬᠤᠷᠰᠢᠶᠠᠵᠢᠯ ᠨᠢ ᠨᠠᠶᠢᠳᠡ 67 ᠡᠷᠣᠬᠡ ᠪᠠᠷ ᠪᠦᠷᠢᠯᠳᠣᠵᠣ ᠬᠤᠶᠠᠷ ᠳᠦᠮᠡᠨ ᠭᠤᠷᠪᠡᠨ ᠮᠢᠩᠭᠠᠨ ᠮᠣ᠋ ᠢᠯᠡᠬᠦᠣ ᠪᠡᠯᠴᠢᠬᠡᠷ ᠪᠠᠶᠢᠵᠦ ᠮᠠᠯᠴᠢᠳ ᠤᠨ ᠬᠠᠮᠤᠭ ᠤᠨ ᠳᠣᠣᠷ᠎ᠠ ᠣᠷᠣᠯᠭ᠎ᠠ ᠨᠢ ᠠᠷᠪᠡᠨ ᠳᠦᠮᠡ ᠶᠢ ᠳᠠᠪᠠᠵᠣ ᠪᠠᠶᠢᠬᠤ ᠠᠴᠠ ᠬᠤᠷᠰᠢᠶᠠᠵᠢᠯ ᠤᠨ ᠵᠠᠮ ᠢᠶᠠᠷ ᠶᠠᠪᠣᠬᠤ ᠨᠢ ᠮᠠᠯᠴᠢᠨ ᠳᠦᠮᠡᠨ ᠤ ᠣᠷᠣᠯᠭ᠎ᠠ ᠰᠠᠶᠢᠵᠢᠷᠠᠬᠤ ᠠᠯᠢᠪᠡ ᠲᠠᠯ᠎ᠠ ᠳᠤ ᠶᠡᠭᠡ ᠠᠰᠢᠭᠳᠡᠢ︾ ᠬᠡᠵᠦ ᠶᠠᠷᠢᠵᠦ ᠪᠠᠶᠢᠪᠠ᠃      ᠣᠶᠢᠷ᠎ᠠ ᠶᠢᠨ ᠵᠢᠯ ᠠᠴᠠ ᠨᠠᠰᠢ ᠮᠠᠨ ᠤ ᠬᠤᠰᠢᠭᠤ ᠰᠢᠨᠵᠢᠯᠡᠬᠦ ᠣᠬᠠᠭᠠᠨᠴᠢ ᠪᠠᠷ ᠳᠦᠯᠣᠪᠵᠢᠬᠦᠯᠭᠡ ᠳᠣᠭᠳᠠᠭᠠᠨ ᠮᠠᠯ ᠳᠠᠷᠢᠶᠠᠯᠡᠩ ᠤᠨ ᠠᠵᠣ ᠣᠶᠢᠯᠡᠰ ᠤᠨ ᠪᠦᠳᠣᠴᠠ ᠪᠠᠨ ᠰᠢᠯᠢᠳᠡᠭᠵᠢᠬᠦᠯᠵᠣ ᠮᠠᠯᠴᠢᠨ ᠳᠠᠷᠢᠶᠠᠴᠢᠨ ᠤ ᠳᠦᠮᠣᠰᠣ ᠳᠠᠷᠢᠬᠤ ᠢᠳᠡᠪᠬᠢᠵᠢᠯ ᠢ ᠳᠠᠶᠢᠴᠢᠯᠠᠭᠰᠠᠨ ᠢᠶᠠᠷ ᠪᠦᠬᠦ ᠬᠤᠰᠢᠭᠤᠨ ᠤ ᠳᠦᠮᠣᠰᠣᠨ ᠳᠠᠷᠢᠶᠠᠨ ᠤ ᠳᠠᠯᠠᠪᠠᠢ  ᠨᠢ 5 ᠳᠦᠮᠡᠨ ᠮᠣ᠋ ᠶᠢ ᠳᠠᠪᠠᠵᠣ 3 ᠳᠦᠮᠡᠨ ᠮᠣ᠋ ᠶᠢᠨ ᠳᠦᠮᠣᠰᠣᠨ ᠲᠠᠷᠢᠶ᠎ᠠ ᠶᠢ ᠬᠡᠪᠴᠢᠶᠠᠵᠢᠨ ᠮᠠᠰᠢᠨᠴᠢᠯᠠᠭᠰᠠᠨ 4 ᠠᠵᠣ ᠠᠬᠤᠶᠢᠯᠡᠯ ᠳᠠᠭᠠᠭᠠᠴᠢᠯᠡᠨ ᠳᠠᠷᠢᠵᠣ ᠵᠠᠬᠢᠶᠠᠯᠠᠭ᠎ᠠ ᠶᠢᠨ ᠳᠦᠮᠣᠰᠣ ᠶᠢ ᠬᠦᠭᠵᠢᠬᠦᠯᠤᠨ 5 ᠳᠦᠮᠡᠨ ᠮᠣ᠋ ᠶᠢᠨ ᠳᠦᠮᠣᠰᠣᠨ ᠳᠠᠷᠢᠶ᠎ᠠ ᠨᠢ ᠮᠣ᠋ ᠪᠦᠷᠢ ᠳᠤ ᠪᠠᠨ5000 ᠵᠢᠩ ᠣᠷᠴᠢᠮ ᠬᠤᠷᠢᠶᠠᠵᠣ ᠡᠨ᠋ᠨ ᠵᠢᠯ ᠤᠨ ᠳᠦᠮᠣᠰᠣᠨ ᠤ ᠦᠨ᠎ᠠ ᠬᠠᠨᠭ᠍ᠰᠢ ᠪᠠᠷ ᠪᠣᠳᠣᠪᠠᠯ ᠪᠠᠷᠤᠭ 1.875 ᠳ᠋ᠦᠡᠭᠰᠢᠭᠤᠷ ᠳᠦᠬᠦᠷᠢᠭ ᠤᠨ ᠪᠣᠷᠣᠯᠠᠭᠤᠯᠭ᠎ᠠ ᠶᠢᠨ ᠦᠷᠳᠡᠭ ᠢ ᠳᠠᠪᠠᠭ᠋ᠣ ᠪᠠᠷ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号