ᠵᠢᠮᠢᠰ ᠤᠨ ᠮᠣᠳᠣᠠ ᠤ ᠬᠤᠷᠣᠬᠠᠢ ᠶᠢᠨ ᠬᠥᠨᠥᠭᠡᠯ ᠢ ᠲᠠᠷᠢᠶᠠᠠ ᠡᠮ ᠬᠡᠷᠡᠭᠯᠡᠬᠦ ᠥᠭᠡᠢ ᠰᠡᠷᠭᠡᠶᠢᠯᠡᠬᠦ ᠠᠷᠭ᠎ᠠ
ᠨᠡᠶᠢᠲᠡᠯᠡᠭᠰᠡᠨ ᠴᠠᠭ᠄
2019-09-02
   ᠡᠪᠡᠰᠥ ᠮᠣᠳᠣᠠ ᠤ ᠥᠨᠡᠰᠥ ᠪᠠᠷ ᠬᠤᠷᠣᠬᠠᠢ ᠠᠯᠠᠬᠤ ᠡᠪᠡᠰᠥ ᠮᠣᠳᠣᠠ ᠤ ᠥᠨᠡᠰᠥ ᠪᠠᠷ ᠰᠣᠩᠭᠢᠨ᠎ᠠ ᠶᠢᠨ  ᠢᠯᠠᠭ᠎ᠠ᠂ ᠥᠡᠳᠥᠰᠥᠨ ᠤ ᠥᠳᠥ᠂ ᠪᠠᠭᠠᠷᠠᠩ ᠬᠤᠷᠣᠬᠠᠢ᠂ ᠴᠣᠬᠤ ᠵᠡᠷᠭᠡ ᠬᠤᠷᠣᠬᠠᠢ ᠶᠢ ᠰᠡᠷᠭᠡᠶᠢᠯᠡᠬᠦ ᠳᠤ ᠬᠡᠷᠡᠭᠯᠡᠨ᠎ᠡ᠃ ᠡᠭᠦᠨ ᠳᠤ ᠭᠤᠷᠪᠠᠠ ᠵᠥᠢᠯ ᠤᠨ ᠠᠷᠭ᠎ᠠ ᠪᠣᠢ᠄ ᠨᠢᠭᠡ ᠳᠤ᠂ ᠬᠥᠷᠥᠰᠥᠨ ᠳᠤ ᠣᠷᠣᠭᠤᠯᠣᠨ᠎ᠠ᠂ ᠮᠥ ᠪᠥᠷᠢ ᠳᠤ 60  — 80 ᠵᠢᠩ ᠡᠪᠡᠰᠥ ᠮᠣᠳᠣᠠ ᠤ ᠥᠨᠡᠰᠥ ᠶᠢ ᠲᠠᠷᠢᠬᠤ ᠰᠣᠪᠠᠭ ᠲᠤ ᠣᠷᠣᠭᠤᠯᠪᠠᠯ ᠥᠡᠳᠥᠰᠥᠨ ᠤ ᠬᠥᠨᠥᠭᠡᠯᠳᠥ  ᠬᠤᠷᠣᠬᠠᠢ ᠠᠴᠠ ᠰᠡᠷᠭᠡᠶᠢᠯᠡᠵᠥ ᠲᠡᠶᠢᠯᠥᠨ᠎ᠡ︔ ᠬᠤᠶᠠᠷ ᠲᠤ᠂ ᠰᠢᠭᠤᠳ ᠰᠠᠴᠣᠨ᠎ᠠ᠂ ᠡᠪᠡᠰᠥ ᠮᠣᠳᠣᠠ ᠤ ᠥᠨᠡᠰᠥ ᠶᠢ  ᠨᠣᠠᠳᠠᠭᠯᠠᠵᠣ ᠥᠷᠯᠥᠭᠡ ᠰᠢᠭᠦᠳᠡᠷᠢ ᠬᠠᠳᠠᠬᠤ ᠠᠴᠠ ᠡᠮᠥᠨ᠎ᠡ ᠬᠤᠷᠣᠬᠠᠢᠢᠳᠣᠭᠰᠠᠠ ᠭᠡᠰᠡᠭ ᠲᠤ ᠰᠥᠷᠴᠢᠨ᠎ᠡ᠂ ᠮᠥ  ᠪᠥᠷᠢ ᠳᠤ 2 — 4 ᠵᠢᠩ ᠡᠪᠡᠰᠥ ᠮᠣᠳᠣᠠ ᠤ ᠥᠨᠡᠰᠥ ᠶᠢ ᠭᠡᠷᠡᠭᠯᠡᠨ᠎ᠡ᠃       ᠨᠠᠪᠴᠢᠨ ᠲᠠᠮᠠᠬᠢ ᠪᠠᠷ ᠬᠤᠷᠣᠬᠠᠢ ᠠᠯᠠᠬᠤ ᠨᠠᠪᠴᠢᠨ ᠲᠠᠮᠠᠬᠢ ᠪᠠᠷ ᠬᠤᠷᠣᠬᠠᠢ ᠠᠯᠠᠬᠤ ᠳᠤ ᠡ᠊ᠡᠭ ᠲᠡᠷᠢᠭᠦᠨ ᠳᠤ  ᠪᠠᠭᠠᠷᠠᠩ ᠬᠤᠷᠣᠬᠠᠢ᠂ ᠥᠮᠡᠭᠡᠢ ᠪᠢᠰ᠂ ᠢᠯᠠᠭᠠᠠ ᠤ ᠥᠳᠥ ᠵᠡᠷᠭᠡ ᠶᠢ ᠰᠡᠷᠭᠡᠶᠢᠯᠡᠬᠦ ᠪᠠ ᠵᠠᠰᠠᠬᠤ ᠳᠤ ᠬᠡᠷᠡᠭᠯᠡᠨ᠎ᠡ᠃  ᠨᠠᠶᠢᠷᠠᠭᠤᠯᠬᠤ ᠠᠴᠠ ᠡᠮᠥᠨ᠎ᠡ ᠬᠠᠶᠠᠭᠳᠠᠮᠠᠯ ᠨᠠᠪᠴᠢᠨ ᠲᠠᠮᠠᠬᠢ ᠪᠣᠯᠣᠠ ᠣᠰᠣ ᠶᠢ 1᠄ 40 ᠶᠢᠨ ᠬᠠᠷᠢᠴᠠᠯ ᠢᠶᠠᠷ  ᠬᠡᠮᠵᠢᠵᠥ ᠪᠡᠯᠡᠳᠭᠡᠡ᠂ ᠣᠷᠢᠳ ᠢᠶᠠᠷ ᠲᠠᠮᠠᠬᠢᠨ ᠤ ᠨᠠᠪᠴᠢ ᠶᠢ ᠣᠷᠠᠵᠣ ᠬᠡᠮᠭᠡᠯᠥᠭᠡᠳ ᠲᠡᠭᠡᠷ᠎ᠡ ᠨᠢ 10 ᠬᠤᠪᠢ ᠶᠢᠨ  ᠪᠣᠴᠠᠯᠣᠭᠰᠠᠠ ᠣᠰᠣ ᠬᠢᠵᠥ ᠲᠡᠪᠳᠥᠭᠡᠡ᠂ ᠣᠰᠣ ᠨᠢ ᠨᠡᠯᠢᠶᠡᠳ ᠰᠢᠩᠭᠡᠵᠥ ᠥᠳᠭᠡᠡ ᠰᠢᠭᠦᠰᠥ ᠥᠭᠡᠢ ᠪᠣᠯᠬᠤ ᠥᠶᠡᠰ  ᠲᠠᠬᠢᠨ ᠲᠠᠮᠠᠬᠢᠨ ᠤ ᠨᠠᠪᠴᠢ ᠶᠢ ᠰᠢᠬᠦᠵᠥ ᠭᠠᠷᠭᠠᠠ᠂ 4 ᠣᠳᠠᠭ᠎ᠠ ᠣᠰᠣ ᠬᠤᠯᠢᠵᠣ ᠱᠥᠷᠭᠦᠭᠡᠵᠥ ᠣᠬᠢᠶᠠᠭᠰᠠᠠ ᠤ  ᠲᠠᠷᠠᠭ᠎ᠠ ᠰᠢᠭᠠᠷᠣ ᠪᠠ ᠲᠠᠮᠠᠬᠢ ᠶᠢ ᠨᠢ ᠱᠦᠭᠦᠵᠥ ᠭᠠᠷᠭᠠᠠ᠂ ᠲᠠᠬᠢᠨ ᠲᠤᠭ᠎ᠠ ᠶᠣᠰᠣᠭᠠᠷ ᠬᠤᠯᠢᠵᠥ ᠲᠠᠷᠢᠶᠠᠠ  ᠭᠠᠵᠠᠷ ᠲᠤ ᠰᠥᠷᠴᠢᠵᠥ ᠬᠤᠷᠣᠬᠠᠢ ᠶᠢ ᠰᠡᠷᠭᠡᠶᠢᠯᠡᠬᠦ ᠳᠤ ᠬᠡᠷᠡᠭᠯᠡᠨ᠎ᠡ᠃      ᠯᠠᠵᠣᠣ ᠪᠠᠷ ᠬᠤᠷᠣᠬᠠᠢ ᠠᠯᠠᠬᠤ 1 ᠵᠢᠩ ᠰᠢᠨ᠎ᠡ ᠰᠣᠷᠭᠤᠭ ᠯᠠᠵᠣᠣ ︵ᠭᠡᠳᠥᠢ ᠭᠤᠱᠣᠭᠤᠠ ᠪᠣᠯ ᠲᠡᠳᠥᠢ  ᠰᠠᠶᠢᠨ︶ ᠲᠡᠭᠡᠷ᠎ᠡ 30 — 40 ᠵᠢᠩ ᠣᠰᠣ ᠨᠡᠮᠡᠵᠥ 10 — 15 ᠮᠢᠨᠦ᠋ᠲ ᠴᠢᠨᠠᠭᠠᠳ ᠰᠢᠭᠠᠷᠣ ᠶᠢ ᠨᠢ  ᠰᠢᠭᠦᠵᠥ ᠭᠠᠷᠭᠠᠠ ᠰᠢᠭᠦᠰᠥ ᠶᠢ ᠨᠢ ᠥᠯᠡᠳᠡᠭᠡᠵᠥ᠂ ᠬᠠᠯᠠᠭᠤᠠ ᠲᠡᠭᠡᠷ᠎ᠡ ᠨᠢ 0.2 ᠵᠢᠩ ᠬᠤᠪᠴᠠᠰᠣ ᠣᠬᠢᠶᠠᠬᠤ  ᠨᠣᠠᠳᠠᠭ ᠨᠡᠮᠡᠵᠥ᠂ ᠬᠥᠷᠥᠭᠰᠡᠡ ᠤ ᠰᠡᠬᠦᠯᠡᠷ ᠲᠠᠬᠢᠨ 2 ᠣᠭᠤᠳᠠ ᠵᠢᠶᠠ ᠮᠸᠢ ᠶᠢᠨ ᠳ᠋ᠢᠶᠡᠡ ︵嘉美金点︶  ᠲᠣᠬᠢᠷᠠᠭᠤᠯᠣᠭᠴᠢ ᠪᠠ 100 ᠵᠢᠩ ᠣᠰᠣ ᠨᠡᠮᠡᠵᠥ ᠵᠢᠭᠳᠡ ᠬᠤᠯᠢᠭᠠᠳ ᠰᠥᠷᠴᠢᠨ᠎ᠡ᠃ ᠡᠨᠡ ᠬᠦ ᠠᠷᠭ᠎ᠠ ᠨᠢ  ᠰᠢᠰᠢ ᠶᠢᠨ ᠮᠢᠩ ᠬᠤᠷᠣᠬᠠᠢ᠂ ᠲᠡᠯᠡᠭᠴᠢ ᠬᠤᠷᠣᠬᠠᠢ᠂ ᠭᠤᠷᠪᠠᠠ ᠭᠤᠣᠯᠵᠢᠳᠠᠳᠣ ᠮᠢᠩ ᠡᠷᠪᠡᠭᠡᠢ᠂ ᠨᠠᠪᠴᠢᠨ  ᠬᠤᠮᠢᠭᠤᠷ ᠬᠤᠷᠣᠬᠠᠢ᠂ ᠪᠠᠭᠠᠷᠠᠩ ᠬᠤᠷᠣᠬᠠᠢ᠂ ᠣᠯᠠᠭᠠᠠ ᠠᠭᠠᠯᠵᠢ᠂ ᠰᠢᠷᠣᠢ ᠶᠢᠨ ᠬᠥᠷᠢ ᠵᠡᠷᠭᠡ ᠡᠯ᠎ᠡ ᠵᠥᠢᠯ ᠤᠨ  ᠬᠥᠨᠥᠭᠡᠯᠳᠥ ᠬᠤᠷᠣᠬᠠᠢ ᠶᠢ ᠬᠥᠴᠥᠨ ᠲᠠᠢ ᠰᠡᠷᠭᠡᠶᠢᠯᠡᠬᠦ ᠪᠠ ᠠᠯᠠᠵᠣ ᠲᠡᠶᠢᠯᠥᠨ᠎ᠡ᠃       ᠰᠣᠩᠭᠢᠨ᠎ᠠ ᠰᠠᠷᠢᠮᠰᠠᠭ ᠢᠶᠠᠷ ᠬᠤᠷᠣᠬᠠᠢ ᠠᠯᠠᠬᠤ ᠰᠠᠷᠢᠮᠰᠠᠭ ᠪᠠ ᠪᠥᠭᠡᠷᠡᠩᠭᠡᠢ ᠰᠣᠩᠭᠢᠨ᠎ᠠ ᠶᠢ ᠲᠣᠰ ᠲᠣᠰ 20  ᠭᠷᠡᠮ ᠬᠤᠯᠢᠵᠣ ᠨᠢᠴᠠᠯᠣᠠ᠂ ᠰᠡᠶᠢᠮᠡᠭᠡᠢ ᠪᠥᠰ ᠢᠶᠠᠷ ᠪᠠᠭᠯᠠᠵᠣ᠂ 20 ᠵᠢᠩ ᠣᠰᠣᠠ ᠳᠤ 24 ᠴᠠᠭ ᠲᠡᠪᠳᠥᠭᠡᠭᠰᠡᠡ ᠤ  ᠰᠡᠭᠦᠯᠡᠷ ᠲᠠᠬᠢᠨ ᠰᠡᠶᠢᠮᠡᠭᠡᠢ ᠪᠥᠰ ᠢ ᠠᠪᠴᠣ ᠭᠠᠷᠭᠠᠨ᠎ᠠ᠂ ᠲᠣᠰ ᠡᠮ ᠤᠨ ᠰᠢᠩᠭᠡᠡ ᠢᠶᠠᠷ ᠴᠣᠬᠤ᠂ ᠪᠠᠭᠠᠷᠠᠩ  ᠬᠤᠷᠣᠬᠠᠢ᠂ ᠣᠯᠠᠭᠠᠠ ᠠᠭᠠᠯᠵᠢ ᠵᠡᠷᠭᠡ ᠬᠥᠨᠥᠭᠡᠯᠳᠥ ᠬᠤᠷᠣᠬᠠᠢ ᠶᠢ ᠰᠡᠷᠭᠡᠶᠢᠯᠡᠬᠦ ᠪᠠ ᠠᠯᠠᠬᠤ ᠳᠤ ᠭᠡᠷᠡᠭᠯᠡᠵᠥ ᠪᠣᠯᠣᠨ᠎ᠠ᠃      ᠭᠤᠯᠢᠷ ᠢᠶᠠᠷ ᠬᠤᠷᠣᠬᠠᠢ ᠠᠯᠠᠬᠤ 250 ᠭᠷᠡᠮ ᠪᠣᠭᠤᠳᠠᠢ ᠶᠢᠨ ᠭᠤᠯᠢᠷ ᠲᠤ 15 — 16 ᠵᠢᠩ ᠣᠰᠣ  ᠨᠡᠮᠡᠵᠥ ᠵᠢᠭᠤᠷᠠᠭᠠᠳ ᠭᠤᠣᠯ ᠥᠳᠡ ᠶᠢᠨ 12 ᠴᠠᠭ ᠤᠨ ᠥᠶ᠎ᠡ ᠪᠠᠷ ᠣᠯᠠᠭᠠᠠ ᠠᠭᠠᠯᠵᠢ ᠶᠢᠨ ᠬᠥᠨᠥᠭᠡᠯ ᠲᠠᠢ  ᠨᠠᠪᠴᠢᠨ ᠤ ᠠᠷᠥ ᠳᠤ ᠵᠢᠭᠳᠡ ᠰᠥᠷᠴᠢᠨ᠎ᠡ᠃ 10 ᠮᠢᠨᠦ᠋ᠲ ᠤᠨ ᠲᠠᠷᠠᠭ᠎ᠠ ᠣᠯᠠᠭᠠᠠ ᠠᠭᠠᠯᠵᠢ ᠶᠢᠨ ᠬᠥᠯ ᠨᠢ  ᠭᠤᠯᠢᠷ ᠲᠠᠢ ᠨᠠᠭᠠᠯᠳᠣᠵᠣ ᠨᠠᠪᠴᠢᠨ ᠤ ᠠᠷᠣ ᠳᠤ ᠬᠠᠳᠠᠵᠣ ᠥᠭᠦᠭᠦ ᠪᠣᠯᠣᠨ᠎ᠠ᠃ ᠲᠣᠰ ᠠᠷᠭ᠎ᠠ ᠶᠢ ᠢᠳᠡᠰᠢᠨ  ᠨᠣᠭᠤᠭ᠎ᠠ᠂ ᠵᠢᠮᠢᠰ ᠤᠨ ᠮᠣᠳᠣ᠂ ᠬᠥᠪᠤᠡᠭ ᠵᠡᠷᠭᠡ ᠲᠠᠷᠢᠮᠠᠯ ᠳᠤ ᠠᠳᠠᠯᠢᠬᠠᠠ ᠭᠡᠷᠡᠭᠯᠡᠵᠥ ᠲᠣᠬᠢᠷᠠᠨ᠎ᠠ᠃       ᠪᠠᠭ᠎ᠠ ᠰᠣᠳᠠ ᠪᠠᠷ ᠭᠡᠮ ᠬᠤᠷᠣᠬᠠᠢ ᠶᠢ ᠰᠡᠷᠭᠡᠶᠢᠯᠡᠬᠦ 0.2% ᠥᠳᠭᠡᠴᠡ ᠲᠠᠢ ᠪᠠᠭ᠎ᠠ ᠰᠣᠳᠠ ᠶᠢᠨ  ᠠᠭᠤᠰᠣᠮᠠᠯ᠂ ᠲᠠᠷᠣᠢ 0.2 ᠵᠢᠩ ᠪᠠᠭ᠎ᠠ ᠰᠣᠳᠠ ᠲᠡᠭᠡᠷ᠎ᠡ 100 ᠵᠢᠩ ᠣᠰᠣ ᠬᠤᠯᠢᠵᠥ ᠵᠢᠭᠤᠷᠠᠭᠠᠳ ᠰᠥᠷᠴᠢᠨ᠎ᠡ ᠂  ᠲᠣᠰ ᠨᠠᠶᠢᠷᠠᠯᠭ᠎ᠠ ᠨᠢ ᠥᠷᠭᠡᠰᠥᠳᠥ ᠬᠡᠮᠭᠡ᠂ ᠴᠠᠭᠠᠠ ᠨᠣᠭᠤᠭ᠎ᠠ ᠶᠢᠨ ᠴᠠᠭᠠᠠ ᠲᠣᠭᠤᠰᠣᠳᠣ ᠭᠡᠮ᠂ ᠪᠣᠳᠣ ᠭᠡᠮ᠂  ᠴᠠᠭᠠᠠ ᠬᠥᠭᠡᠴᠥ ᠭᠡᠮ ᠵᠡᠷᠭᠡ ᠳᠤ ᠪᠥᠷ ᠨᠡᠯᠢᠶᠡᠳ ᠰᠠᠶᠢᠨ ᠥᠢᠯᠡᠳᠥᠯ ᠲᠠᠢ ᠪᠠᠶᠢᠵᠣ᠂ ᠰᠡᠷᠭᠡᠶᠢᠯᠡᠬᠦ ᠥᠷ᠎ᠡ ᠳ᠋ᠥᠡᠭ ᠨᠢ  93.1% ᠳᠤ ᠬᠥᠷᠥᠨ᠎ᠡ᠃ ᠪᠠᠰᠠ ᠲᠣᠳᠣᠷᠭᠠᠠ ᠤ ᠬᠠᠯᠠᠭᠤᠠ ᠭᠡᠮ ᠢ ᠭᠤᠣᠯᠯᠠᠠ ᠵᠠᠰᠠᠵᠣ ᠲᠡᠶᠢᠯᠥᠨ᠎ᠡ᠂  ᠲᠣᠳᠣᠷᠭ᠎ᠠ ᠶᠢᠨ ᠬᠢᠵᠢᠭᠰᠢᠷᠡᠭᠦ ᠲᠠᠯᠬ᠎ᠠ ︵稲瘟灵︶᠂ ᠭᠤᠷᠪᠠᠠ ᠴᠠᠭᠠᠷᠢᠭᠳᠣ ᠢᠮᠢᠳᠡᠽᠥᠯ ᠵᠡᠷᠭᠡ ᠲᠠᠢ  ᠬᠤᠯᠢᠵᠣ ᠭᠡᠷᠡᠭᠯᠡᠪᠡᠯ ᠥᠢᠯᠡᠳᠥᠯ ᠨᠢ ᠨᠡᠮᠡᠭᠳᠡᠬᠦ ᠪᠣᠯᠣᠨ᠎ᠠ᠃ ᠭᠡᠪᠡᠴᠥ ᠬᠥᠴᠢᠯᠯᠢᠭ ᠲᠠᠷᠢᠶᠠᠠ ᠡᠮ ᠲᠠᠢ ᠬᠤᠯᠢᠵᠣ  ᠭᠡᠷᠡᠭᠯᠡᠵᠥ ᠪᠣᠯᠬᠤ ᠥᠭᠡᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号