ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠳᠡᠷᠢᠬᠦᠯᠡᠭᠴᠢ ᠶᠢᠨ ᠵᠠᠷᠯᠢᠭ
ᠨᠡᠶᠢᠲᠡᠯᠡᠭᠰᠡᠨ ᠴᠠᠭ᠄
2019-09-20
     ᠭᠤᠴᠢᠨ ᠲᠦᠷᠪᠡᠳᠦᠭᠡᠷ ᠲᠣᠭᠠᠲᠣ      ᠪᠦᠬᠦᠲᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠪᠡᠯᠭᠡᠯᠡᠵᠦ᠂ ᠰᠢᠨ᠎ᠡ ᠳᠤᠮᠳᠠᠳᠤ ᠤᠯᠤᠰ ᠤᠨ ᠪᠦᠳᠦᠬᠡᠨ ᠪᠠᠶᠢᠭᠤᠯᠤᠯᠳᠠ ᠪᠠ ᠬᠦᠭᠵᠢᠯᠳᠡ ᠳᠤ ᠭᠠᠷᠮᠠᠭᠠᠢ ᠬᠤᠪᠢ ᠨᠡᠮᠡᠷᠢ ᠦᠵᠡᠬᠦᠯᠦᠭᠰᠡᠨ ᠦᠷᠯᠦᠭ ᠭᠠᠪᠢᠶᠠᠳᠠᠨ ᠵᠢᠱᠢᠶᠠᠴᠢ ᠬᠦᠮᠦᠰ ᠢ ᠦᠪᠡᠳᠡᠭᠰᠢ ᠶᠡᠭᠡ ᠪᠠᠷ ᠬᠦᠬᠢᠬᠦᠯᠦᠨ ᠰᠠᠶᠢᠰᠢᠶᠠᠵᠥ᠂ ᠦᠨᠳᠦᠰᠦᠳᠡᠨ ᠤ ᠵᠤᠷᠢᠬ ᠰᠠᠨᠠᠭ᠎ᠠ ᠪᠤᠯᠤᠨ ᠴᠠᠬ ᠦᠶ᠎ᠡ ᠶᠢᠨ ᠵᠤᠷᠢᠬ ᠰᠠᠨᠠᠭ᠎ᠠ ᠶᠢ ᠪᠠᠳᠠᠷᠠᠭᠤᠯᠤᠨ ᠮᠠᠨᠳᠤᠭᠤᠯᠬᠤ ᠶᠢᠨ ᠳᠦᠯᠦᠬᠡ᠂ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠳᠦᠯᠦᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠠᠷᠪᠠᠨ ᠭᠤᠷᠪᠠᠳᠤᠭᠠᠷ ᠤᠳᠠᠭ᠎ᠠ ᠶᠢᠨ ᠬᠤᠷᠠᠯ ᠤᠨ ᠳᠤᠭᠳᠠᠭᠠᠯ ᠢ ᠦᠨᠳᠦᠰᠦᠯᠡᠨ᠂ ᠳᠤᠤᠷ᠎ᠠ ᠳᠤᠷᠠᠳᠤᠬᠰᠠᠨ ᠬᠦᠮᠦᠰ ᠲᠤ ᠤᠯᠤᠰ ᠤᠨ ᠭᠠᠪᠢᠶᠠᠨ ᠳᠡᠮᠳᠡᠭ᠂ ᠤᠯᠤᠰ ᠤᠨ ᠢᠷᠠᠭᠤ ᠠᠯᠳᠠᠷ ᠤᠨ ᠴᠤᠯᠠ ᠤᠯᠭᠤᠬᠤ ᠪᠠᠷ ᠳᠤᠬᠳᠠᠪᠠ᠄      ᠨᠢᠬᠡ᠂ ᠢᠤᠢ ᠮᠢᠨ᠂ ᠱᠧᠨ ᠵᠢᠢ ᠯᠠᠨ ︵ᠡᠮᠡᠭᠳᠡᠢ︶᠂ ᠰᠦᠨ ᠵᠢᠶᠠ ᠳ᠋ᠦᠩ᠂ ᠯᠢ ᠶᠠᠨ ᠨᠢᠶᠠᠨ᠂ ᠵᠠᠩ ᠹᠦ᠋ ᠴᠢᠩ᠂ ᠶᠤᠸᠠᠨ ᠯᠥᠩ ᠫᠢᠩ᠂ ᠬᠤᠸᠠᠩ ᠰᠢᠤᠢ ᠬᠤᠸᠠ᠂ ᠲᠦ᠋ ᠶᠢᠦ ᠶᠢᠦ ︵ᠡᠮᠡᠭᠳᠡᠢ︶ ᠳᠤ ︽ᠪᠦᠬᠦᠳᠡ ᠨᠠᠶᠢᠷᠠᠮᠳᠠᠬᠤ ᠤᠯᠤᠰ ᠤᠨ ᠭᠠᠪᠢᠶᠠᠨ ᠲᠡᠮᠳᠡᠭ︾ ᠤᠯᠭᠤᠨ᠎ᠠ᠃      ᠬᠤᠶᠠᠷ᠂ ᠯᠤᠷ · ᠺᠠᠰᠳ᠋ᠷᠣ᠋ · ᠯᠥᠰ ︵ᠺᠦᠪᠠ︶᠂ ᠮᠠᠬᠠᠵᠠᠺᠷᠢ · ᠱᠢᠯᠢᠨᠲ᠋ᠦ᠋ᠩ ︵ᠡᠮᠡᠭᠳᠡᠢ᠂ ᠲᠠᠢ ᠤᠯᠤᠰ︶᠂ ᠰᠠᠯᠢᠮᠦ᠋ · ᠠᠶᠢᠬᠠᠮᠠᠶᠢᠳ᠋ · ᠰᠠᠯᠢᠮᠦ᠋ ︵ᠲᠠᠨᠽᠠᠨᠢᠶ᠎ᠠ︶᠂ ᠵᠢᠶᠠᠯᠢᠨᠨᠠ · ᠸᠢᠨᠢ᠊ ᠊ ᠠᠮᠢᠨᠤᠹᠦ᠋ᠨᠠ · ᠺᠦᠯᠢᠺᠤᠸ᠋ᠨ ︵ᠡᠮᠡᠭᠳᠡᠢ᠂ ᠤᠷᠤᠰ︶᠂ ᠷᠠᠩ — ᠫᠢ᠊ ᠊ ᠠᠶᠢᠷ · ᠯᠠᠹᠠᠯᠠᠨ ︵ᠹᠷᠠᠨᠼᠢ︶᠂ ᠢᠱᠠᠪᠧᠯ · ᠺᠧᠷᠥᠺ ︵ᠡᠮᠡᠭᠳᠡᠢ᠂ ᠺᠠᠨᠠᠳᠠ︶ ᠳᠤ ︽ᠨᠦᠬᠦᠷᠯᠡᠯ ᠤᠨ ᠭᠠᠪᠢᠶᠠᠨ ᠲᠡᠮᠳᠡᠭ︾ ᠤᠯᠭᠤᠨ᠎ᠡ᠃      ᠭᠤᠷᠪᠠ᠂ ᠶᠧ ᠫᠸᠢ ᠵᠢᠶᠠᠨ᠂ ᠦ᠋ ᠸᠧᠨ ᠵᠢᠶᠦ᠋ᠨ᠂ ᠨᠠᠨ ᠷᠧᠨ ᠳ᠋ᠦᠩ ︵ᠮᠠᠨᠵᠤ ᠦᠨᠳᠦᠰᠦᠳᠡᠨ︶᠂ ᠬᠦ᠋ ᠹᠠᠩ ᠵᠸᠥ᠂ ᠴᠧᠩ ᠺᠠᠢ ᠵᠢᠶᠠ ᠳᠤ ︽ᠠᠷᠠᠳ ᠤᠨ ᠰᠢᠨᠵᠢᠯᠡᠬᠦ ᠤᠬᠠᠭᠠᠨᠳᠠᠨ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ︔ᠢᠦᠢ ᠢ ︵ᠡᠮᠡᠭᠳᠠᠢ︶᠂ ᠸᠧᠢ ᠰᠢᠩ ᠬᠤᠸᠠ᠂ ᠭᠤᠤ ᠮᠢᠩ ᠰᠢᠤᠸᠠᠨ ᠳᠤ ︽ᠠᠷᠠᠳ ᠤᠨ ᠰᠤᠷᠭᠠᠨ ᠬᠦᠮᠦᠵᠢᠯᠳᠠᠨ ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ︔      ᠸᠠᠩ ᠮᠧᠩ᠂ ᠴᠢᠨ ᠢ ︵ᠡᠮᠡᠭᠳᠠᠢ︶᠂ ᠬᠦᠸᠧ ᠯᠠᠨ ᠶᠢᠩ ︵ᠡᠮᠡᠭᠳᠠᠢ︶ ᠳᠤ ︽ᠠᠷᠠᠳ ᠤᠨ ᠤᠳᠬ᠎ᠠ ᠤᠷᠠᠯᠢᠬᠴᠢᠨ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ︔      ᠠᠶᠢᠷᠧᠲ᠋ᠢ · ᠮᠠᠮᠦ᠋ᠲ᠋ᠢ ︵ᠤᠶᠢᠭᠤᠷ ᠦᠨᠳᠦᠰᠦᠳᠡᠨ︶᠂ ᠱᠧᠨ ᠯᠢᠶᠠᠩ ᠯᠢᠶᠠᠩ᠂ ᠮᠠᠢ ᠰᠢᠶᠠᠨ ᠳ᠋ᠧ᠂ ᠵᠠᠩ ᠴᠤᠤ ᠳᠤ ︽ᠠᠷᠠᠳ ᠤᠨ ᠪᠠᠭᠠᠳᠤᠷ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ︔      ᠸᠠᠩ ᠸᠧᠨ ᠵᠢᠶᠤᠤ᠂ ᠸᠠᠩ ᠶᠢᠤ ᠳ᠋ᠧ ︵ᠬᠤᠳᠤᠩ ᠦᠨᠳᠦᠰᠦᠳᠡᠨ︶᠂ ᠸᠠᠩ ᠴᠢ ᠮᠢᠨ᠂ ᠸᠠᠩ ᠵᠢᠢ ᠼᠠᠢ᠂ ᠪᠦᠷᠦ᠋ᠮᠠᠬᠠᠨ · ᠮᠤᠤᠯᠧᠳᠦ᠋ᠸᠧ ︵ᠡᠮᠡᠭᠳᠠᠢ᠂ ᠬᠢᠷᠬᠢᠰ ᠦᠨᠳᠦᠰᠦᠳᠡᠨ︶᠂ ᠵᠤ᠋ ᠶᠠᠨ ᠹᠦ᠋᠂ ᠯᠢ ᠪᠤᠤ ᠬᠦᠸᠧ᠂ ᠳᠦᠭᠦ᠋ᠢᠮ᠎ᠠ ︵ᠡᠮᠡᠭᠳᠠᠢ᠂ ᠮᠤᠩᠭᠤᠯ ᠦᠨᠳᠦᠰᠦᠳᠡᠨ︶᠂ ᠭᠤᠤ ᠳ᠋ᠧ ᠷᠦᠩ ︵ᠳ᠋ᠦᠯᠦᠩ ᠦᠨᠳᠦᠰᠦᠳᠡᠨ︶ ᠳᠤ ︽ᠠᠷᠠᠳ ᠤᠨ ᠵᠢᠱᠢᠶᠠᠴᠢ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ︔      ᠷᠧᠳᠢ ︵ᠲᠦᠪᠡᠳ ᠦᠨᠳᠦᠰᠦᠳᠡᠨ︶ ᠳᠤ ︽ᠦᠨᠳᠦᠰᠦᠳᠡᠨ ᠤ ᠪᠦᠯᠬᠦᠮᠳᠡᠯ ᠤᠨ ᠭᠠᠷᠮᠠᠭᠠᠢ ᠵᠢᠳᠬᠦᠯᠳᠠᠨ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ︔      ᠳ᠋ᠦᠩ ᠵᠢᠶᠠᠨ ᠬᠤᠸᠠ ᠳᠤ ︽︿ᠨᠢᠭᠡ ᠤᠯᠤᠰ ᠲᠤ ᠬᠤᠶᠠᠷ ᠪᠠᠶᠢᠭᠤᠯᠤᠯ ᠢ ᠬᠡᠷᠡᠭᠵᠢᠭᠦᠯᠬᠦ﹀ ᠶᠢᠨ ᠭᠠᠷᠮᠠᠭᠠᠢ ᠵᠢᠳᠬᠦᠯᠳᠠᠨ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ︔      ᠯᠢ ᠳ᠋ᠤᠤ ᠢᠦᠢ ᠳᠤ ︽ᠭᠠᠳᠠᠭᠠᠳᠤ ᠬᠠᠷᠢᠯᠴᠠᠭᠠᠨ ᠤ ᠠᠵᠢᠯ ᠤᠨ ᠭᠠᠷᠮᠠᠭᠠᠢ ᠵᠢᠳᠬᠦᠯᠳᠠᠨ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ︔      ᠹᠠᠨ ᠶᠢᠨ ᠱᠢ ︵ᠡᠮᠡᠭᠳᠠᠢ︶ ᠳᠤ ︽ᠲᠡᠤᠭᠡ ᠶᠢᠨ ᠲᠤᠷᠠᠰᠬᠠᠯᠳᠤ ᠵᠦᠢᠯᠡᠰ ᠤᠨ ᠬᠠᠮᠠᠭᠠᠯᠠᠯᠳᠠ ᠶᠢᠨ ᠭᠠᠷᠮᠠᠭᠠᠢ ᠵᠢᠳᠬᠦᠯᠳᠠᠨ︾ ᠬᠡᠬᠦ ᠤᠯᠤᠰ ᠤᠨ ᠢᠷᠠᠭᠤ ᠠᠯᠳᠠᠷ ᠤᠨ ᠴᠤᠯᠠ ᠤᠯᠭᠤᠨ᠎ᠡ᠃                  ᠪᠦᠬᠦᠳᠡ ᠨᠠᠶᠢᠷᠠᠮᠳᠠᠬᠤ ᠳᠤᠮᠳᠠᠳᠤ ᠠᠷᠠᠳ                    ᠤᠯᠤᠰ ᠤᠨ ᠳᠡᠷᠢᠬᠦᠯᠡᠭᠴᠢ ᠰᠢ ᠶᠢᠨ ᠫᠢᠩ                           2019 ᠤᠨ ᠤ 9 ᠰᠠᠷ᠎ᠠ ᠶᠢᠨ 17 ᠤ ᠡᠳᠤᠷ                                        ︵ᠰᠢᠨᠬᠤᠸᠠ ᠬᠤᠷᠢᠶᠠᠨ ᠤ ᠪᠡᠬᠡᠵᠢᠩ ᠤᠨ                                        9 ᠰᠠᠷ᠎ᠠ ᠶᠢᠨ 17 ᠤ ᠴᠠᠬᠢᠯᠭᠠᠨ ᠮᠡᠳᠡᠭᠡ︶
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号