9 ᠰᠠᠷ᠎ᠠ ᠶᠢᠨ 20 ᠤ ᠡᠳᠦᠷ᠂ ᠬᠤᠰᠢᠭᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤ ᠳᠠᠷᠤᠭ᠎ᠠ | ᠵᠤᠤ ᠹᠧᠶ ᠯᠦ ᠬᠤᠰᠢᠭᠤ ᠠᠷᠠᠳ ᠤᠨ ᠵᠠᠰᠠᠭ ᠤᠨ ᠣᠷᠳᠣᠨ ᠤ 2019 ᠣᠨ ᠤ 9 ᠳ᠋ᠦ᠋ᠭᠡᠷ ᠤᠳᠠᠭ᠎ᠠ ᠶᠢᠨ | ᠪᠠᠶᠢᠩᠭᠤ ᠶᠢᠨ ᠠᠵᠢᠯ ᠤᠨ ᠬᠤᠷᠠᠯ ᠢ ᠡᠷᠬᠢᠯᠡᠨ ᠬᠤᠷᠠᠯᠳᠤᠭᠤᠯᠵᠤ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶᠠᠨ ᠤ ᠠᠷᠪᠠᠨ ᠭᠤᠷᠪᠠᠳᠤᠭᠠᠷ ᠲᠤᠭᠤᠷᠢᠨ ᠪᠠᠶᠢᠴᠠᠭᠠᠯᠳᠠ ᠶᠢᠨ ᠲᠤᠭᠤᠶᠢᠯᠠᠩ ᠤᠨ ᠲᠣᠭᠤᠷᠢᠨ ᠪᠠᠶᠢᠴᠠᠭᠠᠵᠤ | ᠬᠠᠷᠢᠭᠤ ᠲᠤᠰᠬᠠᠭᠰᠠᠨ ᠰᠠᠨᠠᠯ ᠢ ᠴᠡᠭᠴᠡᠯᠡᠨ ᠰᠠᠶᠢᠵᠢᠷᠠᠭᠤᠯᠤᠭᠰᠠᠨ ᠪᠠᠶᠢᠳᠠᠯ ᠢ ᠰᠤᠨᠤᠰᠬᠤ ᠶᠢᠨ ᠬᠠᠮᠳᠤ | ᠲᠠᠷᠠᠭᠠᠴᠢ ᠶᠢᠨ ᠠᠯᠬᠤᠮ ᠤᠨ ᠠᠵᠢᠯ ᠳᠤ ᠪᠠᠶᠢᠷᠢᠯᠠᠭᠤᠯᠤᠯᠳᠠ ᠲᠤᠭᠢᠷᠠᠭᠤᠯᠤᠯᠳᠠ ᠭᠢᠪᠠ᠃ ᠬᠤᠰᠢᠭᠤ ᠨᠠᠮ ᠤᠨ | ᠬᠤᠷᠢᠶᠠᠨ ᠤ ᠳᠡᠳ᠋ ᠱᠦᠵᠢ ᠬᠤᠰᠢᠭᠤ ᠳᠠᠷᠤᠭ᠎ᠠ ᠵᠤᠤ ᠹᠸᠢ ᠯᠦ ᠬᠤᠷᠠᠯ ᠡᠷᠭᠢᠯᠠᠭᠦ ᠶᠢᠨ ᠬᠠᠮᠳᠤ ᠶᠠᠷᠢᠶ᠎ᠠ ᠲᠠᠯᠪᠢᠵᠤ᠂ | ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ ᠬᠤᠰᠢᠭᠤ ᠲᠠᠳ᠋ ᠲᠠᠷᠤᠭ᠎ᠠ ᠵᠠᠩ ᡁᠢ ᠰᠢᠦ᠋ᠩ᠂ ᠯᠢ | ᠵᠥᠩ ᠯᠢᠨ᠂ ᠬᠤᠰᠢᠭᠤ ᠲᠡᠳ᠋ ᠲᠠᠷᠤᠭ᠎ᠠ ᠭᠤᠤ ᠬᠤ᠋᠂ ᠵᠸᠤ ᠱᠤᠸᠠᠢ᠂ ᠪᠠᠶᠠᠨᠴᠡᠩᠭᠡᠯ ᠪᠤᠯᠤᠨ ᠲᠣᠭᠤᠷᠢᠨ | ᠪᠠᠶᠢᠴᠠᠭᠠᠵᠤ ᠴᠡᠭᠴᠡᠯᠡᠨ ᠰᠠᠶᠢᠵᠢᠷᠠᠭᠤᠯᠬᠤ ᠳᠤ ᠬᠤᠯᠪᠣᠭᠳᠠᠭᠰᠠᠨ ᠰᠠᠯᠠᠭ᠎ᠠ ᠮᠥᠴᠢᠷ᠂ ᠡᠯ᠎ᠡ ᠰᠤᠮᠤ ᠪᠠᠯᠭᠠᠰᠤᠨ ᠤ | ᠬᠠᠷᠢᠭᠤᠴᠠᠯᠭᠠᠲᠠᠳ ᠬᠤᠷᠠᠯ ᠳᠤ ᠣᠷᠣᠯᠴᠠᠵᠠᠶ᠃ | ᠵᠤᠤ ᠹᠧᠶ ᠯᠦ ᠴᠢᠬᠤᠯᠠᠴᠢᠯᠠᠬᠤ ᠳᠤ ᠪᠠᠨ᠂ ᠤᠯᠤᠰ ᠲᠥᠷᠦ ᠶᠢᠨ ᠵᠤᠭᠰᠤᠴᠠ ᠪᠠᠨ ᠦᠨᠡᠨᠬᠦ | ᠲᠡᠭᠡᠭᠰᠢᠯᠠᠭᠦᠯᠤᠨ ᠲᠣᠭᠤᠷᠢᠨ ᠪᠠᠶᠢᠴᠠᠭᠠᠵᠤ ᠴᠡᠭᠴᠡᠯᠡᠨ ᠰᠠᠶᠢᠵᠢᠷᠠᠭᠤᠯᠬᠤ ᠠᠵᠢᠯ ᠢ ᠰᠠᠶᠢᠲᠤᠷ ᠠᠳᠬᠤᠵᠤ | ᠬᠠᠮᠤᠭ ᠤᠨ ᠡᠷᠡᠰ ᠰᠢᠭᠤᠷᠬᠠᠶ ᠣᠪᠣᠷ᠂ ᠬᠠᠮᠤᠭ ᠤᠨ ᠬᠦᠴᠦᠲᠡᠶ ᠡᠭᠦᠷᠭᠡᠯᠡᠯ᠂ ᠬᠠᠮᠤᠭ ᠤᠨ ᠪᠣᠳᠠᠲᠠᠶ ᠠᠵᠢᠯ ᠤᠨ | ᠰᠤᠷᠲᠠᠯ ᠢᠶᠠᠷ ᠴᠡᠭᠴᠡᠯᠡᠨ ᠰᠠᠶᠢᠵᠢᠷᠠᠭᠤᠯᠬᠤ ᠠᠵᠢᠯ ᠢ ᠪᠦᠬᠦ ᠬᠦᠴᠦᠨ ᠢᠶᠠᠷ ᠢᠶᠠᠨ ᠠᠬᠢᠭᠤᠯᠬᠤ ᠬᠡᠷᠡᠭᠲᠡᠶ᠃ | ᠬᠤᠰᠢᠭᠤ ᠨᠠᠮ ᠤᠨ ᠬᠤᠷᠢᠶᠠᠨ ᠤ ᠳᠠᠷᠤᠮᠠᠯᠯᠠᠨ ᠲᠠᠷᠬᠠᠭᠠᠭᠰᠠᠨ ᠲᠣᠭᠤᠷᠢᠨ ᠪᠠᠶᠢᠴᠠᠭᠠᠵᠤ ᠴᠡᠭᠴᠡᠯᠡᠨ | ᠰᠠᠶᠢᠵᠢᠷᠠᠭᠤᠯᠬᠤ ᠲᠥᠰᠦᠯ ᠤᠨ ᠱᠠᠭᠠᠷᠳᠠᠯᠭ᠎ᠠ ᠶᠣᠰᠣᠭᠠᠷ ᠴᠡᠭᠴᠡᠯᠡᠨ ᠰᠠᠶᠢᠵᠢᠷᠠᠭᠤᠯᠬᠤ ᠡᠭᠦᠷᠭᠡ ᠶᠢ | ᠨᠠᠷᠢᠯᠢᠭᠵᠢᠭᠤᠯᠤᠨ ᠪᠣᠳᠠᠲᠠᠶᠢᠵᠢᠭᠤᠯᠵᠤ ᠡᠬᠡ ᠳᠠᠩᠰᠠ ᠪᠠᠶᠢᠭᠤᠯᠤᠨ ᠠᠷᠭ᠎ᠠ ᠬᠡᠮᠵᠢᠶ᠎ᠡ ᠶᠢ ᠨᠢᠭᠡ ᠨᠢᠭᠡ ᠪᠠᠷ ᠠᠳᠬᠤᠨ | ᠠᠰᠠᠭᠤᠳᠠᠯ ᠢ ᠨᠢᠭᠡ ᠨᠢᠭᠡ ᠠᠯᠬᠤᠮ ᠢᠶᠠᠷ ᠴᠡᠭᠴᠡᠯᠡᠨ ᠰᠠᠶᠢᠵᠢᠷᠠᠭᠤᠯᠬᠤ ᠠᠵᠢᠯ ᠢ ᠰᠠᠶᠢᠲᠤᠷ ᠬᠢᠵᠦ ᠶᠠᠪᠤᠳᠠᠯ | ᠪᠣᠯᠭᠠᠨ ᠳᠤ ᠬᠠᠷᠢᠭᠤᠯᠲᠠ ᠥᠭᠬᠦ ᠶᠢ ᠪᠠᠲᠤᠯᠠᠬᠤ ᠬᠡᠷᠡᠭᠲᠡᠶ᠃ ᠦᠷ᠎ᠡ ᠪᠦᠲᠦᠭᠡᠯ ᠢ ᠤᠯᠠᠷᠢᠭᠤᠯᠤᠨ ᠬᠡᠷᠡᠭᠯᠡᠬᠦ ᠶᠢ | ᠴᠢᠬᠤᠯᠠᠴᠢᠯᠠᠨ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ ᠨᠢᠭᠡ ᠠᠴᠠ ᠨᠥᠬᠦᠭᠡ ᠶᠢ ᠵᠥᠢᠴᠢᠯᠠᠨ | ᠮᠡᠳᠡᠵᠦ ᠠᠰᠠᠭᠤᠳᠠᠯ ᠤᠨ ᠪᠣᠶ ᠪᠣᠯᠤᠭᠰᠠᠨ ᠦᠨᠳᠦᠰᠦ ᠰᠤᠷᠪᠤᠯᠵᠢ ᠶᠢ ᠭᠦᠨᠵᠡᠭᠡᠶ ᠡᠷᠭᠢᠴᠡᠭᠦᠯᠦᠨ ᠬᠠᠮᠢᠶ᠎ᠠ ᠪᠦᠬᠦᠢ | ᠳᠦᠷᠢᠮ ᠢ ᠴᠠᠭ ᠲᠤᠬᠠᠶ ᠳᠤᠨᠢ ᠲᠣᠭᠲᠠᠭᠠᠨ ᠲᠡᠭᠦᠯᠳᠡᠷᠵᠢᠭᠦᠯᠵᠦ ᠲᠣᠭᠤᠷᠢᠨ ᠪᠠᠶᠢᠴᠠᠭᠠᠵᠤ ᠴᠡᠭᠴᠡᠯᠡᠨ | ᠰᠠᠶᠢᠵᠢᠷᠠᠭᠤᠯᠤᠭᠰᠠᠨ ᠦᠷ᠎ᠡ ᠪᠦᠲᠦᠮᠵᠢ ᠶᠢ ᠭᠤᠷᠪᠠᠨ ᠶᠡᠭᠡ ᠪᠣᠭᠤᠮᠲᠠ ᠰᠢᠪᠲᠤᠯᠬᠤ ᠳᠠᠶᠢᠯᠠᠯᠳᠤᠭᠠᠨ ᠢ ᠰᠠᠶᠢᠲᠤᠷ | ᠬᠢᠬᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠬᠦ᠂ | ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ᠂ ᠰᠠᠭᠤᠷᠢ ᠲᠥᠬᠦᠭᠡᠷᠦᠮᠵᠢ ᠶᠢ ᠲᠡᠭᠦᠯᠳᠡᠷᠵᠢᠭᠦᠯᠬᠦ᠂ ᠠᠷᠠᠳ ᠤᠨ | ᠠᠮᠢᠳᠤᠷᠠᠯ ᠢ ᠰᠠᠶᠢᠵᠢᠷᠠᠭᠤᠯᠬᠤ᠂ ᠠᠵᠤ ᠠᠬᠤᠢ ᠶᠢᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠵᠡᠷᠭᠡ | ᠭᠤᠤᠯᠳᠠᠯᠭ᠎ᠠ ᠲᠠᠢ ᠠᠵᠢᠯ ᠤᠨ ᠬᠦᠷᠢᠶᠡᠨ ᠳᠤ ᠦᠨᠡᠨ ᠬᠦ ᠬᠡᠷᠡᠭᠯᠡᠵᠦ ᠲᠣᠭᠤᠷᠢᠨ ᠪᠠᠶᠢᠴᠠᠭᠠᠵᠤ ᠴᠡᠭᠴᠡᠯᠡᠨ | ᠰᠠᠶᠢᠵᠢᠷᠠᠭᠤᠯᠤᠭᠰᠠᠨ ᠰᠢᠨ᠎ᠡ ᠦᠷ᠎ᠡ ᠪᠦᠲᠦᠮᠵᠢ ᠪᠠᠷ ᠪᠥᠬᠦ ᠬᠤᠰᠢᠭᠤᠨ ᠤ ᠴᠢᠨᠠᠷ ᠰᠠᠶᠢᠲᠠᠶ ᠬᠥᠭᠵᠢᠯᠲᠡ ᠶᠢ | ᠬᠦᠴᠦᠲᠡᠶ ᠠᠬᠢᠭᠤᠯᠵᠤ ᠨᠤᠮᠢᠨ ᠲᠠᠩᠰᠤᠭ ᠭᠥᠭᠵᠢᠨ ᠮᠠᠨᠳᠤᠯᠳᠠ ᠶᠢ ᠪᠡᠶᠡᠯᠡᠭᠦᠯᠬᠦ ᠬᠡᠷᠡᠭᠲᠡᠶ ᠭᠡᠵᠡᠢ᠃ |