ᠭᠠᠭᠴᠠ ᠮᠤᠳᠤᠨ ᠤ ᠲᠤᠮᠤᠭ ᠪᠤᠶᠤ ᠭᠠᠶᠢᠬᠠᠮᠰᠢᠭᠲᠤ ᠨᠤᠭᠤᠭᠠᠨ ᠲᠤᠤᠯᠢᠰ
ᠨᠡᠶᠢᠲᠡᠯᠡᠭᠰᠡᠨ ᠴᠠᠭ᠄
2019-09-03
     ᠮᠠᠨ ᠤ ᠰᠤᠷᠪᠤᠯᠵᠢᠯᠠᠭ᠎ᠠ ᠶᠢᠨ ᠳᠤᠭᠤᠢᠢᠯᠠᠩ ᠤᠨ ᠬᠢᠨ ᠦᠤᠰᠢᠨ ᠬᠤᠰᠢᠭᠤᠨ ᠤ ᠦᠤᠰᠢᠨᠵᠤᠤ ᠪᠠᠯᠭᠠᠰᠤᠨ ᠤ ᠪᠦᠷᠢᠳᠦ ᠭᠠᠴᠠᠭᠠᠨ ᠤ ᠡᠯ᠎ᠡ ᠮᠠᠯᠵᠢᠯ ᠤᠨ ᠬᠤᠷᠰᠢᠶ᠎ᠡ ᠪᠠᠷ ᠰᠤᠷᠪᠤᠯᠵᠢᠯᠠᠨ ᠶᠠᠪᠤᠭᠰᠠᠭᠠᠷ ᠨᠠᠷᠠ ᠵᠢᠷᠭᠠᠬᠤ ᠶᠢᠨ ᠤᠷᠢᠳᠠᠭᠤᠷ ᠠᠭᠤᠢᠢᠨᠰᠢᠯᠢ ᠮᠠᠯᠵᠢᠯ ᠤᠨ ᠬᠤᠷᠰᠢᠶ᠎ᠠ ᠶᠢᠨ ᠴᠠᠭᠠᠨ ᠬᠦᠳᠡᠭᠡ ᠬᠡᠮᠡᠬᠦ ᠭᠠᠵᠠᠷ ᠬᠦᠷᠴᠤ ᠢᠷᠡᠪᠡ᠃ ᠡ᠊ᠨᠳᠡ ᠭᠤᠷᠪᠠᠨ ᠵᠠᠭᠤᠨ ᠵᠢᠯ ᠤᠨ ᠲᠡᠤᠬᠡ ᠲᠠᠢ ᠭᠠᠭᠴᠠ ᠮᠤᠳᠤ ᠪᠤᠢ ᠨᠢ ᠵᠠᠮ ᠤᠨ ᠬᠠᠵᠠᠭᠤᠬᠠᠨ ᠳᠤ ᠰᠦᠭᠯᠡᠶᠢᠨ ᠪᠢᠳᠠᠨ ᠤ ᠠᠩᠬᠠᠷᠤᠯ ᠢ ᠡᠷᠭᠡ ᠦᠭᠡᠢ ᠲᠠᠲᠠᠯ᠎ᠠ᠃ ᠢᠡᠭᠭᠢᠭᠡᠳ ᠪᠢᠳᠠ ᠲᠤᠰ ᠨᠤᠲᠤᠭ ᠤᠨ ᠪᠤᠭᠤᠷᠤᠯ ᠤᠷᠠᠩᠭᠤᠸ᠎ᠠ ᠶᠢᠨ ᠳᠤ ᠬᠦᠷᠴᠤ ᠡᠨᠡ ᠲᠤᠬᠠᠢ ᠬᠦᠨ ᠤᠢᠢᠯᠠᠭᠠᠯᠲᠠ ᠲᠠᠢ ᠪᠤᠯᠤᠭᠰᠠᠨ ᠪᠢᠯᠡ︕     ︽ᠮᠦᠮᠦ ᠶᠢᠨ ᠮᠢᠨᠢ ᠬᠡᠯᠡᠬᠦ ᠪᠠᠷ ᠮᠠᠨ ᠤ ᠬᠢ ᠡᠨᠡ ᠮᠤᠳᠤᠨ ᠤ ᠬᠠᠵᠠᠭᠤ ᠳᠤ ᠮᠠᠭᠤ ᠦᠪᠤᠡᠭ ᠬᠡᠷ ᠲᠤ ᠰᠠᠭᠤᠵᠤ ᠪᠠᠶᠢᠭᠠᠳ ᠬᠡᠨᠡᠳᠲᠡ ᠭᠠᠯ ᠠᠯᠳᠠᠵᠤ ᠠᠷᠭ᠎ᠠ ᠪᠤᠰᠤ ᠡᠮᠦᠨᠡᠰᠢ ᠪᠠᠨ ᠰᠢᠨᠡᠰᠦ᠋ᠮ᠎ᠡ ᠳᠤ ᠨᠡᠬᠦᠵᠤ ᠶᠠᠪᠤᠭᠰᠠᠨ᠂ ᠪᠢ ᠤᠬᠠᠭ᠎ᠠ ᠮᠡᠳᠡᠬᠡᠨ ᠳᠤ ᠤᠷᠤᠭᠰᠠᠨ ᠤ ᠲᠠᠷᠠᠭ᠎ᠠ ᠢᠰᠢᠬᠡ ᠬᠠᠷᠢᠭᠤᠯᠠᠵᠤ ᠶᠠᠪᠤᠬᠤ ᠳᠤ ᠡᠨᠡ ᠮᠤᠳᠤ ᠭᠡᠭᠴᠢ ᠶᠡᠭᠡ ᠬᠤᠯᠠ ᠠᠴᠠ ᠬᠠᠷᠠᠭᠳᠠᠳᠠᠭ᠂ ᠮᠠᠨ ᠤ ᠴᠠᠭᠠᠨ ᠬᠦᠳᠡᠭᠡ ᠳᠤ ᠦᠭᠡᠷ᠎ᠡ ᠮᠤᠳᠤ ᠭᠡᠰᠡᠨ ᠶᠠᠭᠤᠮ᠎ᠠ ᠪᠠᠶᠢᠭ᠎ᠠ ᠦᠭᠡᠢ᠂ ᠰᠡᠬᠦᠯ ᠳᠤ ᠶᠡᠭᠡ ᠪᠤᠯᠤᠭᠠᠳ ᠮᠦᠮᠦ ᠶᠢᠨ ᠶᠠᠷᠢᠶᠠᠨ ᠠᠴᠠ ᠡᠨᠡ ᠰᠢᠨᠳᠡᠨ ᠮᠤᠳᠤ ᠪᠤᠯ ᠲᠠᠷᠤᠢ ᠮᠠᠨ ᠤ ᠲᠡᠭᠡᠳᠦᠰ — ᠬᠦᠨᠳᠦᠽᠠᠮᠪᠤ ᠬᠡᠭᠴᠢ ᠬᠦᠮᠦᠨ ᠲᠠᠷᠢᠵᠤ᠂ ᠮᠢᠨᠤ ᠨᠠᠭᠠᠴᠤ ᠶᠢᠨ ᠲᠦᠷᠦᠯ ᠡ᠊ᠨᠳᠡ ᠬᠡᠳᠦᠨ ᠦᠶ᠎ᠡ ᠪᠠᠷ ᠢᠶᠠᠨ ᠠᠮᠢᠳᠤᠷᠠᠵᠤ ᠢᠷᠡᠭᠰᠡᠨ ᠢ ᠮᠡᠳᠡᠭᠰᠡᠨ ᠶᠤᠮ︾ ᠬᠡᠮᠡᠨ ᠤᠷᠠᠩᠭᠤᠸ᠎ᠠ ᠡᠵᠢ ᠶᠢᠨ ᠦᠬᠡᠨ ᠤᠭᠤᠲᠠ ᠨᠡᠬᠡᠬᠡᠷᠡᠪᠡ᠃     ᠤᠢᠢᠯᠠᠭᠠᠭᠰᠠᠨ ᠢᠶᠠᠷ ᠰᠢᠨᠳᠡᠨ ᠮᠤᠳᠤ ᠨᠢ ᠡᠨᠡ ᠨᠤᠲᠤᠭ ᠲᠤ ᠬᠤᠪᠤᠷ ᠣᠷᠭᠤᠳᠠᠭ ᠮᠤᠳᠤᠨ ᠤ ᠲᠦᠷᠦᠯ ᠪᠠᠶᠢᠵᠤ᠂ ᠦᠡᠭᠬᠡᠷᠡᠭᠰᠡᠨ ᠦᠶ᠎ᠡ ᠳᠤ ᠪᠦᠷᠢᠳᠦ ᠭᠠᠴᠠᠭᠠᠨ ᠤ ᠠᠷᠤ ᠳᠤ ᠨᠢᠬᠡ ᠰᠠᠭᠤᠷᠢ᠂ ᠦᠤᠰᠢᠨᠵᠤᠤ ᠰᠦᠮ᠎ᠡ ᠶᠢᠨ ᠠᠷᠤ ᠳᠤ ᠨᠢᠬᠡ ᠰᠠᠭᠤᠷᠢ᠂ ᠤᠳᠤ ᠶᠢᠨ ᠪᠢᠳᠠᠨ ᠤ ᠢᠷᠡᠭᠡᠳ ᠪᠠᠶᠢᠭ᠎ᠠ ᠡᠨᠡ ᠨᠢᠬᠡ ᠰᠠᠭᠤᠷᠢ ᠲᠠᠢ ᠨᠡᠶᠢᠯᠡᠬᠡᠳ ᠦᠤᠰᠢᠨᠵᠤᠤ ᠨᠤᠲᠤᠭ ᠲᠤ ᠭᠤᠷᠪᠠᠭ᠋ᠠᠨ ᠪᠠᠶᠢᠭᠰᠠᠨ ᠠᠵᠢ᠃ ᠰᠢᠨᠳᠡᠨ ᠮᠤᠳᠤ ᠨᠢ ᠶᠠᠰᠢᠯ ᠲᠠᠢ ᠠᠳᠠᠯᠢ ᠮᠠᠰᠢ ᠬᠠᠲᠠᠭᠤ ᠮᠤᠳᠤ ᠪᠦᠭᠡᠳ ᠤᠷᠲᠤ ᠨᠠᠰᠤᠲᠠᠢ ᠤᠷᠭᠤᠮᠠᠯ ᠤᠨ ᠲᠦᠷᠦᠯ ᠪᠤᠯᠬᠤᠷ ᠡ᠊ᠨᠳᠡᠬᠢ ᠬᠦᠮᠦᠰ ᠰᠠᠯᠠᠭ᠎ᠠ ᠨᠠᠮᠠᠭ᠎ᠠ ᠶᠢ ᠨᠢ ᠴᠤ ᠬᠦᠨᠳᠡᠳᠡᠭ ᠦᠭᠡᠢ᠃ ᠡᠨᠡ ᠪᠤᠯ ᠮᠤᠩᠭᠤᠯᠴᠤᠳ ᠤᠨ ᠠᠮᠢ ᠠᠬᠤᠢ ᠪᠠᠨ ᠬᠡᠰᠡᠨ ᠰᠡᠳᠬᠢᠯᠭᠡ ᠪᠤᠯᠤᠨ᠎ᠠ᠃ ᠤᠷᠠᠩᠭᠤᠸ᠎ᠠ ᠨᠠᠰᠤᠳᠠᠨ ᠤ ᠬᠠᠭᠤᠴᠢᠯᠠᠬᠤ ᠪᠠᠷ ᠡᠨᠡ ᠰᠢᠨᠳᠡᠨ ᠮᠤᠳᠤ ᠶᠢ ᠲᠤᠰ ᠨᠤᠲᠤᠭ ᠤᠨ ᠠᠯᠢ ᠴᠤ ᠬᠦᠮᠦᠨ ᠬᠦᠨᠳᠡᠵᠤ ᠦᠡᠭᠬᠡᠷᠡᠭᠡ ᠦᠭᠡᠢ ᠪᠦᠭᠡᠳ ᠨᠠᠶᠠᠭᠠᠳ ᠤᠨ ᠳᠤ ᠡᠮᠦᠨ᠎ᠡ ᠵᠠᠬ᠎ᠠ ᠶᠢᠨ ᠨᠢᠬᠡ ᠬᠦᠮᠦᠨ ᠢᠷᠡᠵᠤ ᠪᠠᠷᠠᠭᠤᠨᠰᠢ ᠪᠠᠨ ᠰᠠᠯᠠᠭᠠᠯᠠᠵᠤ ᠭᠠᠷᠤᠭᠰᠠᠨ ᠰᠠᠯᠠᠭ᠎ᠠ ᠶᠢ ᠨᠢ ᠤᠭᠲᠤᠯᠵᠤ ᠬᠠᠭᠠᠰ ᠪᠤᠯᠭᠠᠭᠠᠳ ᠬᠢᠷᠦᠬᠡ ᠨᠢ ᠬᠤᠭᠤᠷᠠᠵᠤ᠂ ᠰᠡᠭᠦᠯ ᠳᠤᠨᠢ ᠲᠡᠷᠡ ᠬᠦᠮᠦᠨ ᠴᠤ ᠬᠦᠯ ᠭᠠᠷ ᠨᠢ ᠬᠡᠮᠲᠦᠭᠰᠡᠨ ᠬᠡᠨ᠎ᠡ᠃     ᠮᠤᠳᠤᠳᠤ ᠨᠤᠲᠤᠭ ᠬᠡᠮᠡᠨ ᠨᠡᠷᠡᠯᠡᠭᠰᠡᠨ ᠡᠨᠡ ᠴᠠᠭᠠᠨ ᠬᠦᠳᠡᠭᠡ ᠨᠢ ᠦᠡᠭᠬᠡᠷᠡᠭᠰᠡᠨ ᠦᠶ᠎ᠡ ᠳᠤ ᠡᠨᠡ ᠬᠦ ᠭᠠᠭᠴᠠ ᠮᠤᠳᠤ ᠲᠠᠢ ᠪᠠᠶᠢᠭᠰᠠᠨ ᠢ ᠲᠤᠰ ᠨᠤᠲᠤᠭ ᠤᠨ ᠤᠯᠠᠨ ᠪᠤᠭᠤᠷᠤᠯᠴᠤᠳ ᠬᠡᠯᠡᠬᠦ ᠪᠦᠭᠡᠳ ᠬᠠᠷᠢᠨ ᠤᠳᠤ ᠪᠤᠯᠬᠤ ᠳᠤ ᠡᠨᠡ ᠨᠤᠲᠤᠭ ᠤᠨ ᠮᠠᠩᠬ᠎ᠠ ᠪᠠᠯᠠᠷ ᠲᠤ ᠪᠤᠷᠭᠠᠰᠤ᠂ ᠰᠢᠪᠠᠭ᠂ ᠮᠤᠳᠤ ᠪᠠᠷ ᠲᠦᠬᠦᠷᠦᠭᠰᠡᠨ ᠨᠢ ᠭᠠᠶᠢᠬᠠᠭᠤᠰᠢᠲᠠᠢ᠃ ᠰᠢᠨᠳᠡᠨ ᠮᠤᠳᠤ ᠨᠢ ᠤᠳᠤ ᠪᠠᠶᠠᠨᠳᠠᠯᠠᠢ ᠬᠡᠭᠴᠢ ᠬᠦᠮᠦᠨ ᠤ ᠪᠡᠯᠴᠢᠬᠡᠷ ᠲᠡᠭᠡᠷ᠎ᠡ ᠪᠠᠶᠢᠵᠤ᠂ ᠲᠡᠳᠡᠨ ᠤ ᠬᠢ ᠡᠨᠡ ᠮᠤᠳᠤᠨ ᠤ ᠶᠠᠭ ᠡᠮᠦᠨ᠎ᠡ ᠲᠤᠤᠷ᠎ᠠ ᠨᠢ ᠰᠠᠭᠤᠷᠢᠰᠢᠵᠤ᠂ ᠬᠡᠷ ᠢ ᠨᠢ ᠲᠤᠭᠤᠢᠢᠯᠠᠵᠤ ᠲᠤᠭᠤᠷᠢᠭᠠᠳ ᠮᠠᠰᠢ ᠦᠨᠳᠦᠷ ᠦᠯᠢᠶᠠᠰᠤᠨ ᠮᠤᠳᠤ ᠬᠦᠭᠡᠷᠡᠵᠤ ᠬᠠᠷᠠᠭᠳᠠᠬᠤ ᠨᠢ ᠦᠵᠡᠰᠬᠦᠯᠡᠩᠲᠡᠢ᠃ ᠲᠡᠳᠡᠨ ᠤ ᠬᠢᠨ ᠤᠳᠤ 4000 ᠮᠦ ᠪᠡᠯᠴᠢᠬᠡᠷ ᠢᠶᠠᠨ ᠪᠦᠬᠦᠨ ᠢ ᠤᠢᠢᠵᠢᠭᠤᠯᠵᠤ᠂ ᠨᠤᠮᠢᠨ ᠨᠤᠭᠤᠭᠠᠨ ᠪᠤᠯᠭᠠᠭᠰᠠᠨ ᠪᠠᠶᠢᠨ᠎ᠠ᠃ ᠡᠨᠡ ᠠᠶᠢᠯ ᠤᠨ ᠬᠢ ᠠᠴᠠ ᠵᠢᠭᠠᠬᠠᠨ ᠪᠠᠷᠠᠭᠤᠨ ᠡᠮᠦᠨᠡᠰᠢ ᠪᠠᠷᠠᠯᠠᠪᠠᠯ ᠪᠢᠲᠡᠬᠦᠦ ᠬᠠᠷᠠᠯᠠᠭᠰᠠᠨ ᠰᠢᠪᠠᠭ ᠪᠠᠯᠠᠷ ᠦᠵᠡᠭᠳᠡᠬᠦ ᠨᠢ ᠤᠳᠤ ᠶᠢᠨ ᠬᠢ ᠬᠡᠭᠴᠢ ᠠᠶᠢᠯ ᠪᠠᠶᠢᠯ᠎ᠠ᠃ ᠡᠳᠡᠨ ᠤ ᠬᠢ ᠮᠦᠨ ᠨᠤᠲᠤᠭ ᠪᠡᠯᠴᠢᠬᠡᠷ ᠢ ᠡᠷᠦᠬᠡ ᠳᠤ ᠳᠠᠭᠠᠭᠠᠴᠢᠯᠠᠭᠤᠯᠬᠤ ᠳᠤ 10000 ᠮᠦ ᠶᠢᠨ ᠬᠦᠯᠥᠩ ᠮᠠᠩᠬ᠎ᠠ ᠬᠤᠪᠢᠳᠠᠨ ᠠᠪᠴᠤ᠂ ᠳᠡᠭᠡᠷ᠎ᠠ ᠵᠠᠭᠤᠨ ᠤ ᠶᠡᠷᠡᠭᠡᠳ ᠤᠨ ᠠᠴᠠ ᠡᠬᠢᠯᠡᠨ ᠮᠠᠩᠬ᠎ᠠ ᠪᠠᠨ ᠤᠢᠢᠵᠢᠭᠤᠯᠬᠤ ᠬᠡᠮᠡᠨ ᠪᠠᠭ᠎ᠠ ᠪᠤᠰᠤ ᠬᠦᠳᠡᠯᠮᠦᠷᠢ ᠬᠦᠴᠦ᠂ ᠬᠦᠷᠦᠩᠬᠡ ᠮᠦᠡᠭᠭᠦ ᠵᠠᠷᠤᠴᠠᠭᠤᠯᠤᠨ ᠪᠠᠶᠢᠵᠤ ᠭᠠᠭᠴᠠ ᠮᠠᠩᠬ᠎ᠠ ᠶᠢ ᠴᠤ ᠦᠯᠡᠳᠡᠬᠡᠯ ᠦᠭᠡᠢ ᠨᠤᠮᠢᠨ ᠨᠤᠭᠤᠭᠠᠨ ᠢᠶᠠᠷ ᠴᠠᠯᠬᠢᠭᠤᠯᠵᠤ ᠲᠠᠯᠪᠢᠭᠰᠠᠨ ᠨᠢ ᠶᠠᠷᠤ ᠪᠤᠰᠤ ᠪᠠᠶᠢᠯ᠎ᠠ᠃ ᠶᠡᠷᠤ ᠨᠢ ᠡᠨᠡ ᠴᠠᠭᠠᠨ ᠬᠦᠳᠡᠭᠡ ᠳᠤ ᠤᠷᠤᠭᠠᠳ ᠢᠷᠡᠬᠦᠯᠡᠷ ᠲᠤᠯᠤᠭᠠᠬᠠᠨ ᠠᠶᠢᠯ ᠲᠠᠢ ᠪᠤᠯᠪᠠᠴᠤ ᠴᠦᠮ ᠤᠢᠢᠵᠢᠭᠤᠯᠤᠯᠲᠡ ᠶᠢᠨ ᠬᠤᠰᠢᠭᠤᠴᠢ ᠬᠦᠮᠦᠰ ᠪᠤᠯᠬᠤ ᠠᠵᠢ᠃ ᠬᠡᠪᠡᠴᠤ ᠡᠬᠦᠨ ᠤ ᠴᠠᠭᠠᠨ᠎ᠠ ᠨᠦᠷᠢ ᠶᠡᠭᠡ ᠬᠦᠳᠡᠯᠮᠦᠷᠢ ᠤᠷᠤᠭᠰᠠᠨ ᠢ ᠬᠡᠨ ᠮᠡᠳᠡᠨᠡᠮ︕     ︽ᠲᠠᠪᠠᠭᠠᠨ ᠵᠠᠬ᠎ᠠ ᠠᠴᠠ ᠴᠠᠭᠠᠨ ᠬᠦᠳᠡᠭᠡ ᠬᠦᠷᠬᠦ ᠠᠷᠪᠠᠭ᠋ᠠᠨ ᠭᠠᠵᠠᠷ ᠤᠨ ᠵᠠᠢ ᠴᠤ ᠲᠡᠷᠡ ᠦᠶ᠎ᠡ ᠳᠤ ᠲᠠᠮᠤ ᠶᠢᠨ ᠵᠠᠮ ᠮᠡᠲᠤ ᠪᠠᠶᠢᠵᠤ᠂ ᠡᠨᠡ ᠵᠠᠮ ᠢ ᠵᠠᠮ ᠬᠡᠵᠤ ᠬᠡᠯᠡᠬᠦ ᠳᠤ ᠴᠤ ᠠᠬᠠᠳᠠᠬᠤ ᠵᠦᠢᠯ ᠪᠠᠶᠢᠭᠰᠠᠨ᠂ ᠮᠠᠩᠬᠠᠨ ᠰᠤᠵᠠᠭ᠎ᠠ ᠪᠠᠷ ᠵᠢᠭᠠᠬᠠᠨ ᠰᠢᠪᠠᠭ ᠲᠡᠪᠢᠰᠦᠬᠡᠳ ᠮᠤᠷᠢ ᠯᠠᠭᠤᠰᠠᠨ ᠬᠠᠰᠠᠭ ᠯᠠ ᠶᠠᠪᠤᠳᠠᠭ ᠪᠠᠶᠢᠵᠤ᠂ ᠦᠬᠡᠷ᠎ᠡ ᠶᠠᠭᠠᠬᠢᠬᠤ ᠴᠤ ᠠᠷᠭ᠎ᠠ ᠦᠭᠡᠢ ᠪᠠᠶᠢᠭᠰᠠᠨ᠂ ᠬᠠᠮᠲᠤ ᠶᠢᠨ ᠬᠠᠳᠤᠯᠠᠩ ︵ᠰᠡᠪᠬᠦᠯ ᠤᠨ ᠬᠤᠯᠤᠰᠤ︶ ᠢ ᠬᠠᠳᠤᠬᠤ ᠪᠠᠷ ᠶᠠᠪᠤᠬᠤ ᠳᠤ ᠦᠭᠡᠷ᠎ᠡ ᠶᠠᠮᠠᠷ ᠴᠤ ᠵᠠᠮ ᠪᠠᠶᠢᠭ᠎ᠠ ᠦᠭᠡᠢ ᠪᠤᠯᠬᠤᠷ ᠮᠠᠨ ᠤ ᠴᠠᠭᠠᠨ ᠬᠦᠳᠡᠭᠡ ᠶᠢᠨ ᠬᠡᠳᠦᠨ ᠠᠶᠢᠯ ᠬᠠᠮᠲᠤᠷᠠᠵᠤ ᠡᠨᠡ ᠡᠯᠡᠰᠦᠨ ᠴᠤᠭᠤᠷᠬᠠᠢ ᠳᠤ ᠨᠡᠪᠲᠡᠷᠡᠬᠦ ᠠᠩᠬᠠᠨ ᠤ ᠵᠠᠮ ᠤᠨ ᠰᠢᠪᠠᠭ ᠲᠡᠪᠢᠰᠴᠤ ᠪᠢᠯᠡ᠃ ᠲᠡᠭᠡᠭᠡᠳ ᠯᠠ ᠲᠠᠨᠤᠰ ᠤᠨ ᠤᠴᠢᠭᠰᠠᠨ ᠲᠡᠷᠡ ᠰᠢᠨᠳᠡᠨ ᠮᠤᠳᠤᠨ ᠤ ᠨᠡᠯᠢᠶᠡᠳ ᠬᠤᠶᠢᠭᠤᠷ ᠨᠢᠬᠡ ᠵᠠᠮ ᠰᠢᠤᠬᠠᠨ ᠶᠠᠭᠤᠮ᠎ᠠ ᠭᠠᠷᠴᠤ᠂ ᠰᠡᠬᠦᠯ ᠳᠤᠨᠢ ᠲᠡᠷᠡ ᠵᠠᠮ ᠢᠶᠠᠷ ᠮᠤᠳᠤᠨ ᠰᠤᠶᠤᠭ᠎ᠠ᠂ ᠲᠤᠷᠯᠤᠭ ᠤᠨ ᠰᠤᠶᠤᠭ᠎ᠠ ᠲᠠᠳᠠᠨ ᠨᠠᠭᠠᠰᠢ ᠴᠠᠭᠠᠰᠢ ᠶᠠᠪᠤᠵᠤ ᠪᠠᠶᠢᠭᠠᠳ ᠡᠨᠡ ᠨᠤᠲᠤᠭ ᠮᠠᠨᠢ ᠴᠤ ᠠᠭᠠᠵᠢᠮ ᠠᠭᠠᠵᠢᠮ ᠢᠶᠠᠷ ᠨᠤᠭᠤᠭᠠᠨ ᠦᠡᠭᠬᠡ ᠪᠠᠷ ᠪᠦᠷᠬᠦᠭᠳᠡᠨ᠂ ᠲᠡᠷᠡ ᠵᠠᠮ ᠴᠤ ᠵᠢᠯ ᠠᠴᠠ ᠪᠠᠨ ᠵᠢᠯ ᠰᠠᠶᠢᠵᠢᠷᠠᠵᠤ ᠤᠳᠤ ᠪᠤᠯᠬᠤ ᠳᠤ ᠶᠠᠭ ᠦᠨᠡᠨ ᠬᠦ ᠮᠤᠳᠤᠲᠤ ᠨᠤᠲᠤᠭ ᠪᠤᠯᠵᠤ ᠬᠤᠪᠢᠷᠠᠯ᠎ᠠ︾ ᠬᠡᠮᠡᠨ ᠤᠷᠠᠩᠭᠤᠸ᠎ᠠ ᠶᠠᠷᠢᠵᠤ ᠪᠠᠶᠢᠯ᠎ᠠ᠃     ᠦᠨᠡᠬᠡᠷᠡᠨ ᠴᠤ ᠭᠠᠭᠴᠠ ᠮᠤᠳᠤ ᠲᠠᠢ ᠪᠠᠶᠢᠭᠰᠠᠨ ᠴᠠᠭᠠᠨ ᠬᠦᠳᠡᠭᠡ ᠤᠳᠤ ᠪᠤᠯᠬᠤ ᠳᠤ ᠭᠠᠶᠢᠬᠠᠮᠰᠢᠭᠲᠤ ᠨᠤᠭᠤᠭᠠᠨ ᠲᠤᠤᠯᠢᠰ ᠲᠠᠢ ᠪᠤᠯᠵᠤ ᠭᠠᠯᠪᠠ ᠳᠤ ᠮᠦᠡᠭᠬᠡᠷᠡᠬᠦ ᠨᠢ ᠦᠨᠡᠡ ᠪᠤᠯᠵᠤᠬᠤᠢ᠃  
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号