ᠬᠦᠮᠦᠰ ᠦᠪᠡᠷ ᠦᠪᠡᠷ ᠤᠨ ᠬᠡᠯᠪᠡᠷᠢ ᠮᠠᠶ᠋ᠢᠭ ᠢᠶᠠᠷ ᠢᠶᠠᠨ ᠬᠠᠭᠤᠴᠢᠨ ᠵᠢᠯ ᠢᠶᠠᠨ ᠤᠳᠬ᠎ᠠ ᠲᠡᠬᠦᠯᠳᠡᠷ | ᠦᠳᠡᠵᠤ ᠰᠢᠨ᠎ᠡ ᠤᠨ ᠢᠶᠠᠨ ᠡᠷᠡᠮᠡᠯᠵᠡᠯ ᠬᠦᠰᠡᠯ ᠲᠠᠢ ᠤᠭᠳᠤᠳᠠᠭ᠃ ᠮᠠᠨ ᠤ ᠬᠤᠰᠢᠭᠤᠨ ᠤ ᠲᠤᠳᠤᠭᠠᠳᠤ ᠶᠢ | ᠬᠠᠮᠠᠭᠠᠯᠠᠬᠤ ᠲᠤᠪᠴᠢᠶ᠎ᠠ ᠶᠢᠨ ᠰᠦᠯᠳᠡ ᠰᠤᠮᠤᠨ ᠤ ᠲᠤᠮᠢᠯᠠᠭᠰᠠᠨ ᠰᠠᠯᠪᠤᠷᠢ ᠶᠢᠨ ᠴᠠᠭᠳᠠᠭ᠎ᠠ ᠨᠡᠷ ᠴᠤ ᠡᠨᠡᠬᠦ ᠴᠠᠭ | ᠮᠦᠴᠡ ᠶᠢ ᠲᠤᠬᠢᠶᠠᠯᠳᠤᠭᠤᠯᠤᠨ ᠦᠪᠡᠷ ᠤᠨ ᠤᠨᠴᠠᠭᠠᠢ ᠰᠡᠳᠬᠢᠯ ᠤᠨ ᠪᠡᠯᠡᠭ ᠢᠶᠠᠷ ᠢᠶᠠᠨ ᠬᠡᠷ ᠤᠨ ᠬᠦᠮᠦᠰ ᠢᠶᠠᠨ | ᠪᠤᠯᠭᠤᠭᠠᠨ ᠲᠤᠬᠤᠨᠢᠭᠤᠯᠵᠤ ᠲᠡᠳᠡᠨ ᠳᠤ ᠬᠠᠶᠢᠷ᠎ᠠ ᠬᠦᠨᠳᠦᠳᠬᠡᠯ ᠢᠶᠠᠨ ᠲᠠᠪᠰᠢᠬᠦᠯᠦᠯᠡ᠃ | ᠦᠷᠯᠦᠬᠡ ᠡᠷᠳᠡ ᠰᠦᠯᠳᠡ ᠰᠤᠮᠤᠨ ᠤ ᠲᠤᠮᠢᠯᠠᠭᠰᠠᠨ ᠰᠠᠯᠪᠤᠷᠢ ᠶᠢᠨ ᠬᠡᠰᠡᠭ ᠴᠠᠭᠳᠠᠭ᠎ᠠ ᠭᠠᠯᠠᠭᠤᠲᠤ ᠤ ᠷᠧᠨ | ᠽᠧ ᠵᠢᠶᠠ ᠶᠤᠸᠠᠨ ᠰᠠᠭᠤᠭᠠᠯᠢ ᠠᠷᠠᠳ ᠤᠨ ᠲᠤᠭᠤᠷᠢᠭ ᠲᠤ ᠰᠠᠭᠤᠵᠤ ᠪᠠᠶᠢᠭ᠎ᠠ ᠪᠠᠭᠠᠷᠠᠢ ᠨᠡᠰᠤᠳᠠᠨ ᠢ ᠡᠷᠬᠢᠨ | ᠦᠵᠡᠵᠤ ᠪᠤᠯᠭᠤᠭᠠᠨ ᠲᠤᠬᠤᠨᠢᠭᠤᠯᠬᠤ ᠪᠠᠷ ᠢᠷᠡᠯ᠎ᠡ᠃ ᠪᠠᠭᠠᠷᠠᠢ ᠨᠠᠰᠤᠳᠠᠨ ᠤ ᠬᠡᠷ ᠲᠤ ᠴᠠᠭᠳᠠᠭ᠎ᠠ ᠨᠡᠷ ᠴᠡᠩᠬᠡᠷ | ᠬᠦᠬᠡ ᠬᠠᠳᠠᠭ ᠢᠶᠠᠨ ᠲᠡᠪᠰᠢᠬᠦᠯᠵᠤ ᠴᠡᠷᠢᠭ ᠤᠨ ᠶᠤᠰᠤ ᠪᠠᠷ ᠬᠢᠴᠢᠶᠡᠩᠬᠦᠶᠢᠯᠡᠨ ᠶᠤᠰᠤᠯᠠᠵᠤ ᠬᠠᠶᠢᠷ᠎ᠠ ᠬᠦᠨᠳᠦᠳᠬᠡᠯ | ᠢᠶᠠᠨ ᠲᠡᠪᠰᠢᠬᠦᠯᠬᠦ ᠶᠢᠨ ᠬᠠᠮᠳᠤ ᠰᠠᠯᠪᠤᠷᠢ ᠶᠢᠨ ᠪᠦᠬᠦ ᠴᠠᠭᠳᠠᠭᠠᠨ ᠤ ᠰᠡᠳᠬᠢᠯ ᠰᠢᠩᠬᠡᠭᠰᠡᠨ ᠲᠤᠬᠤᠨᠢᠭᠤᠯᠭ᠎ᠠ ᠶᠢᠨ | ᠮᠦᠩᠬᠦ ᠶᠢ ᠨᠠᠰᠤᠳᠠᠨ ᠳᠤ ᠭᠠᠷᠳᠠᠭᠤᠯᠵᠤ ᠨᠠᠰᠤᠳᠠᠨ ᠤ ᠡᠳᠦᠷ ᠲᠤᠳᠤᠮ ᠤᠨ ᠬᠦᠴᠢᠷᠳᠡᠯ ᠰᠠᠨᠠᠭᠠᠰᠢᠷᠠᠯ ᠢ ᠠᠰᠠᠭᠤᠨ | ᠯᠠᠪᠯᠠᠵᠤ ᠠᠭᠤᠵᠢᠷᠠᠳᠠᠯ᠎ᠠ ᠶᠠᠷᠢᠯᠴᠠᠯ᠎ᠠ᠃ ᠪᠠᠭᠠᠷᠠᠢ ᠨᠠᠰᠤᠳᠠᠨ ᠦᠨᠦ ᠵᠢᠯ 63 ᠨᠠᠰᠤᠳᠠᠢ᠃ ᠠᠷᠪᠠᠨ ᠵᠢᠷᠭᠤᠭᠠᠨ ᠵᠢᠯ | ᠤᠨ ᠡᠮᠦᠨ᠎ᠡ ᠰᠠ ᠡᠪᠡᠳᠴᠢᠨ ᠳᠤ ᠲᠠᠭᠠᠷᠢᠭᠳᠠᠵᠤ ᠬᠦᠳᠡᠯᠵᠤ ᠪᠠᠷᠢᠬᠤ ᠳᠤ ᠲᠦᠬᠦᠮ ᠦᠬᠡᠢ ᠪᠤᠯᠤᠭᠰᠠᠨ ᠴᠦ | ᠬᠡᠥᠬᠡᠳ ᠤᠨ ᠢᠶᠠᠨ ᠠᠵᠢᠯ ᠳᠤ ᠲᠠᠷᠤᠭᠠᠰᠤ ᠪᠤᠯᠬᠤ ᠦᠬᠡᠢ ᠶᠢ ᠬᠢᠴᠢᠶᠠᠵᠤ ᠦᠪᠡᠷ ᠤᠨ ᠪᠡᠶ᠎ᠡ ᠪᠠᠨ ᠦᠪᠡᠷᠳᠡᠬᠡᠨ | ᠬᠠᠷᠠᠭᠠᠯᠵᠠᠬᠤ ᠪᠠᠷ ᠴᠢᠷᠮᠠᠶᠢᠭᠰᠠᠭᠠᠷ ᠪᠤᠢ᠃ ᠨᠠᠰᠤᠳᠠᠨ ᠤ ᠬᠡᠥᠬᠡᠨ ᠨᠠᠷᠠᠨᠳᠤᠶᠠᠭ᠎ᠠ ᠪᠤᠯ ᠰᠦᠯᠳᠡ ᠰᠤᠮᠤᠨ ᠤ | ᠲᠤᠮᠢᠯᠠᠭᠰᠠᠨ ᠰᠠᠯᠪᠤᠷᠢ ᠶᠢᠨ ᠴᠠᠭᠳᠠᠭ᠎ᠠ ᠶᠤᠮ᠃ | ᠬᠤᠰᠢᠭᠤ ᠮᠤᠩᠭᠤᠯ ᠦᠨᠳᠦᠰᠦᠳᠡᠨ ᠤ ᠬᠡᠥᠬᠡᠳ ᠤᠨ ᠴᠡᠴᠡᠷᠯᠢᠭ ᠲᠤ ᠪᠤᠶᠠᠨᠳᠠᠯᠠᠢ ᠶᠢᠨ ᠪᠦᠰᠡᠬᠦᠢ | ᠪᠠᠭᠰᠢᠯᠠᠵᠤ ᠪᠠᠶᠢᠳᠠᠭ᠃ ᠡᠨᠡᠬᠦ ᠤᠨᠴᠠᠭᠠᠢ ᠡᠳᠦᠷ ᠢ ᠲᠤᠬᠢᠶᠠᠯᠳᠤᠭᠤᠯᠤᠨ ᠪᠤᠶᠠᠨᠳᠠᠯᠠᠢ ᠲᠤᠰᠬᠠᠶᠢᠯᠠᠨ ᠰᠤᠷᠭᠤᠭ | ᠴᠡᠴᠡᠭ ᠢᠶᠠᠷ ᠪᠦᠰᠡᠬᠦᠢ ᠳᠡᠭᠡᠨ ᠲᠠᠯᠠᠷᠬᠠᠯ ᠤᠨ ᠰᠡᠳᠬᠢᠯᠬᠡ ᠪᠠᠨ ᠲᠠᠪᠰᠢᠬᠦᠯᠬᠦ ᠪᠠᠷ ᠢᠷᠡᠯ᠎ᠠ᠃ ᠰᠤᠷᠤᠭᠴᠢᠳ ᠲᠠᠭᠠᠨ | ᠰᠢᠯᠦᠭ ᠵᠢᠭᠠᠵᠤ ᠪᠠᠶᠢᠭᠰᠠᠨ ᠪᠤᠯᠤᠷ ᠪᠠᠭᠰᠢ ᠴᠡᠴᠡᠭ ᠪᠠᠷᠢᠵᠤ ᠤᠷᠤᠵᠤ ᠢᠷᠡᠭᠰᠡᠨ ᠨᠦᠬᠦᠷ ᠤᠨ ᠢᠶᠠᠨ ᠬᠦᠳᠡᠯᠤᠯ ᠳᠤ | ᠲᠤᠭᠳᠤᠯᠤᠭᠰᠠᠨ ᠪᠤᠯ ᠠᠳᠡ ᠪᠠᠶᠢᠭᠰᠠᠨ ᠪᠢᠴᠢᠬᠠᠨ ᠨᠦᠬᠦᠳ ᠴᠠᠭᠳᠠᠭ᠎ᠠ ᠠᠪᠠᠭ᠎ᠠ ᠨᠠᠷ ᠤᠨ ᠬᠦᠷᠬᠡᠵᠤ ᠢᠷᠡᠭᠰᠡᠨ | ᠪᠡᠯᠡᠭ ᠢ ᠲᠤᠰᠤᠭᠠᠳ ᠬᠠᠷᠢᠯᠴᠠᠨ ᠪᠠᠶᠠᠷᠯᠠᠵᠤ ᠲᠠᠯᠠᠷᠬᠠᠭᠰᠠᠨ ᠰᠡᠳᠬᠢᠯᠬᠡ ᠪᠠᠨ ᠢᠯᠡᠳᠬᠡᠯᠠ᠃ | ᠬᠤᠰᠢᠭᠤ ᠮᠤᠩᠭᠤᠯ ᠦᠨᠳᠦᠰᠦᠳᠡᠨ ᠤ ᠬᠡᠥᠬᠡᠳ ᠤᠨ ᠴᠡᠴᠡᠷᠯᠢᠭ ᠪᠤᠯᠤᠷ᠄ ︽ᠦᠨᠦᠳᠦᠷ ᠡᠶᠢᠮᠦ ᠨᠢᠬᠡ | ᠰᠠᠶᠢᠬᠠᠨ ᠴᠡᠴᠡᠭ ᠤᠯᠤᠨ᠎ᠠ ᠬᠡᠵᠤ ᠶᠠᠭ ᠰᠠᠨᠠᠭᠠᠨ ᠳᠤ ᠪᠠᠶᠢᠭᠰᠠᠨ ᠦᠬᠡᠢ᠃ ᠲᠡᠬᠡᠪᠡᠯ ᠮᠠᠨ ᠤ ᠨᠦᠬᠦᠷ ᠦᠨᠳᠦᠰᠦᠨ | ᠱᠠᠳᠤᠨ ᠳᠤ ᠠᠵᠢᠯᠯᠠᠵᠤ ᠪᠠᠶᠢᠭ᠎ᠠ ᠪᠤᠯᠬᠤᠷ ᠠᠵᠢᠯ ᠶᠠᠭᠠᠷᠠᠤ ᠨᠠᠰᠢ ᠴᠠᠰᠢ ᠶᠠᠪᠤᠵᠤ ᠠᠮᠵᠢᠬᠤ ᠦᠬᠡᠢ᠂ᠢᠩᠬᠢᠬᠡᠳ ᠮᠢᠨᠤ | ᠠᠵᠢᠯ ᠪᠠᠰᠠ ᠶᠠᠭᠠᠷᠠᠯᠳᠠᠢ ᠬᠠᠳᠠᠭᠤᠵᠢᠯᠳᠠᠢ ᠠᠵᠢᠯ᠃ ᠦᠨᠦᠳᠦᠷ ᠡᠶᠢᠮᠦ ᠨᠢᠬᠡ ᠴᠡᠴᠡᠭ ᠬᠦᠷᠬᠡᠬᠡᠳ ᠮᠠᠨᠤᠰ ᠢ | ᠬᠠᠶᠢᠷᠠᠯᠠᠵᠤ ᠬᠦᠨᠳᠦᠯᠠᠵᠤ ᠪᠠᠶᠢᠭ᠎ᠠ ᠪᠠᠨ ᠢᠯᠡᠳᠬᠡᠭᠰᠡᠨ ᠳᠤ ᠲᠤᠩ ᠪᠠᠶᠠᠷᠯᠠᠵᠤ ᠪᠠᠶᠢᠨ᠎ᠠ᠂ ᠦᠨᠦᠳᠦᠷ ᠤᠨ | ᠤᠯᠤᠭᠰᠠᠨ ᠬᠠᠮᠤᠭ ᠤᠨ ᠰᠠᠶᠢᠬᠠᠨ ᠪᠡᠯᠡᠭ︾ ᠭᠡᠵᠤ ᠪᠠᠶᠠᠷᠯᠠᠨ ᠶᠠᠷᠢᠯ᠎ᠠ᠃ | ᠭᠤᠤ ᠪᠦᠸᠧ ᠪᠤᠯ ᠰᠦᠯᠳᠡ ᠰᠤᠮᠤᠨ ᠤ ᠲᠤᠮᠢᠯᠠᠭᠰᠠᠨ ᠰᠠᠯᠪᠤᠷᠢ ᠶᠢᠨ ᠴᠠᠭᠳᠠᠭ᠎ᠠ ᠶᠤᠮ᠃ ᠤᠷᠴᠢᠮᠬᠠᠨ | ᠨᠢᠯᠬ᠎ᠠ ᠬᠡᠥᠬᠡᠳ ᠨᠢ ᠲᠠᠭᠰᠢᠭᠤᠷ ᠲᠤ ᠨᠡᠷᠪᠡᠭᠳᠡᠵᠤ ᠬᠦᠨᠳᠦᠷᠡᠭᠰᠡᠨ ᠢᠶᠠᠷ ᠡᠮᠨᠡᠯᠬᠡ ᠳᠤ ᠤᠷᠤᠭᠰᠠᠨ ᠴᠦ ᠭᠤᠤ | ᠪᠦᠸᠧ ᠦᠪᠡᠷ ᠢᠶᠠᠨ ᠠᠰᠠᠷᠠᠨ ᠬᠠᠷᠠᠭᠠᠯᠵᠠᠵᠤ ᠠᠮᠵᠢᠬᠤ ᠦᠬᠡᠢ ᠪᠠᠶᠢᠯ᠎ᠠ᠃ ᠦᠨᠦᠳᠦᠷ ᠬᠠᠮᠳᠤ ᠠᠵᠢᠯᠳᠠᠨ ᠨᠡᠷ ᠨᠢ | ᠨᠢᠯᠬ᠎ᠠ ᠬᠡᠥᠬᠡᠳ ᠢ ᠨᠢ ᠡᠷᠬᠢᠨ ᠦᠵᠡᠵᠤ ᠲᠤᠬᠤᠨᠢᠭᠤᠯᠭ᠎ᠠ ᠶᠢᠨ ᠮᠦᠩᠬᠦ ᠭᠠᠷᠳᠠᠭᠤᠯᠵᠤ ᠪᠦᠰᠡᠬᠦᠢ ᠳᠤᠨᠢ ᠴᠡᠷᠢᠭ | ᠤᠨ ᠶᠤᠰᠤ ᠪᠠᠷ ᠲᠠᠯᠠᠷᠬᠠᠯ ᠲᠠᠪᠰᠢᠬᠦᠯᠵᠤ ᠵᠦᠳᠡᠷᠡᠭᠰᠡᠨ ᠰᠡᠳᠬᠢᠯ ᠳᠤᠨᠢ ᠲᠠᠶᠢᠳᠬᠤᠷᠠᠭᠤᠯᠤᠯ ᠪᠤᠯᠭᠠᠯ᠎ᠠ᠃ | ᠰᠦᠯᠳᠡ ᠰᠤᠮᠤᠨ ᠤ ᠲᠤᠮᠢᠯᠠᠭᠰᠠᠨ ᠰᠠᠯᠪᠤᠷᠢ 14 ᠴᠠᠭᠳᠠᠭ᠎ᠠ ᠲᠠᠢ᠃ ᠬᠠᠷᠢᠶ᠎ᠠ ᠲᠤᠭᠤᠷᠢᠭ ᠤᠨ 13000 | ᠭᠠᠷᠤᠢ ᠬᠦᠮᠦᠨ ᠳᠤ ᠦᠢᠯᠡᠴᠢᠯᠡᠭᠡ ᠬᠦᠷᠳᠡᠬᠡᠵᠤ ᠪᠠᠶᠢᠳᠠᠭ᠃ ᠶᠠᠷᠤ ᠨᠢ ᠴᠠᠭᠳᠠᠭᠠᠨ ᠤ ᠠᠵᠢᠯ ᠬᠡᠭᠴᠢ ᠶᠠᠭᠠᠷᠠᠤ ᠶᠢᠨ | ᠲᠡᠬᠡᠷ᠎ᠡ ᠴᠠᠭ ᠤᠨ ᠬᠤᠪᠢᠶᠠᠷᠢ ᠪᠠᠶᠢᠳᠠᠭ ᠦᠬᠡᠢ ᠪᠤᠯ ᠦᠨᠳᠦᠰᠦᠨ ᠱᠠᠳᠤᠨ ᠤ ᠲᠤᠮᠢᠯᠠᠭᠰᠠᠨ ᠰᠠᠯᠪᠤᠷᠢ ᠶᠢᠨ ᠠᠵᠢᠯ | ᠨᠡᠩ ᠴᠦ ᠬᠡᠯᠡᠬᠦ ᠶᠠᠭᠤᠨ᠃ ᠪᠤᠶᠠᠨᠳᠠᠯᠠᠢ ᠭᠤᠸᠠᠢ ᠡᠨᠡᠬᠦ ᠪᠠᠶᠢᠳᠠᠯ ᠢ ᠦᠨᠳᠦᠰᠤᠯᠠᠵᠤ ᠰᠢᠨ᠎ᠡ ᠤᠨ ᠢᠶᠠᠨ ᠤᠭᠳᠤᠬᠤ | ᠪᠤᠱᠤᠭᠠᠨ ᠲᠡᠬᠡᠷ᠎ᠡ ᠲᠤᠮᠢᠯᠠᠭᠰᠠᠨ ᠰᠠᠯᠪᠤᠷᠢ ᠶᠢᠨ ᠪᠦᠬᠦ ᠴᠠᠭᠳᠠᠭᠠᠨ ᠤ ᠬᠡᠷ ᠤᠨ ᠬᠦᠮᠦᠰ ᠢ ᠬᠠᠮᠳᠤᠪᠡᠷ ᠢᠶᠠᠨ ᠡᠷᠬᠢᠨ | ᠦᠵᠡᠵᠤ ᠪᠤᠯᠭᠤᠭᠠᠨ ᠲᠤᠬᠤᠨᠢᠭᠤᠯᠵᠤ ᠲᠡᠳᠡᠨ ᠳᠤ ᠴᠡᠷᠢᠭ ᠤᠨ ᠶᠤᠰᠤ ᠪᠠᠷ ᠬᠦᠨᠳᠦᠳᠬᠡᠯ ᠲᠠᠪᠰᠢᠬᠦᠯᠬᠦ ᠤᠳᠬ᠎ᠠ | ᠠᠭᠤᠯᠭᠠᠳᠤ ᠠᠵᠢᠯ ᠢ ᠰᠠᠨᠠᠭᠠᠴᠢᠯᠠᠵᠠᠢ᠃ | ᠡᠨᠡᠬᠦ ᠤᠨᠴᠠᠭᠠᠢ ᠨᠢᠬᠡ ᠡᠳᠦᠷ ᠤᠨ ᠴᠠᠭ ᠢ ᠠᠰᠢᠭᠯᠠᠵᠤ ᠲᠡᠳᠡ ᠰᠠᠯᠪᠤᠷᠢ ᠶᠢᠨ ᠢᠶᠠᠨ ᠪᠦᠬᠦ ᠴᠠᠭᠳᠠᠭᠠᠨ ᠤ | ᠬᠡᠷ ᠤᠨ ᠬᠦᠮᠦᠰ ᠢ ᠡᠷᠬᠢᠨ ᠦᠵᠡᠵᠤ ᠴᠡᠷᠢᠭ ᠤᠨ ᠶᠤᠰᠤ ᠪᠠᠷ ᠬᠦᠨᠳᠦᠳᠬᠡᠯ ᠲᠡᠪᠰᠢᠬᠦᠯᠵᠤ ᠪᠤᠯᠭᠤᠭᠠᠨ | ᠲᠤᠬᠤᠨᠢᠭᠤᠯᠵᠠᠢ᠃ |