ᠲᠣᠳᠣᠷᠭᠠᠠ ᠲᠠᠷᠢᠶᠠᠠ ᠤ ᠰᠢᠨ᠎ᠡ ᠵᠠᠬᠪᠣᠷ
ᠨᠡᠶᠢᠲᠡᠯᠡᠭᠰᠡᠨ ᠴᠠᠭ᠄
2020/10/16
                       ᠲᠣᠳᠣᠷᠭᠠᠠ ᠲᠠᠷᠢᠶᠠᠠ ᠤ ᠰᠢᠨ᠎ᠡ ᠵᠠᠬᠪᠣᠷ                                            — ᠴᠢᠨᠡᠭᠡᠯᠢᠭᠵᠢᠯ ᠤᠨ ᠬᠥᠳᠥᠴᠢ     ᠥᠣᠰᠢᠨ ᠬᠤᠰᠢᠭᠤᠠ ᠤ ᠰᠢᠷᠬᠤᠰᠣᠠ ᠪᠠᠯᠭᠠᠰᠣ ᠶᠢᠨ ᠣᠳᠠ ᠶᠢᠨ ᠭᠤᠣᠯ ᠲᠣᠰᠬᠤᠠ ᠤ ︽ᠲᠣᠳᠣᠷᠭ᠎ᠠ ᠨᠣᠭᠤᠰᠣ ᠬᠠᠮᠳᠣ ᠠᠮᠢᠳᠣᠷᠠᠬᠤ︾ ᠲᠡᠵᠢᠬᠡᠡ ᠥᠷᠡᠵᠢᠭᠦᠯᠬᠦ ᠰᠢᠨ᠎ᠡ ᠵᠠᠭᠪᠣᠷ ᠨᠢ ᠨᠢᠭᠡ ᠲᠠᠷᠢᠶᠠᠠ ᠭᠠᠵᠠᠷ ᠠᠴᠠ ᠬᠤᠣᠰ ᠬᠤᠷᠢᠶᠠᠯᠳᠠ ᠣᠯᠵᠣ᠂ ᠣᠯᠠᠠ ᠢ ᠪᠠᠶᠠᠵᠢᠯ ᠤᠨ ᠬᠠᠷᠭᠤᠢ ᠣᠷᠣᠭᠤ ᠬᠥᠳᠥᠯᠥᠭᠰᠡᠡ ᠪᠠᠶᠢᠨ᠎ᠠ᠃     ᠪᠢᠳᠠᠠ ᠢ ᠲᠣᠳᠣᠷᠭᠠᠠ ᠲᠠᠷᠢᠶᠠᠠ ᠳᠤ ᠬᠥᠷᠬᠦ ᠳᠤ ᠲᠣᠳᠣᠷᠭ᠎ᠠ ᠶᠢᠨ ᠲᠠᠷᠢᠶᠠᠠ ᠠᠴᠠ ᠠᠯᠠᠭ ᠨᠣᠭᠤᠰᠣ ᠵᠥᠭ ᠪᠦᠷᠢ ᠠᠴᠠ ᠰᠢᠬᠠᠯᠳᠤᠨ ᠭᠠᠷᠴᠥ ᠢᠷᠡᠭᠡᠳ ᠡᠷᠬᠢ ᠣᠷᠣᠭᠤ ᠵᠢᠭᠦᠷ ᠢᠶᠠᠨ ᠲᠡᠷᠪᠡᠯᠵᠢᠭᠦᠯᠦᠨ ᠭᠦᠶᠦᠵᠤ ᠲᠠᠰᠣᠷᠠᠯᠳᠠ ᠥᠭᠡᠢ ᠭᠤᠷ ᠭᠤᠷ ᠭᠡᠰᠡᠡ ᠲᠠᠭᠤᠠ ᠭᠠᠷᠴᠥ ᠪᠠᠶᠢᠯ᠎ᠠ᠃ ᠨᠣᠭᠤᠰᠣ ᠪᠣᠯ ᠬᠤᠯᠢᠮᠠᠬ ᠢᠳᠡᠰᠢ ᠲᠠᠢ ᠠᠮᠢᠳᠠᠠ᠂ ᠡᠶᠢᠮᠥ ᠠᠴᠠ ᠲᠣᠳᠣᠷᠭᠠᠠ ᠲᠠᠷᠢᠶᠠᠠ ᠤ ᠵᠡᠷᠯᠢᠭ ᠡᠪᠡᠰᠥ ᠪᠣᠯᠣᠠ ᠬᠤᠷᠣᠬᠠᠢ ᠶᠢ ᠢᠳᠡᠵᠥ ᠪᠣᠯᠬᠤ ᠲᠣᠯᠠ ᠡᠪᠡᠰᠥ ᠠᠷᠢᠯᠭᠠᠭᠴᠢ ᠡᠮ ᠢ ᠭᠡᠷᠡᠭᠯᠡᠬᠦ ᠬᠡᠷᠡᠭ ᠥᠭᠡᠢ ᠮᠥᠷᠳᠡᠭᠡᠡ ᠲᠠᠷᠢᠶᠠᠯᠠᠩ ᠤᠨ ᠣᠯᠠᠠ ᠪᠣᠬᠢᠷᠳᠣᠯ ᠢ ᠪᠥᠳᠥᠮᠵᠢᠳᠡᠢ ᠰᠡᠷᠭᠡᠶᠢᠯᠡᠬᠦ ᠴᠢᠳᠠᠯ ᠲᠠᠢ᠃ ᠥᠣᠰᠢᠨ ᠬᠤᠰᠢᠭᠤᠠ ᠤ ᠣᠳᠠ ᠶᠢᠨ ᠭᠤᠣᠯ ᠤᠨ ᠲᠠᠷᠢᠶᠠᠯᠠᠩ ᠮᠠᠯ ᠠᠵᠣ ᠠᠬᠤᠢ ᠶᠢᠨ ᠨᠡᠭᠡᠭᠡᠯᠳᠡ ᠶᠢᠨ ᠬᠢᠵᠠᠭᠠᠷᠳᠣ ᠺᠣᠮᠫᠠᠨᠢ ᠶᠢᠨ ᠶᠡᠷᠥᠩᠭᠡᠢ ᠲᠠᠭᠠᠭᠠᠮᠠᠯ ᠯᠢᠶᠠᠩ ᠰᠢᠶᠣᠣ ᠫᠢᠡᠭ ᠲᠠᠨᠢᠯᠴᠠᠭᠤᠯᠬᠤ ᠳᠠᠭᠠᠨ᠄ ᠨᠣᠭᠤᠰᠣ ᠲᠠᠷᠢᠶᠠᠠ ᠤ ᠲᠣᠮᠳᠠ ᠬᠥᠳᠡᠯᠭᠡᠭᠡᠡ ᠬᠢᠪᠡᠯ ᠲᠣᠳᠣᠷᠭ᠎ᠠ ᠶᠢᠨ ᠴᠢᠬᠢ ᠶᠢᠨ ᠥᠰᠥᠯᠳᠡ ᠳᠤ ᠠᠰᠢᠬᠳᠠᠢ ᠰᠡᠳᠡᠯᠳᠡ ᠥᠭᠬᠦᠨ᠎ᠡ᠃ ᠨᠣᠭᠤᠰᠣᠠ ᠤ ᠢᠯᠭᠠᠳᠠᠰᠣ ᠪᠠᠷ ᠣᠷᠭᠠᠨᠢᠬ ᠪᠣᠷᠳᠣᠭᠤᠷ ᠪᠣᠯᠭᠠᠵᠣ ᠪᠣᠯᠣᠨ᠎ᠠ ᠭᠡᠵᠥ ᠪᠠᠶᠢᠪᠠ᠃ ᠯᠢᠶᠠᠩ ᠰᠢᠶᠣᠣ ᠫᠢᠡᠭ ᠣᠣᠯ ᠨᠢ ᠣᠳᠠ ᠶᠢᠨ ᠭᠤᠣᠯ ᠲᠣᠰᠬᠤᠠ ᠤ ᠲᠠᠷᠢᠶᠠᠴᠢᠨ ᠪᠠᠶᠢᠵᠣ᠂ 2012 ᠣᠠ ᠠᠴᠠ ᠡᠬᠢᠯᠡᠡ ᠭᠤᠣᠯ ᠤᠨ ᠣᠰᠣᠠ ᠤ ᠡᠬᠢ ᠪᠠᠶᠠᠯᠢᠬ ᠤᠨ ᠲᠠᠪᠠᠭᠤᠯᠢᠬ ᠢ ᠠᠰᠢᠬᠯᠠᠠ᠂ ᠲᠣᠰᠬᠤᠠ ᠤ 1000 ᠭᠠᠷᠣᠢ ᠮᠥ ᠠᠳᠠᠷ ᠭᠠᠵᠠᠷ ᠢ ᠲᠠᠭᠠᠭᠠᠴᠢᠯᠠᠵᠣ᠂ ᠣᠷᠭᠠᠨᠢᠬ ᠣᠰᠣᠠ ᠲᠣᠳᠣᠷᠭ᠎ᠠ ᠲᠠᠷᠢᠬᠤ ᠠᠵᠢᠯ ᠢ ᠬᠢᠭᠰᠡᠡ ᠪᠠᠶᠢᠨ᠎ᠠ᠃ ᠣᠷᠭᠠᠨᠢᠬ ᠣᠰᠣᠠ ᠲᠣᠳᠣᠷᠭ᠎ᠠ ᠶᠢᠨ ᠶᠠᠰᠣ ᠴᠢᠨᠠᠷ ᠪᠠ ᠣᠨᠠᠯᠳᠠ ᠶᠢ ᠬᠡᠷᠬᠢᠨ ᠲᠡᠭᠡᠭᠰᠢᠯᠡᠭᠦᠯᠬᠦ ᠪᠣᠢ︖ ᠭᠡᠬᠦ ᠠᠰᠠᠭᠤᠳᠠᠯ ᠯᠢᠶᠠᠩ ᠰᠢᠶᠣᠣ ᠫᠢᠡᠭ ᠤᠨ ᠨᠢᠳᠥᠨ ᠡᠮᠥᠨ᠎ᠡ ᠲᠣᠯᠭᠠᠷᠠᠵᠣ᠂ ᠲᠥᠷᠥᠭᠦᠥ ᠬᠡᠳᠥᠨ ᠵᠢᠯ ᠣᠰᠣᠠ ᠲᠣᠳᠣᠷᠭ᠎ᠠ ᠶᠢᠨ ᠲᠠᠷᠢᠶᠠᠠ ᠳᠤ ᠨᠠᠢᠮᠠᠯᠵᠢ ᠲᠡᠵᠢᠭᠡᠵᠥ ᠨᠠᠢᠮᠠᠯᠵᠢ ᠪᠠᠷ ᠬᠥᠷᠥᠰᠥ ᠶᠢ ᠰᠣᠯᠠᠷᠠᠭᠤᠯᠵᠣ᠂ ᠲᠠᠷᠢᠶᠠᠠ ᠭᠠᠵᠠᠷ ᠲᠤ ᠬᠤᠶᠠᠷ ᠬᠡᠷᠡᠭᠴᠡᠭᠡᠳᠥ ᠬᠠᠷᠢᠯᠴᠠᠠ ᠨᠥᠬᠦᠪᠥᠷᠢᠯᠡᠬᠦ ᠲᠠᠷᠢᠵᠣ ᠲᠡᠵᠢᠭᠡᠬᠦ ᠠᠷᠭ᠎ᠠ ᠮᠠᠶ᠋ᠢᠬ ᠢ ᠪᠥᠷᠢᠯᠳᠥᠭᠦᠯᠵᠡᠢ ᠃ ᠯᠢᠶᠠᠩ ᠰᠢᠶᠣᠣ ᠫᠢᠡᠭ ᠲᠣᠳᠣᠷᠭᠠᠠ ᠲᠠᠷᠢᠶᠠᠠ ᠠᠴᠠ ᠪᠠᠨ ᠲᠡᠵᠢᠭᠡᠵᠥ ᠭᠠᠷᠭᠠᠭᠰᠠᠠ ᠨᠠᠢᠮᠠᠯᠵᠢ ᠨᠢ ᠶᠠᠰᠣ ᠴᠢᠨᠠᠷ ᠪᠠᠷᠣᠭᠳᠠᠢ᠂ ᠵᠠᠬ᠎ᠠ ᠲᠡᠯᠭᠡᠭᠦᠷ ᠤᠨ ᠠᠯᠣᠰ ᠤᠨ ᠲᠥᠯᠥᠪ ᠲᠡᠶᠢᠮᠥ ᠰᠠᠶᠢᠨ ᠪᠢᠰᠢ ᠶᠢ ᠠᠭᠠᠵᠢᠮ ᠢᠶᠠᠷ ᠣᠯᠵᠣ ᠮᠡᠳᠡᠪᠡ᠃ ᠣᠷᠭᠠᠨᠢᠬ ᠣᠰᠣᠠ ᠲᠣᠳᠣᠷᠭ᠎ᠠ ᠪᠠᠷ ᠲᠣᠬᠠᠢ ᠶᠢᠨ ᠭᠠᠵᠠᠷ ᠤᠨ ᠮᠠᠯᠴᠢᠨ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠶᠢᠨ ᠲᠥᠯᠥᠭᠡ ᠲᠡᠷᠡ ᠥᠵᠡᠯᠳᠡ ᠪᠠᠨ ᠲᠠᠰᠣᠷᠠᠯᠳᠠ ᠥᠭᠡᠢ ᠰᠢᠨᠡᠳᠭᠡᠵᠥ᠂ ᠲᠠᠷᠢᠵᠣ ᠲᠡᠵᠢᠭᠡᠬᠦ ᠮᠡᠷᠭᠡᠵᠢᠯ ᠢ ᠰᠣᠳᠣᠯᠣᠠ᠂ ︽ᠲᠣᠳᠣᠷᠭ᠎ᠠ ᠶᠢᠨ ᠲᠠᠷᠢᠶᠠᠠ ᠤ ᠲᠣᠳᠣᠷ᠎ᠠ ᠨᠠᠢᠮᠠᠯᠵᠢ ᠲᠡᠵᠢᠬᠡᠬᠦ︾ ᠶᠢ ︽ᠲᠣᠳᠣᠷᠭ᠎ᠠ ᠨᠣᠭᠤᠰᠣ ᠬᠠᠮᠳᠣᠷᠠᠠ ᠠᠮᠢᠳᠣᠷᠠᠬᠤ︾ ᠪᠣᠯᠭᠠᠠ ᠬᠤᠪᠢᠷᠠᠭᠤᠯᠵᠥ᠂ 2019 ᠣᠠ ᠠᠴᠠ ᠡᠬᠢᠯᠡᠡ ᠲᠣᠷᠰᠢᠨ ᠬᠢᠭᠰᠡᠡ ᠪᠠᠶᠢᠨ᠎ᠠ᠃     ᠠᠩᠬᠠᠠ ᠳᠠᠭᠠᠨ ᠲᠡᠷᠡ ᠲᠣᠳᠣᠷᠭᠠᠠ ᠲᠠᠷᠢᠶᠠᠠ ᠳᠠᠭᠠᠨ 500 ᠨᠣᠭᠤᠰᠣ ᠣᠷᠣᠭᠤᠯᠣᠠ ᠠᠪᠴᠢᠷᠠᠵᠣ᠂ ᠨᠢᠭᠡ ᠵᠢᠯ ᠲᠣᠷᠰᠢᠨ ᠬᠢᠭᠦ ᠪᠠᠷ ᠲᠠᠮᠵᠢᠭᠠᠳ ᠲᠣᠳᠣᠷᠭ᠎ᠠ ᠶᠢᠨ ᠮᠥ ᠪᠥᠷᠢ ᠶᠢᠨ ᠣᠨᠠᠯᠳᠠ ᠥᠡᠭᠭᠡᠷᠡᠭᠰᠡᠡ ᠤ ᠬᠢ ᠠᠴᠠ ᠪᠠᠨ 50 ᠵᠢᠩ ᠣᠷᠴᠢᠮ ᠨᠡᠮᠡᠭᠳᠡᠵᠤ᠂ ᠬᠤᠶᠠᠷ ᠲᠠᠯ᠎ᠠ ᠪᠠᠷ ᠠᠰᠢᠬ ᠬᠥᠷᠳᠡᠬᠦ ᠶᠢ ᠪᠡᠶᠡᠯᠡᠭᠦᠯᠪᠡ᠃ ᠡᠨᠡ ᠵᠢᠯ ᠯᠢᠶᠠᠩ ᠰᠢᠶᠣᠣ ᠫᠢᠡᠭ ᠭᠡᠪᠴᠢᠶ᠎ᠡ ᠪᠠᠨ ᠥᠷᠭᠡᠳᠭᠡᠵᠥ᠂ ᠥᠪᠡᠷ ᠤᠨ ᠲᠠᠷᠢᠭᠰᠠᠠ 1100 ᠮᠥ ᠲᠣᠳᠣᠷᠭ᠎ᠠ ᠶᠢᠨ ᠲᠠᠷᠢᠶᠠᠠ ᠳᠤ 3000 ᠨᠣᠭᠤᠰᠣ ᠣᠷᠣᠭᠤᠯᠣᠭᠰᠠᠠ ᠪᠠᠶᠢᠨ᠎ᠠ᠃  ᠣᠳᠣᠬᠠᠠ ᠤ ᠪᠠᠶᠢᠳᠠᠯ ᠠᠴᠠ ᠥᠵᠡᠪᠡᠯ ︽ᠲᠣᠳᠣᠷᠭ᠎ᠠ᠂ ᠨᠣᠭᠤᠰᠣ ᠬᠠᠮᠳᠣᠷᠠᠠ ᠠᠮᠢᠳᠣᠷᠠᠬᠤ︾ ᠨᠢ ᠡ᠊ᠡᠭ ᠤᠨ ᠲᠣᠳᠣᠷᠭ᠎ᠠ ᠶᠢᠨ ᠲᠠᠷᠢᠶ᠎ᠠ ᠲᠠᠢ ᠬᠠᠷᠢᠴᠠᠭᠤᠯᠪᠠᠯ ᠲᠣᠳᠣᠷᠭ᠎ᠠ ᠶᠢᠨ ᠪᠤᠶᠢᠵᠢᠯᠳᠠ ᠨᠢ ᠰᠠᠨᠠᠭᠠᠠ ᠠᠴᠠ ᠭᠠᠳᠠᠭᠤᠷ ᠲᠣᠩ ᠰᠠᠶᠢᠨ ᠪᠠᠶᠢᠯ᠎ᠠ᠃ 3 ᠰᠠᠷ᠎ᠠ ᠪᠣᠯᠵᠣ ᠲᠣᠳᠣᠷᠭ᠎ᠠ ᠶᠢᠨ ᠲᠥᠷᠥᠭᠦᠥ ᠲᠠᠳᠠᠬᠤ ᠥᠶ᠎ᠡ ᠳᠤ ᠲᠣᠳᠣᠷᠭᠠᠠ ᠲᠠᠷᠢᠶᠠᠠ ᠤ ᠨᠣᠭᠤᠰᠣ ᠶᠢ ᠭᠠᠳᠠᠭᠰᠢ ᠭᠠᠷᠭᠠᠵᠣ ᠨᠢᠭᠡ ᠨᠣᠭᠤᠰᠣ ᠶᠢ 40 ᠲᠥᠭᠦᠷᠢᠭ ᠢᠶᠠᠷ ᠵᠠᠬ᠎ᠠ ᠲᠡᠯᠭᠡᠭᠦᠷ ᠲᠤ ᠬᠤᠳᠠᠯᠳᠣᠵᠠᠢ᠃ ᠨᠣᠭᠤᠰᠣ ᠨᠢ ᠣᠰᠣᠠ ᠲᠣᠳᠣᠷᠭ᠎ᠠ ᠶᠢᠨ ᠬᠤᠷᠣᠬᠠᠢ ᠬᠤᠭ ᠡᠪᠡᠰᠥ ᠶᠢ ᠠᠷᠢᠯᠭᠠᠵᠣ᠂ ᠨᠣᠭᠤᠰᠣ ᠶᠢᠨ ᠢᠯᠭᠠᠳᠠᠰᠣ ᠨᠢ ᠮᠥ ᠪᠥᠷᠢ ᠳᠤ 300 ᠲᠥᠭᠦᠷᠢᠭ ᠤᠨ ᠥᠪᠡᠷ ᠤᠨ ᠥᠷᠳᠡᠭ ᠢ ᠠᠷᠪᠢᠯᠠᠭᠰᠠᠠ ᠪᠠᠶᠢᠨ᠎ᠠ᠃ ᠲᠡᠷᠡᠴᠢᠯᠡᠡ ᠮᠥ ᠪᠥᠷᠢ ᠶᠢᠨ ᠣᠨᠠᠯᠳᠠ ᠶᠢ ᠥᠡᠭᠭᠡᠷᠡᠭᠰᠡᠡ ᠤ ᠬᠢ ᠠᠴᠠ ᠪᠠᠨ 50 ᠵᠢᠩ ᠣᠷᠴᠢᠮ ᠨᠡᠮᠡᠭᠳᠡᠭᠦᠯᠵᠡᠢ᠃ ᠵᠢᠩ ᠪᠥᠷᠢ ᠶᠢᠨ ᠵᠠᠬ᠎ᠠ ᠲᠡᠯᠭᠡᠭᠦᠷ ᠤᠨ ᠥᠨ᠎ᠡ ᠪᠣᠯᠬᠤ 30 ᠲᠥᠭᠦᠷᠢᠭ ᠢᠶᠠᠷ ᠪᠣᠳᠣᠪᠠᠯ ︽ᠲᠣᠳᠣᠷᠭ᠎ᠠ ᠨᠣᠭᠤᠰᠣ ᠬᠠᠮᠳᠣᠷᠠᠠ ᠠᠮᠢᠳᠣᠷᠠᠬᠤ︾ ᠰᠢᠨ᠎ᠡ ᠵᠠᠬᠪᠣᠷ ᠨᠢ ᠥᠡᠭᠭᠡᠷᠡᠭᠰᠡᠡ ᠤ ᠡ᠊ᠡᠭ ᠤᠨ ᠲᠠᠷᠢᠮᠠᠯ ᠤᠨ ᠵᠢᠯ ᠪᠥᠷᠢ ᠶᠢᠨ ᠣᠷᠣᠯᠭ᠎ᠠ ᠠᠴᠠ ᠢᠯᠡᠭᠦᠥ 1000 ᠭᠠᠷᠣᠢ ᠲᠥᠭᠦᠷᠢᠭ ᠨᠡᠮᠡᠭᠳᠡᠭᠦᠯᠵᠡᠢ᠃ ᠡᠨᠡ ᠬᠦ ︽ᠲᠣᠳᠣᠷᠭ᠎ᠠ ᠨᠣᠭᠤᠰᠣ ᠬᠠᠮᠳᠣᠷᠠᠠ ᠠᠮᠢᠳᠣᠷᠠᠬᠤ︾ ᠨᠢᠭᠡ ᠲᠠᠷᠢᠶ᠎ᠠ ᠪᠠᠷ ᠬᠤᠶᠠᠷ ᠬᠤᠷᠢᠶᠠᠯᠳᠠ ᠣᠯᠬᠤ ᠰᠢᠨ᠎ᠡ ᠵᠠᠬᠪᠣᠷ ᠨᠢ ᠲᠠᠷᠢᠶᠠᠯᠠᠩ ᠮᠠᠯ ᠠᠵᠣ ᠠᠬᠤᠢ ᠶᠢ ᠣᠶᠠᠯᠳᠣᠭᠤᠯᠣᠭᠰᠠᠠ ᠪᠣᠬᠢᠷᠳᠣᠯ ᠥᠭᠡᠢ ᠥᠢᠯᠡᠳᠭᠦᠨ ᠢ ᠭᠠᠷᠭᠠᠵᠣ᠂ ᠪᠠᠶᠠᠵᠢᠯ ᠤᠨ ᠰᠢᠨ᠎ᠡ ᠵᠠᠮ ᠢ ᠨᠡᠭᠡᠭᠡᠵᠥ ᠥᠭᠭᠦᠭᠰᠡᠡ ᠢᠶᠠᠷ ᠪᠠᠷᠠᠬᠤ ᠥᠭᠡᠢ ᠣᠳᠠ ᠶᠢᠨ ᠭᠤᠣᠯ ᠤᠨ ᠪᠣᠬᠢᠷᠳᠣᠯ ᠥᠭᠡᠢ ᠣᠷᠭᠠᠨᠢᠬ ᠮᠠᠯ ᠲᠠᠷᠢᠶᠠᠯᠠᠩ ᠤᠨ ᠥᠢᠯᠡᠳᠬᠦᠨ ᠤ ᠲᠠᠸᠠᠷ ᠤᠨ ᠲᠡᠮᠳᠡᠭ ᠢ ᠰᠢᠨ᠎ᠡ ᠲᠡᠭᠳᠡᠷ ᠲᠤ ᠭᠠᠷᠭᠠᠭᠰᠠᠠ ᠪᠠᠶᠢᠨ᠎ᠠ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号