10 ᠰᠠᠷ᠎ᠡ ᠶᠢᠨ 16 ᠤ ᠡᠳᠦᠷ ᠬᠡᠪᠯᠡᠭᠳᠡᠭᠰᠡᠨ 20 ᠳ᠋ᠤᠭᠠᠷ ᠬᠤᠭᠤᠴᠠᠭᠠᠨ ᠤ ︽ᠦᠨᠡᠨ︾ ᠰᠡᠳᠬᠦᠯ | ᠨᠠᠮ ᠤᠨ ᠲᠦᠪ ᠬᠤᠷᠢᠶᠠᠨ ᠤ ᠶᠡᠷᠤᠩᠭᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ | ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠰᠢ ᠶᠢᠨ ᠫᠢᠩ ᠤᠨ ᠴᠢᠬᠤᠯᠠ ᠵᠤᠬᠢᠶᠠᠯ ︽ᠪᠦᠬᠦ ᠤᠯᠤᠰ ᠤᠨ ᠰᠢᠨ᠎ᠡ | ᠳᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠤᠨ ᠪᠠᠶᠢᠳᠠᠯ ᠲᠠᠢ ᠲᠡᠮᠡᠴᠡᠭᠰᠡᠨ ᠬᠦᠬᠢᠬᠦᠯᠤᠨ ᠰᠠᠶᠢᠰᠢᠶᠠᠬᠤ ᠶᠡᠭᠡ | ᠬᠤᠷᠠᠯ ᠲᠡᠭᠡᠷᠡᠬᠢ ᠶᠠᠷᠢᠶ᠎ᠡ︾ ᠶᠢ ᠨᠡᠶᠢᠳᠡᠯᠡᠪᠡ᠃ | ᠵᠤᠬᠢᠶᠠᠯ ᠳᠤ᠂ ᠰᠢᠨ᠎ᠡ ᠳᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠲᠠᠢ ᠲᠡᠮᠡᠴᠡᠬᠦ ᠲᠡᠮᠡᠴᠡᠯ ᠴᠢᠬᠤᠯᠠ | ᠶᠡᠭᠡ ᠪᠠᠶᠢᠯᠳᠤᠬᠤ ᠪᠤᠳᠤᠯᠭ᠎ᠠ ᠶᠢᠨ ᠦᠷ᠎ᠡ ᠪᠦᠳᠦᠭᠡᠯ ᠤᠯᠤᠬᠰᠡᠨ ᠨᠢ ᠳᠤᠮᠳᠠᠳᠤ ᠤᠯᠤᠰ ᠤᠨ ᠡᠪ ᠬᠠᠮᠳᠦ ᠨᠠᠮ ᠤᠨ | ᠤᠳᠤᠷᠢᠳᠤᠯᠭ᠎ᠠ ᠪᠤᠯᠤᠨ ᠮᠠᠨ ᠤ ᠤᠯᠤᠰ ᠤᠨ ᠨᠡᠶᠢᠭᠡᠮ ᠵᠢᠷᠤᠮ ᠤᠨ ᠪᠠᠶᠢᠭᠤᠯᠤᠯ ᠤᠨ ᠢᠯᠡᠳᠲᠡ ᠳᠠᠪᠠᠭᠤᠯᠢᠬ ᠢ | ᠬᠦᠢᠴᠡᠳ ᠢᠯᠡᠷᠡᠭᠦᠯᠵᠦ᠂ ᠳᠤᠮᠳᠠᠳᠤ ᠤᠯᠤᠰ ᠤᠨ ᠠᠷᠠᠳ ᠲᠦᠮᠡᠨ ᠪᠤᠯᠤᠨ ᠳᠤᠮᠳᠠᠳᠤ ᠶᠢᠨ ᠦᠨᠳᠦᠰᠦᠳᠡᠨ ᠤ | ᠠᠭᠤᠤ ᠶᠡᠭᠡ ᠬᠦᠴᠦᠨ ᠴᠢᠳᠠᠯ ᠢ ᠬᠦᠢᠴᠡᠳ ᠢᠯᠡᠷᠡᠭᠦᠯᠵᠦ᠂ ᠳᠤᠮᠳᠠᠳᠤ ᠶᠢᠨ ᠪᠤᠯᠪᠠᠰᠤᠨ ᠤ ᠬᠦᠨ ᠵᠤᠵᠠᠭᠠᠨ | ᠠᠭᠤᠯᠤᠬᠳᠠᠬᠤᠨ ᠢ ᠬᠦᠢᠴᠡᠳ ᠢᠯᠡᠷᠡᠭᠦᠯᠵᠦ᠂ ᠳᠤᠮᠳᠠᠳᠤ ᠤᠯᠤᠰ ᠤᠨ ᠬᠠᠷᠢᠭᠤᠴᠠᠯᠭ᠎ᠠ ᠲᠠᠢ ᠶᠡᠭᠡ ᠤᠯᠤᠰ ᠤᠨ | ᠤᠬᠠᠮᠰᠠᠷᠲᠦ ᠬᠠᠷᠢᠭᠤᠴᠠᠯᠭ᠎ᠠ ᠡᠬᠦᠷᠭᠡᠯᠡᠯ ᠢ ᠬᠦᠢᠴᠡᠳ ᠢᠯᠡᠷᠡᠭᠦᠯᠵᠦ᠂ ᠪᠦᠬᠦ ᠨᠠᠮ ᠪᠦᠬᠦ ᠤᠯᠤᠰ ᠤᠨ | ᠦᠨᠳᠦᠰᠦᠳᠡᠨ ᠨᠦᠭᠦᠳ ᠤᠨ ᠠᠷᠠᠳ ᠲᠦᠮᠡᠨ ᠤ ᠢᠳᠡᠭᠡᠯ ᠪᠠ ᠤᠮᠤᠬᠰᠢᠯᠳᠦ ᠰᠡᠳᠬᠢᠯᠭᠡ᠂ ᠨᠢᠬᠳᠠᠷᠠᠭᠤᠯᠬᠤ ᠬᠦᠴᠦ | ᠪᠠ ᠲᠦᠪᠯᠡᠷᠡᠭᠦᠯᠬᠦ ᠬᠦᠴᠦ ᠶᠢ ᠲᠦᠢᠯ ᠤᠨ ᠶᠡᠭᠡ ᠪᠠᠷ ᠨᠡᠮᠡᠭᠳᠡᠬᠦᠯᠪᠡ᠂ ᠡᠨᠡ ᠨᠢ ᠯᠠᠪᠳᠠᠢ ᠪᠢᠳᠠᠨ ᠢ ᠰᠢᠨ᠎ᠠ ᠴᠠᠭ | ᠦᠶ᠎ᠠ ᠶᠢᠨ ᠰᠢᠨ᠎ᠠ ᠠᠶᠠᠨ ᠳᠠᠭᠠᠨ ᠬᠠᠷᠰᠢ ᠰᠠᠭᠠᠳ ᠢ ᠢᠯᠠᠨ ᠳᠠᠪᠠᠵᠦ᠂ ᠡᠷᠡᠮᠡᠭᠡᠶᠢᠯᠡᠨ ᠤᠷᠤᠬᠰᠢᠯᠠᠬᠤ ᠶᠢ | ᠵᠤᠷᠢᠬᠵᠢᠭᠤᠯᠬᠤ ᠪᠤᠯᠤᠨ᠎ᠠ ᠭᠡᠵᠤ ᠴᠢᠬᠤᠯᠠᠴᠢᠯᠠᠪᠠ᠃ | ᠵᠤᠬᠢᠶᠠᠯ ᠳᠤ᠂ ᠡᠨᠡ ᠬᠦ ᠬᠦᠨᠳᠤ ᠨᠤᠴᠢᠳᠠᠢ ᠬᠢᠵᠢᠭ ᠤᠨ ᠪᠠᠶᠢᠳᠠᠯ ᠯᠤᠭ᠎ᠠ ᠦᠬᠦᠵᠤ ᠰᠡᠬᠡᠬᠦ ᠶᠢᠨ ᠲᠡᠮᠡᠴᠡᠯ ᠬᠢᠬᠦ | ᠲᠤᠮᠲᠠ᠂ ᠳᠤᠮᠳᠠᠳᠤ ᠤᠯᠤᠰ ᠤᠨ ᠠᠷᠠᠳ ᠲᠦᠮᠡᠨ ᠪᠤᠯᠤᠨ ᠳᠤᠮᠳᠠᠳᠤ ᠶᠢᠨ ᠦᠨᠳᠤᠰᠤᠳᠠᠨ ᠵᠤᠷᠢᠬᠳᠠᠢ ᠪᠠᠷ | ᠲᠡᠮᠡᠴᠡᠬᠦ᠂ ᠵᠤᠷᠢᠬᠳᠠᠢ ᠪᠠᠷ ᠢᠯᠡᠨ ᠲᠠᠪᠠᠭ᠋ᠤ ᠪᠠᠭᠠᠲᠤᠷ ᠵᠤᠷᠢᠬ ᠢᠶᠠᠷ ᠠᠮᠢ ᠨᠠᠰᠤ ᠶᠢ ᠲᠡᠭᠡᠳᠤᠯᠡᠬᠦ᠂ ᠤᠯᠤᠰ ᠲᠠᠶᠠᠭᠠᠷ | ᠰᠡᠳᠬᠢᠯ ᠨᠢᠬᠡᠳᠬᠦ᠂ ᠦᠬᠦᠬᠦ ᠰᠡᠬᠡᠬᠦ ᠶᠢ ᠦᠯᠤ ᠬᠠᠶᠢᠬᠤᠷᠬᠤ᠂ ᠰᠢᠨᠵᠢᠯᠡᠬᠦ ᠤᠬᠠᠭᠠᠨ ᠢ ᠬᠦᠨᠳᠤᠳᠬᠡᠬᠦ᠂ ᠬᠤᠪᠢ | ᠵᠠᠶᠠᠭ᠎ᠠ ᠪᠠᠨ ᠬᠠᠮᠳᠤᠳᠬᠠᠬᠤ ᠬᠢᠵᠢᠭ ᠲᠠᠢ ᠲᠡᠮᠡᠴᠡᠬᠦ ᠠᠭᠤᠤ ᠶᠡᠭᠡ ᠵᠤᠷᠢᠬ ᠰᠠᠨᠠᠭ᠎ᠠ ᠶᠢ ᠱᠤᠭᠤᠵᠠᠢ᠃ ᠬᠢᠵᠢᠭ ᠲᠠᠢ | ᠲᠡᠮᠡᠴᠡᠬᠦ ᠠᠭᠤᠤ ᠶᠡᠭᠡ ᠵᠤᠷᠢᠭ ᠰᠠᠨᠠᠭ᠎ᠠ ᠨᠢ ᠳᠤᠮᠳᠠᠳᠤ ᠶᠢᠨ ᠦᠨᠳᠦᠰᠦᠲᠡᠨ ᠤ ᠤᠷᠳᠤ ᠬᠤᠭᠤᠴᠠᠭᠠᠨ ᠳᠤ | ᠪᠦᠷᠢᠯᠳᠦᠭᠰᠡᠨ ᠦᠪᠡᠷᠮᠢᠴᠡ ᠵᠠᠩ ᠴᠢᠨᠠᠷ ᠲᠦᠷᠦᠯᠬᠢ ᠠᠪᠢᠶᠠᠰ ᠪᠠ ᠰᠣᠶᠣᠯ ᠤᠨ ᠤᠳᠤᠮᠰᠢᠯ ᠯᠤᠭ᠎ᠠ ᠤᠳᠤᠮ | ᠤᠬᠰᠠᠭ᠎ᠠ ᠨᠢᠭᠡᠲᠡᠶ ᠪᠠᠶᠢᠭ᠎ᠠ ᠶᠤᠮ᠂ ᠡᠨᠡ ᠪᠤᠯ ᠤᠯᠤᠰ ᠢᠶᠠᠨ ᠬᠠᠶᠢᠷᠠᠯᠠᠬᠤ ᠦᠵᠡᠯ᠂ ᠨᠡᠶᠢᠳᠡᠴᠢ ᠦᠵᠡᠯ᠂ ᠨᠡᠶᠢᠭᠡᠮ | ᠵᠢᠷᠤᠮ ᠤᠨ ᠵᠣᠷᠢᠭ ᠰᠠᠨᠠᠭᠠᠨ ᠤ ᠤᠯᠠᠮᠵᠢᠯᠠᠯ ᠪᠠ ᠬᠥᠭᠵᠢᠯᠲᠡ ᠮᠥᠨ᠂ ᠳᠤᠮᠳᠠᠳᠤ ᠤᠯᠤᠰ ᠤᠨ ᠵᠣᠷᠢᠭ ᠰᠠᠨᠠᠭᠠᠨ ᠤ | ᠠᠮᠢᠳᠤᠯᠢᠭ ᠲᠠᠶᠢᠯᠪᠤᠷᠢᠯᠡᠯ ᠮᠦᠨ᠂ ᠡᠨᠡ ᠨᠢ ᠦᠨᠳᠦᠰᠦᠲᠡᠨ ᠤ ᠵᠣᠷᠢᠭ ᠰᠠᠨᠠᠭ᠎ᠠ ᠪᠠ ᠴᠠᠭ ᠦᠶ᠎ᠡ ᠶᠢᠨ ᠵᠣᠷᠢᠭ | ᠰᠠᠨᠠᠭᠠᠨ ᠤ ᠠᠭᠤᠯᠤᠭᠳᠠᠬᠤᠨ ᠢ ᠪᠠᠶᠠᠯᠢᠭᠵᠢᠭᠤᠯᠵᠠᠢ ᠭᠡᠵᠤ ᠵᠢᠭᠠᠵᠤ ᠭᠠᠷᠭᠠᠪᠠ᠃ | ᠵᠤᠬᠢᠶᠠᠯ ᠳᠤ᠂ ᠬᠢᠵᠢᠭ ᠲᠠᠢ ᠳᠡᠮᠡᠴᠡᠭᠰᠡᠨ ᠲᠡᠮᠡᠴᠡᠯ ᠤᠨ ᠠᠭᠤᠤ ᠶᠡᠭᠡ ᠦᠢᠯᠡᠳᠦᠯᠭᠡ ᠭᠡᠷᠡᠴᠢᠯᠡᠭᠰᠡᠨ ᠢᠶᠠᠷ᠂ | ᠳᠤᠮᠳᠠᠳᠤ ᠤᠯᠤᠰ ᠤᠨ ᠡᠪ ᠬᠠᠮᠲᠤ ᠨᠠᠮ ᠤᠨ ᠬᠡᠮᠵᠢᠶᠡᠯᠡᠰᠢ ᠦᠭᠡᠢ ᠪᠠᠲᠤ ᠴᠢᠩᠭ᠎ᠠ ᠤᠳᠤᠷᠢᠳᠬᠤ ᠬᠦᠴᠦᠨ ᠪᠣᠯ | ᠠᠶᠤᠯ ᠲᠦᠭᠰᠢᠭᠦᠷᠢ ᠲᠤᠯᠭᠠᠷᠠᠬᠤ ᠦᠶ᠎ᠡ ᠶᠢᠨ ᠳᠤᠮᠳᠠᠳᠤ ᠤᠯᠤᠰ ᠤᠨ ᠠᠷᠠᠳ ᠲᠦᠮᠡᠨ ᠤ ᠬᠠᠮᠤᠭ ᠤᠨ | ᠨᠠᠶᠢᠳᠠᠪᠤᠷᠢᠲᠠᠶ ᠲᠦᠰᠢᠭ ᠲᠤᠯᠭᠠᠭᠤᠷᠢ ᠮᠦᠨ︔ ᠳᠤᠮᠳᠠᠳᠤ ᠤᠯᠤᠰ ᠤᠨ ᠠᠷᠠᠳ ᠲᠦᠮᠡᠨ ᠤ ᠨᠤᠭᠤᠷᠠᠰᠢ ᠦᠭᠡᠢ | ᠲᠡᠮᠡᠴᠡᠬᠦ ᠵᠣᠷᠢᠭ ᠰᠠᠨᠠᠭ᠎ᠠ ᠪᠣᠯ ᠤᠷᠤᠭᠰᠢᠯᠠᠯᠲᠠ ᠶᠢᠨ ᠵᠠᠮ ᠳᠡᠭᠡᠷᠡᠬᠢ ᠠᠯᠢᠪᠠ ᠬᠦᠴᠢᠷ ᠪᠡᠷᠬᠡᠰᠢᠶᠡᠯ ᠬᠠᠷᠰᠢ | ᠰᠠᠭᠠᠳ ᠢ ᠢᠯᠠᠨ ᠳᠠᠪᠠᠭ᠋ᠤ ᠬᠦᠴᠦᠨ ᠴᠢᠳᠠᠯ ᠤᠨ ᠡᠬᠢ ᠰᠤᠷᠪᠤᠯᠵᠢ ᠮᠥᠨ︔ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠪᠠᠶᠢᠭᠤᠯᠤᠯ ᠤᠨ ᠢᠯᠡᠳᠲᠡ ᠳᠠᠪᠠᠭᠤᠯᠢᠭ ᠪᠣᠯ ᠠᠶᠤᠯ ᠲᠦᠭᠰᠢᠭᠦᠷᠢ | ᠥᠷᠢᠰᠥᠯᠳᠦᠭᠡᠨ ᠢ ᠬᠤᠷᠢᠬᠯᠠᠵᠦ᠂ ᠤᠯᠤᠰ ᠤᠨ ᠵᠠᠰᠠᠯᠲᠠ ᠶᠢᠨ ᠦᠷ᠎ᠡ ᠪᠦᠲᠦᠮᠵᠢ ᠶᠢ ᠳᠡᠭᠡᠭᠰᠢᠯᠡᠭᠦᠯᠬᠦ ᠦᠨᠳᠦᠰᠦᠨ | ᠪᠠᠲᠤᠯᠠᠭ᠎ᠠ ᠮᠥᠨ︔ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠭᠠᠰᠢ ᠬᠤᠷᠠᠮᠳᠤᠭᠤᠯᠤᠭᠰᠠᠨ ᠪᠠᠲᠤ | ᠴᠢᠩᠭ᠎ᠠ ᠤᠯᠤᠰ ᠤᠨ ᠬᠦᠴᠦᠨ ᠪᠣᠯ ᠲᠤᠬᠰᠢᠨ ᠰᠠᠯᠬᠢ ᠰᠢᠷᠦᠭᠦᠨ ᠳᠠᠪᠠᠯᠭᠠᠨ ᠢ ᠯᠠᠪᠳᠠᠭᠤᠨ ᠢᠶᠠᠷ ᠠᠷᠭᠠᠴᠠᠭᠠᠬᠤ | ᠭᠦᠨ ᠵᠤᠵᠠᠭᠠᠨ ᠢᠳᠡᠭᠡᠯ ᠵᠤᠷᠢᠭ ᠮᠦᠨ︔ ᠨᠡᠶᠢᠭᠡᠮ ᠵᠢᠷᠤᠮ ᠤᠨ ᠭᠤᠣᠯᠯᠠᠭᠴᠢ ᠦᠷᠳᠡᠭ ᠤᠨ ᠦᠵᠡᠯᠲᠡ᠂ | ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠤᠨ ᠬᠦᠴᠦᠷᠬᠡᠭ ᠶᠡᠭᠡ ᠤᠶᠤᠨ ᠰᠠᠨᠠᠭᠠᠨ ᠤ ᠬᠥᠳᠡᠯᠭᠡᠬᠦ ᠬᠦᠴᠦᠨ | ᠪᠣᠯ ᠬᠥᠮᠦᠰ ᠤᠨ ᠰᠡᠳᠬᠢᠯ ᠢ ᠨᠢᠭᠲᠠᠷᠠᠭᠤᠯᠬᠤ᠂ ᠠᠷᠠᠳ ᠤᠨ ᠬᠦᠴᠦᠨ ᠢ ᠲᠦᠪᠯᠡᠷᠡᠭᠦᠯᠬᠦ ᠬᠦᠴᠦᠷᠬᠡᠭ ᠶᠡᠭᠡ | ᠬᠦᠴᠦᠨ ᠮᠥᠨ︔ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠳᠤ | ᠠᠭᠤᠯᠤᠬᠳᠠᠵᠦ ᠪᠠᠶᠢᠭ᠎ᠠ ᠥᠷᠭᠡᠨ ᠳᠡᠯᠭᠡᠷ ᠤᠷᠢᠶᠠᠯᠠᠬᠤ ᠬᠦᠴᠦᠨ ᠪᠣᠯ ᠬᠥᠮᠦᠨ ᠲᠥᠷᠥᠯᠬᠢᠲᠡᠨ ᠤ ᠬᠠᠮᠲᠤ ᠶᠢᠨ | ᠥᠷᠢᠰᠥᠯᠳᠦᠭᠡᠨ ᠢ ᠠᠷᠭᠠᠴᠠᠭᠠᠵᠦ᠂ ᠨᠡᠩ ᠴᠡᠴᠡᠭᠯᠡᠨ ᠬᠥᠭᠵᠢᠭᠰᠡᠨ ᠰᠠᠶᠢᠨ ᠰᠠᠶᠢᠬᠠᠨ ᠳᠡᠯᠡᠬᠡᠢ ᠶᠢᠷᠲᠢᠨᠴᠦ ᠶᠢ | ᠪᠦᠳᠦᠭᠡᠨ ᠪᠠᠶᠢᠭᠤᠯᠬᠤ ᠬᠥᠮᠦᠨ ᠤ ᠣᠷᠴᠢᠯᠠᠩ ᠤᠨ ᠭᠤᠤᠯ ᠶᠤᠰᠤ ᠮᠥᠨ ᠭᠡᠵᠦ ᠵᠢᠭᠠᠵᠦ ᠭᠠᠷᠭᠠᠪᠠ᠃ | ᠵᠤᠬᠢᠶᠠᠯ ᠳᠤ᠂ ︽ᠤᠷᠴᠢᠯᠠᠩ ᠲᠠᠯᠠᠬᠡᠢ ᠲᠠᠰᠤᠷᠠᠯᠲᠠ ᠦᠭᠡᠢ ᠤᠷᠴᠢᠨ ᠡᠷᠬᠢᠯᠲᠦᠲᠡᠭ᠂ ᠬᠦᠮᠦᠨ ᠲᠦᠷᠦᠯᠬᠢᠳᠠᠨ | ᠲᠠᠰᠤᠷᠠᠯᠲᠠ ᠦᠭᠡᠢ ᠤᠷᠤᠬᠰᠢᠯᠠᠨ ᠲᠠᠪᠰᠢᠳᠠᠬ︾᠃ 5000 ᠭᠠᠷᠤᠢ ᠵᠢᠯ ᠤᠨ ᠪᠤᠯᠪᠠᠰᠤᠨ ᠤ ᠬᠦᠭᠵᠢᠯᠲᠠ ᠶᠢᠨ | ᠬᠠᠲᠠᠭᠤ ᠪᠡᠷᠭᠡ ᠲᠡᠮᠡᠴᠡᠯ ᠭᠡᠷᠡᠯ ᠰᠠᠴᠤᠷᠠᠩᠭᠤᠢ ᠠᠮᠵᠢᠯᠲᠠ ᠶᠢᠨ ᠲᠤᠮᠲᠠ ᠠᠴᠠ ᠤᠷᠤᠬᠰᠢᠯᠠᠵᠦ ᠢᠷᠡᠭᠰᠡᠡ ᠲᠤᠮᠲᠠᠲᠤ | ᠤᠯᠤᠰ ᠤᠨ ᠠᠷᠠᠳ ᠲᠦᠮᠠᠠ ᠪᠤᠯᠤᠨ ᠲᠤᠮᠲᠠᠲᠤ ᠶᠢᠨ ᠦᠨᠲᠦᠰᠦᠲᠠᠠ ᠯᠠᠪᠳᠠᠢ ᠰᠢᠨ᠎ᠠ ᠴᠠᠭ ᠦᠶ᠎ᠠ ᠶᠢᠨ ᠠᠭᠤᠤ | ᠶᠡᠭᠡ ᠠᠶᠠᠠ ᠵᠠᠮ ᠢᠶᠠᠷ ᠤᠷᠤᠭᠰᠢᠯᠠᠠ ᠲᠠᠪᠰᠢᠬᠤ ᠶᠤᠮ᠂ ᠶᠠᠮᠠᠷᠪᠠ ᠬᠦᠮᠦᠨ ᠶᠠᠮᠠᠷᠪᠠ ᠬᠦᠴᠤᠨ ᠭᠡᠳ ᠲᠤᠮᠲᠠᠲᠤ | ᠤᠯᠤᠰ ᠤᠨ ᠠᠷᠠᠳ ᠲᠦᠮᠠᠠ ᠤ ᠨᠡᠩ ᠰᠠᠶᠢᠨ ᠰᠠᠶᠢᠬᠠᠠ ᠠᠮᠢᠲᠤᠷᠠᠯ ᠤᠨ ᠲᠦᠯᠦᠭᠡ ᠲᠡᠮᠡᠴᠡᠬᠦ ᠤᠷᠤᠭᠰᠢᠯᠠᠯᠲᠠ ᠶᠢᠨ | ᠠᠯᠬᠤᠭ᠎ᠠ ᠶᠢ ᠬᠤᠷᠢᠠᠠᠯᠠᠵᠦ ᠴᠢᠲᠠᠬᠤ ᠦᠭᠡᠢ ᠶᠤᠮ︕ ᠭᠡᠵᠦ ᠴᠢᠬᠤᠯᠠᠴᠢᠯᠠᠵᠠᠢ᠃ |