ᠮᠠᠯᠴᠢᠳ ᠨᠤᠲᠤᠭ ᠤᠨ ᠡᠬᠢ ᠪᠠᠶᠠᠯᠢᠭ ᠢᠶᠠᠷ ᠢᠶᠠᠨ ᠡᠯᠪᠡᠭ ᠬᠤᠷᠢᠶᠠᠯᠲᠠ ᠪᠠᠨ ᠤᠭᠳᠤᠨ᠎ᠠ
ᠨᠡᠶᠢᠲᠡᠯᠡᠭᠰᠡᠨ ᠴᠠᠭ᠄
2020/10/20
     ᠠᠯᠳᠠᠨ ᠨᠠᠮᠤᠷ ᠤᠨ ᠤᠯᠠᠷᠢᠯ ᠪᠤᠯ ᠠᠮᠤ ᠲᠠᠷᠢᠶ᠎ᠠ ᠬᠠᠯᠢᠭᠤᠷᠠᠨ᠂ ᠭᠤᠸᠠ ᠵᠢᠮᠢᠰ ᠪᠤᠯᠪᠠᠰᠤᠷᠠᠵᠤ᠂ ᠰᠦ ᠰᠠᠭᠠᠯᠢ ᠬᠦᠭᠡᠰᠦᠷᠡᠨ᠂ ᠬᠠᠳᠤᠯᠠᠩ ᠤᠨ ᠲᠠᠭᠤᠨ ᠬᠠᠩᠬᠢᠨᠠᠵᠤ᠂ ᠦᠭᠡᠷ ᠬᠤᠨᠢᠳ ᠲᠠᠷᠭᠤ ᠰᠠᠶᠢᠲᠠᠢ ᠪᠦᠮᠪᠦᠯᠵᠡᠵᠦ᠂ ᠮᠠᠯᠴᠢᠨ ᠲᠠᠷᠢᠶᠠᠴᠢᠨ ᠤᠨᠠᠭᠰᠠᠨ ᠮᠠᠯᠠᠭᠠᠢ ᠪᠠᠨ ᠠᠪᠬᠤ ᠵᠠᠪ ᠦᠭᠡᠢ ᠬᠤᠷᠢᠶᠠᠯᠳᠠ ᠳᠠᠭᠠᠨ ᠰᠣᠭᠳᠣᠭᠤᠷᠠᠳᠠᠭ ᠶᠠᠭᠠᠷᠠᠥ ᠴᠠᠭ ᠪᠤᠯᠤᠨ᠎ᠠ᠃ ᠦᠥᠰᠢᠨ ᠬᠤᠰᠢᠭᠤᠨ ᠤ ᠰᠦᠯᠳᠡ ᠰᠤᠮᠤᠨ ᠤ ᠮᠠᠯᠴᠢᠳ ᠦᠪᠡᠷ ᠦᠪᠡᠷ ᠤᠨ ᠨᠠᠮᠤᠷ ᠤᠨ ᠬᠤᠷᠢᠶᠠᠯᠲᠠ ᠳᠤ ᠪᠠᠨ ᠶᠠᠭᠠᠷᠠᠵᠤ ᠡᠯᠪᠡᠭ ᠬᠤᠷᠢᠶᠠᠯᠳᠠ ᠳᠠᠭᠠᠨ ᠪᠠᠶᠠᠰᠴᠤ ᠢᠷᠡᠬᠦ ᠵᠢᠯ ᠤᠨ ᠢᠶᠠᠨ ᠪᠡᠯᠡᠳᠬᠡᠯ ᠢᠶᠠᠨ ᠪᠦᠷᠢᠨ ᠪᠣᠯᠭᠠᠨ᠎ᠠ  ᠃        ᠰᠦᠯᠳᠡ ᠰᠤᠮᠤᠨ ᠤ  ᠪᠤᠷᠤᠬᠦ᠋ᠳᠡᠭᠡ ᠭᠠᠴᠠᠭᠠᠨ ᠤ ᠮᠠᠯᠴᠢᠨ ᠰᠡᠷᠡᠩ ᠡᠨᠡ ᠬᠤᠶᠠᠷ ᠡᠳᠦᠷ ᠤᠨ ᠴᠠᠭ ᠢ ᠠᠮᠵᠢᠵᠤ ᠵᠡᠷᠭᠡᠯᠡᠳᠡᠭᠡ ᠠᠶᠢᠯ ᠪᠣᠯᠬᠤ ᠮᠠᠯᠴᠢᠨ ᠲᠤᠩᠨᠠ ᠶᠢᠨ ᠬᠠᠳᠤᠵᠤ ᠬᠤᠷᠢᠶᠠᠬᠤ ᠮᠠᠰᠢᠨ ᠢ ᠬᠦᠯᠦᠰᠦᠯᠡᠨ ᠪᠣᠷᠣ ᠴᠠᠷᠭᠠᠰᠤ ᠪᠠᠨ ᠬᠤᠷᠢᠶᠠᠭᠠᠳ ᠶᠠᠭᠠᠷᠠᠵᠤ ᠪᠠᠶᠢᠯ᠎ᠠ᠃ ᠰᠡᠷᠡᠩ ᠤᠨ ᠬᠢᠨ ᠬᠠᠭᠠᠰ ᠲᠠᠷᠢᠶᠠᠯᠠᠵᠤ ᠬᠠᠭᠠᠰ ᠮᠠᠯᠵᠢᠵᠤ ᠪᠠᠶᠢᠭ᠎ᠠ ᠪᠣᠯᠬᠤᠷ ᠡᠳᠡᠭᠡᠷ ᠡᠪᠡᠰᠦ ᠪᠣᠷᠳᠤᠭ᠎ᠠ ᠨᠢ ᠡᠨᠡ ᠡᠪᠣᠯ᠂ ᠢᠷᠡᠬᠦ ᠬᠠᠪᠤᠷ ᠤᠨ ᠲᠥᠯ ᠤᠨ ᠮᠠᠨᠳᠤ ᠣᠨᠳᠣᠷᠣᠯᠳᠠ ᠶᠢ ᠪᠠᠳᠤᠯᠠᠬᠤ ᠴᠢᠬᠤᠯᠠ ᠪᠠᠳᠤᠯᠠᠭ᠎ᠠ ᠪᠢᠯᠡ᠃ ᠡᠨᠡ ᠨᠠᠮᠤᠷ ᠲᠡᠷᠡ ᠵᠡᠷᠭᠡᠯᠡᠳᠡᠭᠡ ᠠᠶᠢᠯ ᠮᠠᠯᠴᠢᠨ ᠲᠤᠩᠨᠠ ᠶᠢᠨ ᠬᠠᠳᠤᠵᠤ ᠬᠤᠷᠢᠶᠠᠬᠤ ᠮᠠᠰᠢᠨ ᠢ ᠬᠦᠯᠦᠰᠦᠯᠡᠨ 20 ᠭᠠᠷᠤᠢ ᠮᠤ᠋ ᠶᠢᠨ ᠪᠤᠷᠤ ᠴᠠᠷᠭᠠᠰᠤ ᠪᠠᠨ ᠬᠠᠳᠤᠵᠤ ᠬᠤᠷᠢᠶᠠᠯᠭᠠᠭᠰᠠᠨ ᠪᠠᠶᠢᠨ᠎ᠠ᠃      ᠠᠵᠤ ᠠᠬᠤᠢ ᠨᠡᠶᠢᠭᠡᠮ ᠤᠨ ᠲᠦᠷᠬᠡᠨ ᠬᠦᠭᠵᠢᠯᠳᠡ ᠪᠠᠷ ᠮᠠᠯᠵᠢᠬᠤ ᠲᠠᠷᠢᠶᠠᠯᠠᠬᠤ ᠤᠷᠤᠨ ᠳᠤ ᠲᠠᠷᠢᠵᠤ ᠲᠡᠵᠢᠬᠡᠬᠦ ᠠᠴᠠ ᠬᠠᠳᠤᠵᠤ ᠬᠤᠷᠢᠶᠠᠬᠤ ᠡᠯ᠎ᠡ ᠭᠤᠭᠴᠤᠭᠠᠨ ᠳᠤ ᠤᠳᠤ ᠪᠦᠷ ᠡᠯ᠎ᠡ ᠲᠦᠷᠦᠯ ᠤᠨ ᠤᠯᠠᠨ ᠴᠢᠳᠡᠪᠬᠢᠳᠦ ᠮᠠᠰᠢᠨ ᠮᠧᠬᠠᠨᠢᠭ ᠢ ᠲᠦᠬᠡᠮᠡᠯᠵᠢᠬᠦᠯᠦᠨ ᠵᠠᠷᠤᠵᠤ ᠡᠬᠢᠯᠡᠭᠰᠡᠨ ᠢᠶᠠᠷ ᠬᠦᠳᠡᠯᠮᠦᠷᠢ ᠬᠦᠴᠦ ᠶᠢ ᠠᠷᠪᠢᠯᠠᠭᠰᠠᠨ ᠮᠥᠷᠳᠡᠭᠡᠨ ᠦᠷ᠎ᠡ ᠠᠰᠢᠭ ᠢ ᠴᠤ ᠶᠡᠬᠡᠬᠡᠨ ᠲᠡᠭᠡᠭᠰᠢᠯᠡᠬᠦᠯᠵᠡᠢ᠃ ᠮᠠᠯᠴᠢᠨ ᠲᠤᠩᠨᠠ ᠤᠨ ᠬᠢᠨ ᠦᠢᠯᠡᠳᠪᠤᠷᠢᠯᠠᠯ ᠠᠮᠢᠳᠤᠷᠠᠯ ᠳᠠᠭᠠᠨ ᠮᠠᠰᠢᠨᠴᠢᠯᠠᠯᠳᠠ ᠶᠢ ᠪᠡᠶᠡᠯᠡᠬᠦᠯᠦᠭᠰᠡᠨ ᠢᠶᠠᠷ ᠲᠦᠭᠦᠷᠵᠢᠭᠰᠡᠨ ᠮᠠᠰᠢᠨ ᠦᠢᠯᠡᠴᠢᠯᠡᠭᠡ ᠪᠠᠷ ᠢᠶᠠᠨ ᠤᠶᠢᠷ᠎ᠠ ᠵᠡᠷᠬᠡᠯᠡᠳᠡᠭᠡ ᠬᠦᠮᠦᠰ ᠲᠤ ᠦᠢᠯᠡᠴᠢᠯᠡᠬᠡᠳ ᠢᠯᠡᠬᠦᠦ ᠨᠢᠭᠡ ᠬᠤᠪᠢ ᠶᠢᠨ ᠣᠷᠣᠯᠭ᠎ᠠ ᠣᠯᠳᠠᠭ ᠪᠠᠶᠢᠨ᠎ᠠ᠃      ᠰᠦᠯᠳᠡ ᠰᠤᠮᠤᠨ ᠤ ᠱᠠᠷᠯᠢᠭ ᠭᠠᠴᠠᠭᠠᠨ ᠤ ᠮᠠᠯᠴᠢᠨ ᠱᠠᠵᠢᠨᠳᠠᠯᠠᠢ ᠶᠢᠨ ᠬᠢᠨ ᠡᠨᠡ ᠵᠢᠯ 30 ᠭᠠᠷᠤᠢ ᠮᠤ᠋ ᠤᠯᠠᠭᠠᠨ ᠠᠮᠤ ᠲᠠᠷᠢᠵᠠᠢ᠃ ᠭᠠᠴᠠᠭᠠᠨ ᠤ ᠪᠠᠨ ᠠᠮᠤ ᠬᠤᠷᠢᠶᠠᠬᠤ ᠮᠠᠰᠢᠨ ᠢᠶᠠᠷ ᠲᠠᠷᠢᠭᠰᠠᠨ ᠠᠮᠤ ᠪᠠᠨ ᠬᠤᠷᠢᠶᠠᠵᠤ ᠡᠨᠡ ᠵᠢᠯ ᠤᠨ ᠬᠤᠷᠢᠶᠠᠯᠳᠠ 2000 ᠵᠢᠩ ᠢ ᠲᠠᠪᠠᠨ᠎ᠠ ᠭᠡᠵᠦ ᠪᠠᠶᠠᠷᠯᠠᠨ ᠶᠠᠷᠢᠵᠤ ᠪᠠᠶᠢᠯ᠎ᠠ᠃ ᠱᠠᠵᠢᠨᠳᠠᠯᠠᠢ ᠤᠤᠯ ᠨᠢ ᠡᠷᠳᠡᠨᠢ ᠰᠢᠰᠢ ᠲᠠᠷᠢᠵᠤ ᠪᠠᠶᠢᠵᠠᠢ᠃ ᠭᠠᠴᠠᠭᠠᠨ ᠠᠴᠠ ᠮᠠᠯᠴᠢᠳ ᠤᠨ ᠠᠵᠤ ᠦᠢᠯᠡᠰ ᠢ ᠴᠢᠨᠠᠷᠵᠢᠭᠤᠯᠵᠤ ᠤᠷᠤᠯᠭ᠎ᠠ ᠶᠢ ᠨᠢ ᠤᠯᠠᠮ ᠨᠡᠮᠡᠭᠳᠡᠬᠦᠯᠬᠦ ᠡᠬᠦᠳᠡᠨ ᠠᠴᠠ ᠮᠠᠯᠴᠢᠳ ᠢᠶᠠᠨ ᠲᠠᠶᠢᠴᠢᠯᠠᠵᠤ ᠤᠯᠠᠭᠠᠨ ᠠᠮᠤ ᠲᠠᠷᠢᠬᠤ ᠠᠵᠤ ᠦᠢᠯᠡᠰ ᠢ ᠡᠷᠬᠢᠯᠡᠬᠦᠯᠬᠦ ᠶᠢᠨ ᠲᠠᠭᠠᠤ ᠲᠦᠬᠦᠷᠴᠢᠯᠡᠭᠰᠡᠨ ᠪᠤᠯᠪᠠᠰᠤᠷᠠᠭᠤᠯᠬᠤ ᠦᠢᠯᠡᠳᠪᠤᠷᠢ ᠪᠠᠶᠢᠭᠤᠯᠤᠭᠰᠠᠨ ᠠᠴᠠ ᠱᠠᠵᠢᠨᠳᠠᠯᠠᠢ ᠵᠤᠷᠢᠭᠳᠠᠢ ᠤᠯᠠᠭᠠᠨ ᠠᠮᠤ ᠲᠠᠷᠢᠭᠰᠠᠨ ᠪᠠᠶᠢᠵᠠᠢ᠃      ᠱᠠᠷᠯᠢᠭ ᠭᠠᠴᠠᠭ᠎ᠠ ᠤᠷᠤᠨ ᠪᠠᠶᠢᠷᠢᠰᠢᠯ ᠤᠨ ᠳᠠᠪᠠᠭᠤᠯᠢᠭ ᠢᠶᠠᠨ ᠠᠰᠢᠭᠯᠠᠨ ᠬᠤᠷᠢ ᠤᠷᠴᠢᠮ ᠡᠷᠦᠬᠡ‌‍ᠶᠢ ᠤᠷᠤᠯᠴᠠᠭᠤᠯᠤᠭᠰᠠᠨ 1000 ᠭᠠᠷᠣᠢ ᠮᠦ ᠶᠢᠨ ᠪᠣᠬᠢᠷᠳᠣᠯ ᠦᠬᠡᠢ ᠣᠷᠭᠠᠨᠢᠭ ︽ᠦᠣᠰᠢᠨ ᠣᠯᠠᠭᠠᠨ ᠠᠮᠤ︾ ᠲᠠᠷᠢᠵᠣ ᠮᠠᠯᠴᠢᠳ ᠲᠠᠢ ᠪᠠᠨ ᠭᠡᠷ᠎ᠡ ᠲᠤᠭᠲᠠᠨ ᠬᠤᠷᠢᠶᠠᠨ ᠠᠪᠴᠠᠢ᠃ ᠡᠨᠡᠬᠦ ᠠᠵᠢᠯᠯᠠᠭ᠎ᠠ ᠨᠢ ᠠᠮᠢ ᠠᠬᠤᠢ ᠣᠷᠴᠢᠨ ᠳᠣᠭᠤᠷᠢᠨ ᠢ ᠬᠠᠮᠠᠭᠠᠯᠠᠬᠤ᠂ ᠦᠨᠳᠣᠰᠣᠳᠡᠨ ᠤ ᠣᠯᠡᠮᠵᠢᠯᠡᠯᠲᠣ ᠢᠳᠡᠭᠡᠨ ᠤ ᠰᠣᠶᠣᠯ ᠢ ᠤᠯᠠᠮᠵᠢᠯᠠᠬᠤ᠂ ᠭᠠᠴᠠᠭᠠᠨ ᠤ ᠪᠠᠨ ᠬᠠᠮᠲᠣ ᠶᠢᠨ ᠠᠵᠣ ᠠᠬᠤᠢ ᠶᠢ ᠬᠦᠭᠵᠢᠬᠦᠯᠬᠦ᠂ ᠮᠠᠯᠴᠢᠳ ᠤᠨ ᠣᠷᠣᠯᠭ᠎ᠠ ᠶᠢ ᠨᠡᠮᠡᠭᠳᠡᠬᠦᠯᠬᠦ ᠵᠡᠷᠬᠡ ᠤᠯᠠᠨ ᠠᠰᠢᠭ ᠢ ᠵᠡᠷᠬᠡᠪᠡᠷ ᠡᠬᠦᠳᠴᠦ ᠪᠤᠢ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号