ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠠᠮᠧᠷᠢᠺᠠ ᠶᠢ ᠡᠰᠡᠷᠭᠦᠴᠡᠵᠥ ᠰᠣᠯᠣᠩᠭᠤᠰ ᠢ ᠲᠤᠰᠠᠯᠠᠬᠤ ᠪᠠᠷ ᠭᠠᠳᠠᠭᠠᠳᠤ ᠳᠤ ᠭᠠᠷᠴᠤ ᠲᠠᠶᠢᠨ ᠬᠢᠭᠰᠡᠨ 70 ᠵᠢᠯ ᠤᠨ ᠤᠢ ᠶᠢ ᠳᠤᠷᠠᠰᠬᠠᠬᠤ ᠶᠡᠭᠡ ᠬᠤᠷᠠᠯ ᠳᠡᠭᠡᠷᠡᠬᠢ ᠶᠠᠷᠢᠶ᠎ᠠ
ᠨᠡᠶᠢᠲᠡᠯᠡᠭᠰᠡᠨ ᠴᠠᠭ᠄
2020/10/27
   ︵2020 ᠣᠨ ᠤ 10 ᠰᠠᠷ᠎ᠠ ᠶᠢᠨ 23 ᠤ ᠡᠳᠦᠷ︶    ᠰᠢ ᠶᠢᠨ ᠫᠢᠩ        ᠨᠥᠬᠦᠳ ᠡ᠂ ᠨᠠᠶᠢᠵᠠ ᠨᠠᠷ ᠡ᠄    ᠡᠨᠡ ᠡᠳᠦᠷ ᠪᠢᠳᠡ ᠠᠳᠡ ᠦᠪᠡᠳᠡᠭᠰᠢ ᠶᠡᠭᠡ ᠴᠤᠬᠯᠠᠭᠠᠨ ᠪᠤᠯᠵᠦ᠂ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠪᠠᠷ ᠭᠠᠳᠠᠭᠠᠳᠤ ᠳᠤ ᠭᠠᠷᠴᠤ ᠲᠠᠶᠢᠨ ᠬᠢᠭᠰᠡᠨ 70 ᠵᠢᠯ ᠤᠨ ᠤᠢ ᠶᠢ ᠳᠤᠷᠠᠰᠬᠠᠵᠦ ᠪᠠᠶᠢᠨ᠎ᠠ᠃    70 ᠵᠢᠯ ᠤᠨ ᠡᠮᠦᠨ᠎ᠡ ᠳᠤᠮᠳᠠᠳᠤ ᠶᠢᠨ ᠰᠢᠯᠢᠳᠡᠭ ᠬᠦᠪᠡᠭᠦᠳ ᠦᠬᠢᠳ ᠢᠶᠠᠷ ᠪᠦᠷᠢᠯᠳᠦᠭᠰᠡᠨ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠠᠷᠠᠳ ᠲᠦᠮᠡᠨ ᠤ ᠬᠦᠨᠳᠦ ᠨᠠᠶᠢᠳᠠᠯᠭ᠎ᠠ᠂ ᠦᠨᠳᠦᠰᠦᠲᠡᠨ ᠤ ᠬᠦᠰᠡᠯ ᠡᠷᠡᠮᠡᠯᠵᠡᠯ ᠢ ᠡᠭᠦᠷᠭᠡᠯᠡᠨ᠂ ᠡᠩᠬᠡ ᠲᠠᠶᠢᠪᠤᠩ ᠢ ᠬᠠᠮᠠᠭᠠᠯᠠᠬᠤ᠂ ᠲᠦᠷᠢᠮᠡᠬᠡᠶᠢᠯᠡᠯ ᠢ ᠡᠰᠡᠷᠭᠦᠴᠡᠬᠦ ᠰᠢᠳᠤᠷᠭᠤ ᠶᠣᠰᠣᠨ ᠤ ᠲᠤᠭ ᠢ ᠥᠨᠳᠥᠷ ᠮᠠᠨᠳᠤᠭᠤᠯᠵᠥ᠂ ᠴᠤᠬ ᠵᠢᠪᠬᠤᠭ᠎ᠠ ᠲᠡᠭᠦᠯᠳᠡᠷ ᠢᠶᠠᠷ ᠶᠠᠯᠤᠵᠢᠶᠠᠩ ᠮᠥᠷᠡᠨ ᠢ ᠭᠡᠲᠦᠯᠤᠨ᠂ ᠠᠭᠤᠤ ᠶᠡᠭᠡ ᠤᠯᠤᠰ ᠢᠶᠠᠨ ᠬᠠᠶᠢᠷᠠᠯᠠᠬᠤ ᠦᠵᠡᠯ ᠤᠨ ᠵᠣᠷᠢᠭ ᠰᠠᠨᠠᠭ᠎ᠠ ᠪᠣᠯᠤᠨ ᠬᠤᠪᠢᠰᠬᠠᠯᠲᠤ ᠪᠠᠭᠠᠲᠤᠷᠯᠢᠭ ᠦᠵᠡᠯ ᠤᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠰᠣᠯᠣᠩᠭᠤᠰ ᠤᠨ ᠠᠷᠠᠳ ᠲᠦᠮᠡᠨ ᠪᠣᠯᠤᠨ ᠴᠡᠷᠢᠭ ᠠᠩᠭᠢ ᠲᠠᠢ ᠬᠠᠮᠲᠤ ᠪᠠᠷ ᠬᠤᠶᠠᠷ ᠵᠢᠯ ᠤᠨ ᠭᠠᠳᠠᠨ᠎ᠠ 9 ᠰᠠᠷ᠎ᠠ ᠰᠢᠷᠭᠠᠭᠤ ᠬᠠᠲᠠᠭᠤᠵᠢᠯᠲᠠᠶ ᠴᠢᠰᠦᠨ ᠪᠠᠶᠢᠯᠳᠤᠭᠠᠨ ᠬᠢᠵᠦ᠂ ᠠᠮᠧᠷᠢᠺᠠ ᠶᠢ ᠡᠰᠡᠷᠭᠦᠴᠡᠵᠥ ᠰᠣᠯᠣᠩᠭᠤᠰ ᠢ ᠲᠤᠰᠠᠯᠠᠬᠤ ᠲᠠᠶᠢᠨ ᠤ ᠠᠭᠤᠤ ᠶᠡᠭᠡ ᠢᠯᠠᠯᠲᠠ ᠶᠢ ᠤᠯᠵᠠᠢ᠃    ᠠᠮᠧᠷᠢᠺᠠ ᠶᠢ ᠡᠰᠡᠷᠭᠦᠴᠡᠵᠥ ᠰᠣᠯᠣᠩᠭᠤᠰ ᠢ ᠲᠤᠰᠠᠯᠠᠬᠤ ᠠᠭᠤᠤ ᠶᠡᠭᠡ ᠳᠠᠶᠢᠨ ᠨᠢ ᠡᠵᠡᠷᠬᠡᠭ ᠲᠦᠷᠢᠮᠡᠬᠡᠶᠢᠲᠡᠨ ᠤ ᠲᠦᠷᠢᠮᠡᠬᠡᠶᠢᠯᠡᠯ ᠤᠨ ᠲᠦᠷᠢᠯᠲᠡ ᠶᠢ ᠬᠤᠷᠢᠡᠡᠯᠠᠵᠤ᠂ ᠰᠢᠨ᠎ᠡ ᠳᠤᠮᠳᠠᠳᠤ ᠤᠯᠤᠰ ᠤᠨ ᠠᠮᠤᠷ ᠲᠦᠪᠰᠢᠨ ᠢ ᠬᠠᠮᠠᠭᠠᠯᠠᠨ᠂ ᠳᠤᠮᠳᠠᠳᠤ ᠤᠯᠤᠰ ᠤᠨ ᠠᠷᠠᠳ ᠲᠦᠮᠡᠨ ᠤ ᠡᠩᠬᠡ ᠲᠠᠶᠢᠪᠤᠩ ᠠᠮᠢᠳᠤᠷᠠᠯ ᠢ ᠬᠠᠮᠠᠭᠠᠯᠠᠵᠤ᠂ ᠰᠣᠯᠣᠩᠭᠤᠰ ᠬᠤᠶᠢᠭ ᠤᠨ ᠪᠠᠶᠢᠳᠠᠯ ᠢ ᠲᠣᠭᠲᠠᠪᠤᠷᠢᠵᠢᠭᠤᠯᠤᠨ᠂ ᠠᠽᠢᠶ᠎ᠠ ᠲᠢᠪ ᠪᠣᠯᠤᠨ ᠳᠡᠯᠡᠬᠡᠢ ᠶᠢᠨ ᠡᠩᠬᠡ ᠲᠠᠶᠢᠪᠤᠩ ᠢ ᠬᠠᠮᠠᠭᠠᠯᠠᠪᠠ᠃    ᠠᠮᠧᠷᠢᠺᠠ ᠶᠢ ᠡᠰᠡᠷᠭᠦᠴᠡᠵᠥ ᠰᠣᠯᠣᠩᠭᠤᠰ ᠢ ᠲᠤᠰᠠᠯᠠᠬᠤ ᠳᠠᠶᠢᠨ ᠤ ᠠᠭᠤᠤ ᠶᠡᠭᠡ ᠢᠯᠠᠯᠲᠠ ᠨᠢ ᠳᠤᠮᠳᠠᠳᠤ ᠶᠢᠨ ᠦᠨᠳᠦᠰᠦᠲᠡᠨ ᠤ ᠲᠡᠤᠬᠡᠨ ᠬᠠᠭᠤᠳᠠᠰᠤᠨ᠎ᠠ ᠡᠭᠦᠷᠢᠳᠡ ᠲᠡᠮᠳᠡᠭᠯᠡᠭᠳᠡᠬᠦ ᠶᠤᠮ︕ ᠬᠥᠮᠦᠨ ᠲᠥᠷᠥᠯᠬᠢᠲᠡᠨ ᠤ ᠡᠩᠬᠡ ᠲᠠᠶᠢᠪᠤᠩ᠂ ᠬᠥᠭᠵᠢᠯᠲᠡ᠂ ᠲᠠᠪᠰᠢᠯᠳᠠ ᠶᠢᠨ ᠲᠡᠤᠬᠡᠨ ᠬᠠᠭᠤᠳᠠᠰᠤᠨ᠎ᠠ ᠡᠭᠦᠷᠢᠳᠡ ᠲᠡᠮᠳᠡᠭᠯᠡᠭᠳᠡᠬᠦ ᠶᠤᠮ︕    — 70 ᠵᠢᠯ ᠤᠨ ᠲᠤᠷᠰᠢ᠂ ᠪᠢᠳᠡ ᠠᠬᠠᠮᠠᠳ ᠨᠢᠭᠡ ᠦᠶ᠎ᠡ ᠶᠢᠨ ᠬᠤᠪᠢᠰᠬᠠᠯᠴᠢᠳ ᠤᠨ ᠳᠡᠯᠡᠬᠡᠶ ᠶᠢᠨ ᠰᠢᠳᠤᠷᠭᠤ ᠶᠣᠰᠣ ᠶᠢ ᠬᠠᠮᠠᠭᠠᠯᠠᠬᠤ᠂ ᠳᠡᠯᠡᠬᠡᠶ ᠶᠢᠨ ᠡᠩᠭᠡ ᠲᠠᠶᠢᠪᠤᠩ ᠢ ᠬᠠᠮᠠᠭᠠᠯᠠᠬᠤ᠂ ᠰᠢᠨ᠎ᠡ ᠪᠠᠷ ᠮᠡᠨᠳᠦᠯᠡᠭᠰᠡᠨ ᠪᠥᠬᠦᠳᠡ ᠨᠠᠶᠢᠷᠠᠮᠳᠠᠬᠤ ᠤᠯᠤᠰ ᠢ ᠬᠠᠮᠠᠭᠠᠯᠠᠬᠤ ᠶᠢᠨ ᠲᠥᠯᠥᠭᠡ ᠪᠠᠶᠢᠭᠤᠯᠤᠭᠰᠠᠨ ᠪᠠᠯᠠᠷᠠᠰᠢ ᠦᠭᠡᠢ ᠭᠠᠪᠢᠶ᠎ᠠ ᠵᠢᠳᠬᠦᠯ ᠢ ᠶᠡᠷᠦ ᠠᠴᠠ ᠮᠠᠷᠳᠠᠭ᠎ᠠ ᠦᠬᠡᠢ᠂ ᠨᠠᠮ ᠤᠨ ᠲᠥᠪ ᠬᠤᠷᠢᠶ᠎ᠠ ᠪᠣᠯᠤᠨ ᠮᠠᠤ ᠽᠧ ᠳ᠋ᠦᠩ ᠨᠥᠬᠦᠷ ᠤᠨ ᠲᠤᠬᠠᠶ ᠶᠢᠨ ᠵᠢᠯ ᠳᠤ ᠭᠠᠷᠭᠠᠭᠰᠠᠨ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠭᠠᠳᠠᠭᠠᠳᠤ ᠳᠤ ᠭᠠᠷᠴᠤ ᠲᠠᠶᠢᠨ ᠬᠢᠬᠦ ᠴᠢᠬᠤᠯᠠ ᠶᠡᠭᠡ  ᠰᠢᠢᠳᠪᠦᠷᠢᠲᠤ ᠪᠤᠳᠤᠯᠭ᠎ᠠ ᠶᠢᠨ ᠠᠯᠤᠰ ᠬᠡᠳᠦ ᠶᠢᠨ ᠠᠴᠢ ᠬᠤᠯᠪᠣᠭᠳᠠᠯ ᠢ ᠶᠡᠷᠦ ᠠᠴᠠ ᠮᠠᠷᠲᠠᠭ᠎ᠠ ᠦᠭᠡᠢ ᠶᠤᠮ᠃ ᠡᠨᠡ ᠬᠦ ᠴᠠᠭ ᠮᠥᠴᠡ ᠳᠤ᠂ ᠪᠢᠳᠡ ᠠᠬᠠᠮᠠᠳ ᠨᠢᠭᠡ ᠦᠶ᠎ᠡ ᠶᠢᠨ ᠬᠤᠪᠢᠰᠬᠠᠯᠴᠢᠳ ᠲᠠᠭᠠᠨ ᠬᠠᠮᠤᠭ ᠤᠨ ᠭᠦᠨ ᠮᠦᠷᠦᠭᠡᠳᠦᠯ ᠢᠶᠠᠨ ᠢᠯᠡᠳᠭᠡᠵᠤ ᠪᠠᠶᠢᠨ᠎ᠠ︕    — 70 ᠵᠢᠯ ᠤᠨ ᠲᠤᠷᠰᠢ᠂ ᠪᠢᠳᠠ ᠰᠦᠷ ᠵᠢᠪᠬᠤᠯᠠᠩᠲᠤ ᠪᠠᠭᠠᠲᠤᠷᠴᠤᠳ ᠤᠨ ᠮᠠᠭᠲᠠᠭᠠᠯ ᠳᠠᠭᠤᠤ ᠶᠢ ᠪᠢᠴᠢᠭᠯᠡᠭᠰᠡᠨ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠳᠠᠷᠤᠭ᠎ᠠ ᠪᠠᠶᠢᠯᠳᠤᠭᠴᠢᠳ ᠵᠢᠴᠢ ᠡᠨᠡ ᠤᠳᠠᠭ᠎ᠠ ᠶᠢᠨ ᠲᠠᠶᠢᠨ ᠤ ᠢᠯᠠᠯᠲᠠ ᠳᠤ ᠬᠤᠪᠢ ᠨᠡᠮᠡᠷᠢ ᠦᠵᠡᠭᠦᠯᠦᠭᠰᠡᠨ ᠪᠤᠢ ᠪᠦᠬᠦᠢ ᠬᠦᠮᠦᠨ ᠢ ᠶᠠᠷᠤ ᠠᠴᠠ ᠮᠠᠷᠳᠠᠭ᠎ᠠ ᠦᠬᠡᠢ ᠶᠤᠮ᠃ ᠪᠢ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠪᠣᠯᠤᠨ ᠲᠥᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠡᠮᠦᠨ᠎ᠠ ᠠᠴᠠ ᠠᠮᠢᠳᠤ ᠰᠡᠷᠡᠭᠦᠨ ᠪᠠᠶᠢᠭ᠎ᠠ ᠪᠤᠢ ᠪᠦᠬᠦᠢ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠠᠬᠠᠮᠠᠳ ᠪᠠᠶᠢᠯᠳᠤᠭᠴᠢ᠂ ᠠᠬᠠᠮᠠᠳ ᠨᠥᠬᠦᠳ᠂ ᠵᠡᠮᠳᠡᠭ ᠠᠯᠳᠡᠷ ᠬᠦᠨᠳᠦᠳᠦ ᠴᠡᠷᠢᠭ ᠲᠤ᠂ ᠲᠤᠬᠠᠶ ᠶᠢᠨ ᠵᠢᠯ ᠤᠨ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠳᠠᠶᠢᠨ ᠢ ᠳᠡᠮᠵᠢᠭᠰᠡᠨ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ᠂ ᠢᠯᠠᠩᠭᠤᠶ᠎ᠠ ᠳᠠᠶᠢᠨ ᠳᠤ ᠣᠷᠣᠯᠴᠠᠨ ᠡᠮᠦᠨ᠎ᠡ ᠹᠷᠣᠨᠲ ᠢ ᠳᠡᠮᠵᠢᠭᠰᠡᠨ ᠬᠥᠮᠦᠰ ᠲᠤ᠂ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠦᠷᠡᠭᠳᠡᠭᠰᠡᠨ ᠪᠠᠭᠠᠲᠤᠷᠴᠤᠳ ᠤᠨ ᠭᠡᠷ ᠪᠦᠯᠢ᠂ ᠴᠡᠷᠢᠭ ᠤᠨ ᠭᠡᠷ ᠪᠦᠯᠢ ᠶᠢᠨ ᠬᠢᠨ ᠳᠤ ᠴᠢᠩ ᠰᠡᠳᠭᠢᠯ ᠤᠨ ᠮᠡᠨᠳᠦᠴᠢᠯᠡᠯ ᠳᠡᠪᠰᠢᠭᠦᠯᠦᠶ᠎ᠡ︕    — 70 ᠵᠢᠯ ᠤᠨ ᠲᠤᠷᠰᠢ᠂ ᠪᠢᠳᠠ ᠠᠮᠧᠷᠢᠺᠠ ᠶᠢ ᠡᠰᠡᠷᠭᠦᠴᠡᠵᠥ ᠰᠣᠯᠣᠩᠭᠤᠰ ᠢ ᠲᠤᠰᠠᠯᠠᠬᠤ ᠳᠠᠶᠢᠨ ᠤ ᠳᠤᠮᠳᠠ ᠪᠠᠭᠠᠲᠤᠷᠯᠢᠭ ᠢᠶᠠᠷ ᠪᠡᠶ᠎ᠡ ᠦᠷᠡᠭᠳᠡᠭᠰᠡᠨ ᠪᠠᠭᠠᠲᠤᠷᠴᠤᠳ ᠢᠶᠠᠨ ᠶᠡᠷᠦ ᠠᠴᠠ ᠮᠠᠷᠲᠠᠭ᠎ᠠ ᠦᠭᠡᠢ ᠶᠤᠮ᠃ 19 ᠲᠦᠮᠡ 7 ᠮᠢᠩᠭ᠎ᠠ ᠭᠠᠷᠤᠶ ᠪᠠᠭᠠᠲᠤᠷ ᠬᠥᠪᠡᠭᠦᠳ ᠥᠬᠢᠳ ᠡᠬᠡ ᠤᠯᠤᠰ ᠤᠨ ᠢᠶᠠᠨ ᠲᠥᠯᠥᠭᠡ᠂ ᠠᠷᠠᠳ ᠲᠦᠮᠡᠨ ᠤ ᠪᠠᠨ ᠲᠥᠯᠥᠭᠡ᠂ ᠡᠩᠬᠡ ᠲᠠᠶᠢᠪᠤᠩ ᠤᠨ ᠲᠥᠯᠥᠭᠡ ᠡᠷᠬᠢᠮ ᠨᠠᠨᠳᠢᠨ ᠠᠮᠢ ᠨᠠᠰᠤ ᠪᠠᠨ ᠵᠣᠷᠢᠭᠤᠯᠪᠠ᠃ ᠦᠷᠡᠭᠳᠡᠭᠰᠡᠨ ᠪᠠᠭᠠᠲᠤᠷᠴᠤᠳ ᠤᠨ ᠭᠠᠪᠢᠶ᠎ᠠ ᠵᠢᠳᠬᠦᠯ ᠡᠭᠦᠷᠢᠳᠡ ᠳᠠᠭᠤᠷᠢᠰᠴᠤ᠂ ᠦᠷᠡᠭᠳᠡᠭᠰᠡᠨ ᠪᠠᠭᠠᠲᠤᠷᠴᠤᠳ ᠤᠨ ᠨᠡᠷ᠎ᠠ ᠠᠯᠳᠠᠷ ᠦᠨᠢᠳᠡ ᠪᠠᠯᠠᠷᠠᠰᠢ ᠦᠭᠡᠢ ᠶᠤᠮ︕    ᠠᠮᠧᠷᠢᠺᠠ ᠶᠢ ᠡᠰᠡᠷᠭᠦᠴᠡᠵᠤ ᠰᠣᠯᠣᠩᠭᠤᠰ ᠢ ᠲᠤᠰᠠᠯᠠᠬᠤ ᠳᠠᠶᠢᠨ ᠳᠤ ᠰᠣᠯᠣᠩᠭᠤᠰ ᠤᠨ ᠨᠠᠮ᠂ ᠵᠠᠰᠠᠭ ᠤᠨ ᠣᠷᠳᠣᠨ᠂ ᠠᠷᠠᠳ ᠲᠦᠮᠡᠨ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠢ ᠬᠠᠯᠠᠮᠵᠢᠯᠠᠵᠤ ᠬᠠᠶᠢᠷᠠᠯᠠᠨ ᠳᠠᠮᠵᠢᠵᠤ᠂ ᠳᠤᠮᠳᠠᠳᠤ ᠰᠣᠯᠣᠩᠭᠤᠰ ᠬᠤᠶᠠᠷ ᠤᠯᠤᠰ ᠤᠨ ᠠᠷᠠᠳ ᠲᠦᠮᠡᠨ ᠪᠣᠯᠤᠨ ᠴᠡᠷᠢᠭ ᠠᠩᠭᠢ ᠵᠢᠷᠭᠠᠯ ᠵᠣᠪᠠᠯᠠᠩ ᠢᠶᠠᠨ ᠬᠠᠮᠳᠤᠳᠬᠠᠨ᠂ ᠦᠬᠦᠵᠦ ᠰᠡᠬᠡᠬᠦ ᠪᠠᠨ ᠬᠠᠮᠲᠤᠳᠬᠠᠵᠤ᠂ ᠠᠷᠢᠭᠤᠨ ᠴᠢᠰᠤ ᠪᠠᠷ ᠢᠶᠠᠨ ᠠᠭᠤᠤ ᠶᠡᠭᠡ ᠳᠠᠶᠢᠴᠢᠨ ᠨᠥᠬᠦᠷᠯᠡᠯ ᠢ ᠪᠠᠶᠢᠭᠤᠯᠵᠠᠢ᠃ ᠳᠡᠯᠡᠬᠡᠶ ᠳᠡᠭᠡᠷᠡᠬᠢ ᠠᠯᠢᠪᠠ ᠡᠩᠬᠡ ᠲᠠᠶᠢᠪᠤᠩ ᠢ ᠡᠷᠬᠢᠮᠯᠡᠳᠡᠭ ᠤᠯᠤᠰ ᠪᠠ ᠠᠷᠠᠳ ᠲᠦᠮᠡᠨ᠂ ᠨᠥᠬᠦᠷᠰᠡᠭ ᠵᠣᠬᠢᠶᠠᠨ ᠪᠠᠶᠢᠭᠤᠯᠤᠯᠲᠠ ᠪᠠ ᠨᠥᠬᠦᠷᠰᠡᠭ ᠬᠥᠮᠦᠰ ᠴᠦᠮ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠤᠨ ᠰᠣᠯᠣᠩᠭᠤᠰ ᠲᠤ ᠣᠷᠣᠵᠤ ᠪᠠᠶᠢᠯᠳᠤᠭᠠᠨ ᠬᠢᠭᠰᠡᠨ ᠳᠤ ᠬᠦᠴᠦᠲᠡᠶ ᠲᠤᠰᠠᠯᠠᠮᠵᠢ ᠪᠠ ᠳᠡᠮᠵᠢᠭᠡ ᠦᠵᠡᠭᠦᠯᠵᠠᠢ᠃ ᠪᠢ ᠳᠤᠮᠳᠠᠳᠤ ᠤᠯᠤᠰ ᠤᠨ ᠨᠠᠮ᠂ ᠵᠠᠰᠠᠭ ᠤᠨ ᠣᠷᠳᠣᠨ᠂ ᠴᠡᠷᠢᠭ ᠠᠩᠭᠢ ᠶᠢᠨ ᠡᠮᠦᠨ᠎ᠡ ᠠᠴᠠ ᠲᠡᠳᠡᠨ ᠳᠤ ᠴᠢᠩ ᠰᠡᠳᠬᠢᠯ ᠤᠨ ᠲᠠᠯᠠᠷᠬᠠᠯ ᠢᠶᠠᠨ ᠳᠡᠪᠰᠢᠭᠦᠯᠵᠤ ᠪᠠᠶᠢᠨ᠎ᠠ︕    ᠨᠥᠬᠦᠳ ᠡ᠂ ᠨᠠᠶᠢᠵᠠ ᠨᠠᠷ ᠡ︕    ᠳᠤᠮᠳᠠᠳᠤ ᠶᠢᠨ ᠦᠨᠳᠦᠰᠦᠲᠡᠨ ᠪᠣᠯ ᠡᠩᠬᠡ ᠲᠠᠶᠢᠪᠤᠩ ᠢ ᠡᠷᠬᠢᠮᠯᠡᠳᠡᠭ ᠦᠨᠳᠦᠰᠦᠲᠡᠨ ᠮᠥᠨ᠂ ᠳᠤᠮᠳᠠᠳᠤ ᠤᠯᠤᠰ ᠤᠨ ᠠᠷᠠᠳ ᠲᠦᠮᠡᠨ ᠪᠣᠯ ᠡᠩᠬᠡ ᠲᠠᠶᠢᠪᠤᠩ ᠢ ᠡᠷᠬᠢᠮᠯᠡᠳᠡᠭ ᠠᠷᠠᠳ ᠲᠦᠮᠡᠨ ᠮᠥᠨ᠃ ᠣᠷᠴᠢᠨ ᠦᠶ᠎ᠡ ᠠᠴᠠ ᠨᠠᠭᠠᠰᠢ᠂ ᠳᠤᠮᠳᠠᠳᠤ ᠤᠯᠤᠰ ᠤᠨ ᠠᠷᠠᠳ ᠲᠦᠮᠡᠨ ᠬᠦᠴᠦᠷᠬᠡᠭ ᠤᠯᠤᠰ ᠤᠨ ᠲᠦᠷᠢᠮᠡᠬᠡᠶᠢᠯᠡᠯ ᠳᠠᠷᠤᠯᠠᠯ ᠢ ᠬᠠᠨᠤᠳᠠᠯ᠎ᠠ ᠠᠮᠰᠠᠵᠤ᠂ ᠳᠠᠶᠢᠨ ᠳᠠᠵᠢᠨ ᠤ ᠬᠠᠯᠠ ᠵᠤᠪᠠᠯᠠᠩ ᠢ ᠬᠠᠨᠤᠳᠠᠯ᠎ᠠ ᠠᠮᠰᠠᠬᠰᠠᠨ ᠪᠤᠯᠬᠤᠷ ᠳᠠᠶᠢᠨ ᠪᠠᠶᠢᠯᠳᠤᠭᠠᠨ ᠤ ᠬᠠᠷᠠᠰᠠᠯᠳᠤ ᠪᠠᠶᠢᠳᠠᠯ ᠬᠢᠭᠡᠳ ᠡᠩᠬᠡ ᠲᠠᠶᠢᠪᠤᠩ ᠤᠨ ᠡᠷᠬᠢᠮ ᠨᠠᠨᠳᠢᠨ ᠢ ᠨᠡᠩ ᠭᠦᠨ ᠣᠶᠢᠯᠠᠭᠠᠨ᠎ᠠ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠡᠬᠢᠨ ᠤ ᠣᠢᠶ᠎ᠠ ᠳᠤ ᠬᠥᠭᠵᠢᠭᠦᠯᠬᠦ ᠴᠢᠬᠤᠯᠠᠲᠠᠶ ᠵᠦᠢᠯ᠂ ᠬᠢᠬᠦ ᠴᠢᠬᠤᠯᠠ ᠲᠠᠢ ᠠᠵᠢᠯ ᠵᠠᠬ᠎ᠠ ᠠᠴᠠ ᠤᠯᠠᠨ ᠪᠠᠶᠢᠵᠤ᠂ ᠳᠤᠮᠳᠠᠳᠤ ᠤᠯᠤᠰ ᠤᠨ ᠠᠷᠠᠳ ᠲᠦᠮᠡᠨ ᠡᠩᠬᠡ ᠲᠠᠶᠢᠪᠤᠩ ᠠᠮᠤᠷ ᠠᠮᠤᠭᠤᠯᠠᠩ ᠢ ᠬᠢᠵᠠᠭᠠᠯᠠᠰᠢ ᠦᠭᠡᠢ ᠬᠦᠰᠡᠨ ᠡᠷᠡᠮᠡᠯᠵᠡᠵᠦ ᠪᠠᠶᠢᠪᠠ᠃ ᠭᠡᠳᠡᠯ᠎ᠠ ᠳᠤᠮᠳᠠᠳᠤ ᠤᠯᠤᠰ ᠤᠨ ᠠᠷᠠᠳ ᠲᠦᠮᠡᠨ ᠤ ᠡᠨᠡ ᠬᠦ ᠬᠦᠰᠡᠯ ᠡᠷᠡᠮᠡᠯᠵᠡᠯ ᠨᠢ ᠬᠠᠷᠬᠢᠰ ᠪᠦᠳᠦᠭᠦᠯᠢᠭ ᠥᠷᠢᠰᠥᠯᠳᠦᠭᠡᠨ ᠳᠤ ᠤᠴᠠᠷᠠᠵᠤ᠂ ᠡᠵᠡᠷᠬᠡᠭ ᠲᠦᠷᠢᠮᠡᠭᠡᠶᠢᠳᠡᠳ ᠲᠠᠶᠢᠨ ᠳᠠᠵᠢᠨ ᠢ ᠳᠤᠮᠳᠠᠳᠤ ᠤᠯᠤᠰ ᠤᠨ ᠠᠷᠠᠳ ᠲᠦᠮᠡᠨ ᠳᠤ ᠠᠯᠪᠠ ᠪᠠᠷ ᠲᠤᠯᠭᠠᠵᠠᠢ᠃    1950 ᠣᠨ ᠤ 6 ᠰᠠᠷ᠎ᠠ ᠶᠢᠨ 25 ᠤ ᠡᠳᠦᠷ᠂ ᠰᠣᠯᠣᠩᠭᠤᠰ ᠤᠨ ᠳᠣᠲᠣᠭᠠᠳᠤ ᠶᠢᠨ ᠲᠠᠶᠢᠨ ᠡᠭᠦᠰᠴᠠᠢ᠃ ᠠᠮᠧᠷᠢᠺᠠ ᠶᠢᠨ ᠵᠠᠰᠠᠭ ᠤᠨ ᠣᠷᠳᠣᠨ ᠲᠡᠭᠦᠨ ᠤ ᠪᠦᠬᠦ ᠪᠥᠮᠪᠥᠷᠴᠡᠭ ᠤᠨ ᠪᠠᠶᠢᠯᠳᠤᠬᠤ ᠪᠣᠳᠣᠯᠭ᠎ᠠ ᠪᠣᠯᠤᠨ ᠬᠦᠢᠲᠡᠨ ᠳᠠᠶᠢᠨ ᠤ ᠰᠡᠳᠬᠢᠬᠦᠶ ᠠᠴᠠ ᠪᠠᠨ ᠡᠭᠦᠰᠴᠦ᠂ ᠰᠣᠯᠣᠩᠭᠤᠰ ᠤᠨ ᠳᠣᠲᠣᠭᠠᠳᠤ ᠶᠢᠨ ᠳᠠᠶᠢᠨ ᠳᠤ ᠵᠡᠪᠰᠡᠭᠲᠦ ᠬᠦᠴᠦ ᠪᠠᠷ ᠭᠠᠷ ᠲᠦᠷᠦᠭᠦ ᠲᠤᠭᠳᠠᠭᠠᠯ ᠭᠠᠷᠭᠠᠭᠰᠠᠨ ᠪᠥᠭᠡᠳ ᠳᠣᠯᠣᠳᠤᠭᠠᠷ ᠬᠥᠯᠭᠡ ᠣᠩᠭᠤᠴᠠᠲᠤ ᠠᠩᠭᠢ ᠪᠠᠨ ᠲᠣᠮᠢᠯᠠᠨ ᠲᠠᠶᠢᠸᠠᠨ ᠬᠤᠭᠤᠯᠠᠶ ᠳᠤ ᠲᠦᠷᠢᠮᠡᠬᠡᠶᠢᠯᠡᠨ ᠣᠷᠣᠪᠠ᠃ 1950 ᠣᠨ ᠤ 10 ᠰᠠᠷ᠎ᠠ ᠶᠢᠨ ᠡᠬᠢ ᠪᠠᠷ ᠠᠮᠧᠷᠢᠺᠠ ᠶᠢᠨ ᠴᠡᠷᠢᠭ ᠳᠤᠮᠳᠠᠳᠤ ᠤᠯᠤᠰ ᠤᠨ ᠵᠠᠰᠠᠭ ᠤᠨ ᠣᠷᠳᠣᠨ ᠤ ᠳᠠᠬᠢᠨ ᠳᠠᠪᠲᠠᠨ ᠰᠡᠷᠡᠮᠵᠢᠯᠡᠬᠦᠯᠬᠦ ᠶᠢ ᠦᠯᠦ ᠬᠠᠶᠢᠬᠤᠷᠤᠨ ᠭᠤᠴᠢᠨ ᠨᠠᠢᠮᠠᠳᠤᠭᠠᠷ ᠱᠤᠭᠤᠮ ᠢ ᠠᠶᠤᠮᠰᠢᠭ ᠦᠭᠡᠢ ᠳᠠᠪᠠᠵᠤ᠂ ᠳᠠᠶᠢᠨ ᠤ ᠭᠠᠯ ᠢ ᠳᠤᠮᠳᠠᠳᠤ ᠰᠣᠯᠣᠩᠭᠤᠰ ᠤᠨ ᠬᠢᠯᠢ ᠬᠢᠵᠠᠭᠠᠷ ᠬᠦᠷᠲᠡᠯ᠎ᠡ ᠦᠷᠬᠦᠯᠵᠢᠯᠡᠬᠦᠯᠪᠡ᠃ ᠰᠣᠯᠣᠩᠭᠤᠰ ᠢ ᠲᠦᠷᠢᠮᠡᠬᠡᠶᠢᠯᠡᠭᠰᠡᠨ ᠠᠮᠧᠷᠢᠺᠠ ᠶᠢᠨ ᠴᠡᠷᠢᠭ ᠤᠨ ᠨᠢᠰᠬᠡᠯ ᠳᠤᠮᠳᠠᠳᠤ ᠤᠯᠤᠰ ᠤᠨ ᠵᠡᠭᠦᠨ ᠬᠤᠶᠢᠲᠤ ᠣᠷᠣᠨ ᠤ ᠬᠢᠯᠢ ᠬᠢᠵᠠᠭᠠᠷ ᠣᠷᠣᠨ ᠢ ᠣᠯᠠᠨ ᠤᠳᠠᠭ᠎ᠠ ᠳᠡᠯᠪᠡᠴᠢᠨ᠂ ᠠᠷᠠᠳ ᠲᠦᠮᠡᠨ ᠤ ᠠᠮᠢ ᠨᠠᠰᠤ ᠡᠳ᠋ ᠬᠦᠷᠦᠩᠭᠡ ᠳᠤ ᠬᠦᠨᠳᠦ ᠨᠣᠴᠢᠲᠠᠶ ᠬᠤᠬᠢᠷᠠᠯ ᠤᠴᠠᠷᠠᠭᠤᠯᠵᠤ᠂ ᠮᠠᠨ ᠤ ᠤᠯᠤᠰ ᠤᠨ ᠠᠮᠤᠷ ᠲᠦᠪᠰᠢᠨ ᠬᠦᠨᠳᠦ ᠨᠣᠴᠢᠲᠠᠶ ᠰᠦᠷᠳᠡᠭᠦᠯᠦᠯ ᠳᠤ ᠲᠤᠯᠭᠠᠷᠠᠵᠠᠢ᠃    ᠡᠨᠡ ᠬᠦ ᠠᠶᠤᠯ ᠲᠦᠭᠰᠢᠭᠦᠷᠢᠲᠡᠶ ᠵᠠᠩᠭᠢᠯᠠᠭ᠎ᠠ ᠶᠢᠨ ᠦᠶ᠎ᠡ ᠳᠤ᠂ ᠰᠣᠯᠣᠩᠭᠤᠰ ᠤᠨ ᠨᠠᠮ ᠪᠠ ᠵᠠᠰᠠᠭ ᠤᠨ ᠣᠷᠳᠣᠨ ᠤ ᠭᠤᠶᠤᠴᠢᠯᠠᠯ ᠢᠶᠠᠷ ᠳᠤᠮᠳᠠᠳᠤ ᠤᠯᠤᠰ ᠤᠨ ᠨᠠᠮ ᠪᠠ ᠵᠠᠰᠠᠭ ᠤᠨ ᠣᠷᠳᠣᠨ ᠶᠡᠷᠦ ᠪᠤᠰᠤ ᠶᠢᠨ ᠰᠥᠰᠥ ᠵᠣᠷᠢᠭ ᠪᠠᠭᠠᠳᠤᠷ ᠪᠤᠳᠤᠯᠭ᠎ᠠ ᠪᠠᠷ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ᠂ ᠤᠯᠤᠰ ᠣᠷᠣᠨ ᠢᠶᠠᠨ ᠬᠠᠮᠠᠭᠠᠯᠠᠬᠤ ᠲᠡᠤᠬᠡᠲᠦ ᠴᠢᠨᠠᠷᠲᠠᠶ ᠰᠢᠢᠳᠪᠦᠷᠢᠲᠦ ᠪᠤᠳᠤᠯᠭ᠎ᠠ ᠭᠠᠷᠭᠠᠪᠠ᠃ 1950 ᠣᠨ ᠤ 10 ᠰᠠᠷ᠎ᠠ ᠶᠢᠨ 19 ᠤ ᠡᠳᠦᠷ᠂ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠺᠤᠮᠠᠨᠳ᠋ᠯᠠᠬᠴᠢ ᠪᠦᠭᠡᠳ ᠺᠤᠮᠢᠰᠰᠠᠷ ᠫᠧᠩ ᠳ᠋ᠧ ᠬᠤᠸᠠᠢ ᠶᠢᠨ ᠲᠠᠭᠠᠭᠤᠯᠭ᠎ᠠ ᠳᠣᠣᠷ᠎ᠠ ᠰᠣᠯᠣᠩᠭᠤᠰ ᠤᠨ ᠲᠠᠶᠢᠨ ᠤ ᠲᠠᠯᠠᠪᠤᠷ ᠲᠤ ᠣᠷᠣᠪᠠ᠃ ᠡᠨᠡ ᠪᠣᠯ ᠰᠢᠳᠤᠷᠭᠤ ᠶᠣᠰᠣᠨ ᠤ ᠴᠡᠷᠢᠭ ᠤᠨ ᠰᠢᠳᠤᠷᠭᠤ ᠶᠣᠰᠣᠨ ᠤ ᠠᠵᠢᠯᠯᠠᠭ᠎ᠠ ᠪᠤᠯᠤᠨ᠎ᠠ᠃    ᠠᠮᠧᠷᠢᠺᠠ ᠶᠢ ᠡᠰᠡᠷᠭᠦᠴᠡᠵᠤ ᠰᠣᠯᠣᠩᠭᠤᠰ ᠢ ᠲᠤᠰᠠᠯᠠᠬᠤ ᠲᠠᠶᠢᠨ ᠪᠣᠯ ᠬᠤᠶᠠᠷ ᠲᠠᠯ᠎ᠠ ᠶᠢᠨ ᠬᠦᠴᠦᠨ ᠲᠦᠢᠯ ᠤᠨ ᠶᠡᠭᠡ ᠵᠥᠷᠢᠶ᠎ᠡ ᠲᠠᠢ ᠪᠠᠶᠢᠭᠰᠠᠨ ᠨᠥᠬᠦᠴᠡᠯ ᠪᠠᠶᠢᠳᠠᠯ ᠳᠣᠤᠷ᠎ᠠ ᠶᠠᠪᠤᠭᠳᠠᠭᠰᠠᠨ ᠨᠢᠭᠡ ᠤᠳᠠᠭ᠎ᠠ ᠶᠢᠨ ᠣᠳᠣᠬᠢᠴᠢᠯᠠᠭᠰᠠᠨ ᠲᠠᠶᠢᠨ ᠮᠥᠨ᠃ ᠲᠤᠬᠠᠶ ᠶᠢᠨ ᠦᠶ᠎ᠡ ᠳᠤ ᠳᠤᠮᠳᠠᠳᠤ ᠠᠮᠧᠷᠢᠺᠠ ᠬᠤᠶᠠᠷ ᠤᠯᠤᠰ ᠤᠨ ᠤᠯᠤᠰ ᠤᠨ ᠬᠦᠴᠦᠨ ᠯᠤᠲᠤ ᠶᠡᠭᠡ ᠵᠥᠷᠢᠶ᠎ᠡ ᠲᠠᠢ ᠪᠠᠶᠢᠪᠠ᠃ ᠡᠶᠢᠨ ᠬᠦ ᠲᠦᠢᠯ ᠤᠨ ᠲᠡᠩᠴᠡᠭᠦᠷᠢ ᠦᠭᠡᠢ᠂ ᠲᠦᠢᠯ ᠤᠨ ᠬᠠᠳᠠᠭᠤ ᠪᠡᠷᠬᠡᠰᠢᠶᠡᠯ ᠲᠠᠢ ᠨᠦᠬᠦᠴᠡᠯ ᠪᠠᠶᠢᠳᠠᠯ ᠳᠣᠣᠷ᠎ᠠ᠂ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠰᠣᠯᠣᠩᠭᠤᠰ ᠤᠨ ᠴᠡᠷᠢᠭ ᠠᠷᠠᠳ ᠲᠠᠢ ᠨᠢᠭᠲᠠ ᠬᠠᠮᠵᠢᠯᠴᠠᠨ᠂ ᠯᠢᠶᠠᠩ ᠱᠦᠶ ᠳ᠋ᠦᠩ ᠳᠤ ᠠᠩᠬ᠎ᠠ ᠪᠠᠶᠢᠯᠳᠤᠵᠦ᠂ ᠦᠨᠰᠠᠨ ᠬᠤᠳᠠ ᠳᠤ ᠰᠢᠷᠦᠬᠦᠨ ᠲᠤᠯᠤᠯᠳᠤᠨ᠂ ᠼᠧᠩᠼᠧᠨ ᠭᠠᠩ ᠮᠥᠷᠡᠨ ᠳᠤ ᠶᠡᠭᠡ ᠲᠠᠶᠢᠯᠠᠯᠳᠤᠭᠠᠨ ᠬᠢᠵᠦ᠂ ᠽᠠᠩᠵᠢᠨ ᠨᠠᠭᠤᠷ ᠲᠤ ᠨᠦᠷᠢᠨ ᠪᠠᠶᠢᠯᠳᠤᠭᠠᠳ᠂ ᠵᠠᠯᠭᠠᠭ᠎ᠠ ᠪᠠᠷ 5 ᠤᠳᠠᠭᠠᠨ ᠤ ᠳᠠᠶᠢᠯᠠᠯᠳᠤᠭᠠᠨ ᠬᠢᠵᠦ᠂ ᠳᠠᠷᠠᠭ᠎ᠠ ᠨᠢ ᠪᠠᠰᠠ ᠪᠤᠯᠤᠳ ᠬᠡᠷᠡᠮ ᠲᠡᠮᠦᠷ ᠬᠠᠨ᠎ᠠ ᠮᠡᠲᠦ ᠭᠦᠨ ᠰᠡᠷᠭᠡᠶᠢᠯᠡᠯᠲᠡ ᠶᠢᠨ ᠵᠢᠭᠰᠠᠭᠠᠯ ᠤᠨ ᠭᠠᠵᠠᠷ ᠪᠠᠶᠢᠭᠤᠯᠵᠤ᠂ ᠣᠯᠠᠨ ᠤᠳᠠᠭᠠᠨ ᠤ ᠳᠠᠭᠠᠷᠢᠯᠲᠠ ᠶᠠᠪᠤᠭᠤᠯᠤᠨ᠂ ︽ᠪᠣᠭᠤᠮᠢᠯᠠᠬᠤ ᠳᠠᠶᠢᠨ︾ ᠢ ᠪᠤᠳᠠ ᠨᠢᠷᠭᠡᠵᠦ᠂ ︽ᠪᠠᠺᠲ᠋ᠧᠷᠢ ᠶᠢᠨ ᠳᠠᠶᠢᠨ︾ ᠢ ᠡᠰᠡᠷᠭᠦᠴᠡᠨ ᠲᠤᠯᠵᠦ᠂ ᠱᠠᠩ ᠭᠠᠨ ᠯᠢᠩ ᠳᠠᠪᠠᠭ᠎ᠠ ᠳᠤ ᠴᠢᠰᠤᠨ ᠪᠠᠶᠢᠯᠳᠤᠭᠠᠨ ᠬᠢᠵᠦ᠂ ᠰᠦᠷ ᠵᠢᠪᠬᠤᠯᠠᠩᠲᠤ ᠳᠠᠶᠢᠨ ᠪᠠᠶᠢᠯᠳᠤᠭᠠᠨ ᠤ ᠠᠭᠤᠤ ᠦᠢᠯᠡᠰ ᠢ ᠴᠤᠬᠴᠠᠯᠠᠪᠠ᠃ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠰᠠᠶᠢᠨ ᠳᠤᠷ᠎ᠠ ᠶᠢᠨ ᠴᠡᠷᠢᠭ ᠤᠨ ᠳᠠᠷᠤᠭ᠎ᠠ ᠪᠠᠶᠢᠯᠳᠤᠭᠴᠢ ᠶᠢ ︽ᠬᠠᠮᠤᠭ ᠤᠨ ᠬᠠᠶᠢᠷᠠᠲᠠᠶ ᠬᠥᠮᠦᠨ︾ ᠭᠡᠵᠦ ᠦᠨᠡᠨ ᠰᠡᠳᠬᠢᠯ ᠠᠴᠠ ᠪᠠᠨ ᠮᠠᠭᠲᠠᠨ ᠰᠠᠶᠢᠰᠢᠶᠠᠵᠠᠢ ︕ ᠰᠢᠷᠭᠠᠭᠤ ᠬᠠᠲᠠᠭᠤᠵᠢᠯᠲᠠᠶ ᠪᠠᠶᠢᠯᠳᠤᠭᠠᠨ ᠢ ᠥᠩᠭᠡᠷᠡᠭᠦᠯᠵᠤ᠂ ᠳᠤᠮᠳᠠᠳᠤ ᠰᠤᠯᠤᠩᠭᠤᠰ ᠤᠨ ᠴᠡᠷᠢᠭ ᠠᠩᠬᠢ ᠦᠪᠴᠢ ᠵᠡᠪᠰᠡᠭᠯᠡᠭᠰᠡᠨ ᠳᠠᠶᠢᠰᠦᠨ ᠢ ᠢᠯᠠᠵᠤ᠂ ᠠᠮᠧᠷᠢᠺᠠ ᠶᠢᠨ ᠴᠡᠷᠢᠭ ᠤᠨ ᠢᠯᠠᠭᠳᠠᠰᠢ ᠦᠭᠡᠶ ᠳᠣᠮᠤᠭ ᠢ ᠰᠦᠢᠷᠡᠬᠦᠯᠦᠨ᠂ ᠠᠯᠢᠪᠠ ᠶᠢ ᠤᠢᠢᠰᠢᠶᠠᠬᠤ ᠦᠭᠡᠢ ᠤᠩᠬᠢᠷᠠᠵᠦ ᠪᠠᠶᠢᠬᠰᠠᠨ ᠲᠦᠷᠢᠮᠡᠭᠡᠶᠢᠯᠡᠭᠴᠢ ᠶᠢ ᠠᠯᠪᠠᠳᠠᠵᠦ ᠪᠠᠶᠢᠭᠠᠳ 1953 ᠣᠨ ᠤ 7 ᠰᠠᠷ᠎ᠠ ᠶᠢᠨ 27 ᠤ ᠡᠳᠦᠷ ᠳᠠᠶᠢᠨ ᠵᠣᠭᠰᠣᠬᠤ ᠬᠡᠯᠡᠯᠴᠡᠭᠡᠷ ᠳᠡᠭᠡᠷ᠎ᠡ ᠭᠠᠷ ᠤᠨ ᠦᠰᠦᠭ ᠵᠢᠷᠤᠭᠤᠯᠵᠠᠶ᠃    ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠳᠠᠶᠢᠨ ᠤ ᠬᠤᠭᠤᠴᠠᠭᠠᠨ ᠳᠤ᠂ ᠨᠠᠮ ᠤᠨ ᠲᠥᠪ ᠬᠤᠷᠢᠶ᠎ᠠ ᠪᠦᠬᠦ ᠲᠠᠯ᠎ᠠ ᠶᠢ ᠶᠡᠷᠦᠩᠬᠡᠶᠢᠯᠡᠨ ᠵᠢᠯᠣᠭᠤᠳᠴᠤ᠂ ᠪᠠᠳᠤ ᠬᠦᠴᠦᠲᠡᠶ ᠳᠠᠶᠢᠨ ᠤ ᠳᠠᠶᠢᠴᠢᠯᠠᠯᠲᠠ ᠪᠠ ᠵᠥᠪ ᠣᠨᠣᠪᠴᠢᠲᠠᠶ ᠳᠠᠶᠢᠨ ᠤ ᠵᠢᠯᠣᠭᠤᠳᠤᠯᠭ᠎ᠠ ᠬᠢᠵᠦ᠂ ᠪᠠᠶᠢᠯᠳᠤᠭᠠᠨ ᠬᠢᠬᠦ᠂ ᠲᠣᠭᠲᠠᠭᠤᠨ ᠪᠠᠶᠢᠯᠭᠠᠬᠤ᠂ ᠪᠦᠲᠦᠭᠡᠨ ᠪᠠᠶᠢᠭᠤᠯᠬᠤ ᠴᠢᠭᠯᠡᠯᠲᠡ ᠶᠢ ᠬᠡᠷᠡᠭᠵᠢᠭᠦᠯᠤᠨ᠂ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠰᠦᠷ ᠳᠠᠯᠠᠶᠢᠴᠠᠲᠠᠶ ᠬᠥᠳᠡᠯᠭᠡᠭᠡᠨ ᠥᠷᠨᠢᠭᠦᠯᠵᠦ᠂ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤᠯᠤᠰ ᠳᠠᠶᠠᠭᠠᠷ ᠰᠡᠳᠬᠢᠯ ᠨᠢᠭᠡᠳᠦᠨ ᠤᠯᠤᠰ ᠪᠣᠯᠤᠨ ᠦᠨᠳᠦᠰᠦᠲᠡᠨ ᠤ ᠠᠯᠤᠰ ᠢᠷᠡᠭᠡᠳᠦᠶ ᠬᠤᠪᠢ ᠵᠠᠶᠠᠭᠠᠨ ᠳᠤ ᠬᠤᠯᠪᠣᠭᠳᠠᠬᠤ ᠡᠨᠡ ᠬᠦ ᠠᠭᠤᠤ ᠶᠡᠭᠡ ᠲᠡᠮᠡᠴᠡᠯ ᠢ ᠲᠤᠯᠭᠠᠭᠤᠷᠢᠯᠠᠨ᠂ ᠡᠴᠦᠰ ᠲᠡᠭᠡᠨ ᠠᠭᠤᠤ ᠶᠡᠭᠡ ᠢᠯᠠᠯᠲᠠ ᠪᠠᠷ ᠳᠡᠯᠡᠬᠡᠢ ᠳ᠋ᠠᠬᠢᠨ ᠳᠤ ︽ᠥᠷᠥᠨᠡᠳᠠᠬᠢᠨ ᠤ ᠲᠦᠷᠢᠮᠡᠬᠡᠶᠢᠯᠡᠭᠴᠢᠳ ᠬᠡᠳᠦᠨ ᠵᠠᠭᠤᠨ ᠵᠢᠯ ᠤᠨ ᠲᠤᠷᠰᠢ ᠳᠣᠷᠣᠨᠠᠳᠠᠬᠢᠨ ᠤ ᠨᠢᠭᠡ ᠳᠠᠯᠠᠢ ᠶᠢᠨ ᠡᠷᠭᠢ ᠳᠡᠭᠡᠷ᠎ᠡ ᠬᠡᠳᠦᠨ ᠶᠡᠭᠡ ᠫᠤᠤ ᠲᠠᠯᠪᠢᠮᠠᠭᠴᠠ ᠨᠢᠭᠡ ᠤᠯᠤᠰ ᠢ ᠡᠵᠡᠷᠬᠡᠵᠦ ᠪᠣᠯᠬᠤ ᠴᠠᠭ ᠦᠶ᠎ᠡ ᠪᠤᠴᠠᠯᠲᠠ ᠦᠭᠡᠢ ᠥᠩᠭᠡᠷᠡᠨ ᠤᠳᠪᠠ︕︾ ᠭᠡᠵᠦ ᠲᠤᠩᠬᠠᠭᠯᠠᠪᠠ᠃    ᠨᠥᠬᠦᠳ ᠡ᠂ ᠨᠠᠶᠢᠵᠠ ᠨᠠᠷ ᠡ︕    ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠳᠠᠶᠢᠨ ᠤ ᠠᠭᠤᠤ ᠶᠡᠭᠡ ᠢᠯᠠᠯᠲᠠ ᠪᠤᠯ ᠳᠤᠮᠳᠠᠳᠤ ᠤᠯᠤᠰ ᠤᠨ ᠠᠷᠠᠳ ᠲᠦᠮᠡᠨ ᠪᠣᠰᠴᠤ ᠵᠤᠬᠰᠤᠬᠰᠡᠨ ᠤ ᠳᠠᠷᠠᠭ᠎ᠠ ᠳᠣᠷᠣᠨᠠᠳᠠᠬᠢᠨ ᠳᠤ ᠰᠡᠬᠦ᠋ᠢᠨ ᠰᠦᠨᠳᠡᠷᠯᠡᠭᠰᠡᠨ ᠲᠤᠩᠬᠠᠭ ᠪᠢᠴᠢᠭ ᠮᠥᠨ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠲᠡᠶᠢᠰᠢ ᠤᠷᠤᠭᠰᠢᠯᠠᠭᠰᠠᠨ ᠴᠢᠬᠤᠯᠠ ᠬᠦᠰᠢᠶ᠎ᠡ ᠲᠡᠮᠳᠡᠭ ᠮᠥᠨ᠃ ᠳᠤᠮᠳᠠᠳᠤ ᠤᠯᠤᠰ ᠪᠠ ᠳᠡᠯᠡᠬᠡᠶ ᠳ᠋ᠠᠬᠢᠨ ᠳᠤ ᠴᠥᠮ ᠴᠢᠬᠤᠯᠠ ᠶᠡᠭᠡ ᠪᠥᠭᠡᠳ ᠠᠯᠤᠰ ᠬᠡᠳᠦ ᠶᠢᠨ ᠠᠴᠢ ᠬᠤᠯᠪᠣᠭᠳᠠᠯ ᠲᠠᠢ ᠶᠤᠮ᠃    ᠡᠨᠡ ᠬᠦ ᠳᠠᠶᠢᠨ ᠢᠶᠠᠷ ᠳᠠᠮᠵᠢᠨ᠂ ᠳᠤᠮᠳᠠᠳᠤ ᠤᠯᠤᠰ ᠤᠨ ᠠᠷᠠᠳ ᠲᠦᠮᠡᠨ ᠤᠯᠤᠰ ᠤᠨ ᠡᠭᠦᠳᠡᠨ ᠳᠤ ᠴᠡᠷᠢᠭ ᠢᠶᠠᠨ ᠪᠠᠶᠢᠷᠢᠯᠠᠭᠤᠯᠬᠤ᠂ ᠴᠢᠨᠠᠭᠰᠢᠯᠠᠭᠠᠳ ᠰᠢᠨ᠎ᠡ ᠳᠤᠮᠳᠠᠳᠤ ᠤᠯᠤᠰ ᠢ ᠥᠯᠥᠭᠡᠶ ᠳᠤᠨᠢ ᠪᠣᠭᠤᠮᠢᠯᠠᠬᠤ ᠭᠡᠰᠡᠨ ᠲᠦᠷᠢᠮᠡᠬᠡᠶᠢᠯᠡᠭᠴᠢᠳ ᠤᠨ ᠭᠤᠷᠢᠳᠠᠯᠭ᠎ᠠ ᠶᠢ ᠪᠤᠲᠠ ᠨᠢᠷᠭᠡᠪᠡ᠂ ᠡᠭᠦᠨ ᠢ ︽ᠬᠦᠴᠦᠳᠦ ᠲᠠᠭᠠᠷᠢᠯᠳᠠ ᠶᠢ ᠨᠢᠴᠤᠭᠠᠬᠤ ᠶᠢᠨ ᠲᠤᠯᠠᠳᠠ ᠦᠭᠭᠦᠭᠰᠡᠨ ᠬᠦᠨᠳᠦ ᠨᠢᠭᠡ ᠴᠤᠬᠢᠯᠳᠠ︾ ᠭᠡᠵᠦ ᠬᠡᠯᠡᠵᠦ ᠪᠤᠯᠤᠨ᠎ᠠ᠂ ᠡᠵᠡᠷᠬᠡᠭ ᠲᠦᠷᠢᠮᠡᠬᠡᠶᠢᠳᠡᠨ ᠲᠠᠬᠢᠭᠠᠳ ᠰᠢᠨ᠎ᠡ ᠲᠤᠮᠳᠠᠳᠤ ᠤᠯᠤᠰ ᠢ ᠵᠡᠪᠰᠡᠭᠳᠦ ᠬᠦᠴᠦᠨ ᠢᠶᠠᠷ ᠲᠦᠷᠢᠮᠡᠬᠡᠶᠢᠯᠡᠵᠦ ᠴᠢᠳᠠᠬᠤ ᠦᠭᠡᠢ ᠪᠤᠯᠵᠦ᠂ ᠰᠢᠨ᠎ᠡ ᠳᠤᠮᠳᠠᠳᠤ ᠤᠯᠤᠰ ᠵᠢᠩᠭᠢᠨᠢ ᠪᠠᠷ ᠬᠦᠯ ᠲᠣᠭᠲᠠᠵᠤ ᠴᠢᠳᠠᠪᠠ᠃ ᠡᠨᠡ ᠳᠠᠶᠢᠨ ᠢᠶᠠᠷ ᠨᠤᠳᠤᠭ ᠳᠡᠪᠢᠰᠭᠡᠷ ᠢᠶᠠᠨ ᠬᠠᠮᠠᠭᠠᠯᠠᠨ᠂ ᠤᠯᠤᠰ ᠤᠷᠤᠨ ᠤ ᠠᠮᠦᠷ ᠲᠠᠶᠢᠪᠤᠩ ᠢ ᠬᠠᠮᠠᠭᠠᠯᠠᠵᠤ᠂ ᠳᠤᠮᠳᠠᠳᠤ ᠤᠯᠤᠰ ᠤᠨ ᠠᠷᠠᠳ ᠲᠦᠮᠡᠨ ᠤ ᠬᠦᠴᠦᠷᠬᠡᠭ ᠳᠠᠶᠢᠰᠦᠨ ᠠᠴᠠ ᠦᠯᠦ ᠰᠦᠷᠳᠡᠬᠦ ᠬᠠᠳᠠᠨ ᠵᠤᠷᠢᠭ ᠢ ᠭᠦᠢᠴᠡᠳ ᠬᠠᠷᠠᠭᠤᠯᠪᠠ᠃    ᠡᠨᠡ ᠬᠦ ᠲᠠᠶᠢᠨ ᠢᠶᠠᠷ ᠲᠠᠮᠵᠢᠨ᠂ ᠳᠤᠮᠳᠠᠳᠤ ᠤᠯᠤᠰ ᠤᠨ ᠠᠷᠠᠳ ᠲᠦᠮᠡᠨ ᠤᠷᠴᠢᠨ ᠦᠶ᠎ᠡ ᠠᠴᠠ ᠨᠠᠭᠠᠰᠢᠬᠢ ᠬᠥᠮᠦᠨ ᠪᠦᠬᠦᠨ ᠳᠤ ᠳᠠᠷᠤᠯᠠᠭᠳᠠᠵᠤ᠂ ᠬᠦᠮᠦᠨ ᠤ ᠴᠢᠷᠠᠢ ᠶᠢ ᠬᠠᠷᠠᠭᠰᠠᠨ ᠵᠠᠭᠤᠨ ᠵᠢᠯ ᠤᠨ ᠢᠴᠢᠭᠦᠷᠢ ᠭᠤᠳᠤᠮᠰᠢᠭ ᠢᠶᠠᠨ ᠲᠦᠢᠯᠪᠤᠷᠢᠲᠠᠶ ᠠᠷᠢᠯᠭᠠᠵᠤ᠂ ︽ᠳᠤᠷᠤᠨᠠᠳᠤ ᠠᠽᠢᠶ᠎ᠠ ᠶᠢᠨ ᠡᠪᠡᠳᠴᠢᠲᠡᠨ︾ ᠭᠡᠬᠦ ᠮᠠᠯᠠᠭᠠᠶ ᠶᠢ ᠲᠦᠢᠯᠪᠤᠷᠢᠲᠠᠶ ᠳᠠᠶᠠᠭᠳᠠᠨ᠂ ᠳᠤᠮᠳᠠᠳᠤ ᠤᠯᠤᠰ ᠤᠨ ᠠᠷᠠᠳ ᠲᠦᠮᠡᠨ ᠦᠨᠡᠨ ᠬᠦ ᠰᠡᠳᠬᠢᠯ ᠠᠭᠤᠵᠢᠷᠠᠵᠤ ᠪᠠᠶᠠᠷ ᠤᠨ ᠮᠠᠩᠨᠠᠢ ᠲᠡᠨᠢᠢᠪᠠ᠃ ᠡᠨᠡ ᠳᠠᠶᠢᠨ ᠢᠶᠠᠷ ᠳᠤᠮᠳᠠᠳᠤ ᠤᠯᠤᠰ ᠤᠨ ᠠᠷᠠᠳ ᠲᠦᠮᠡᠨ ᠤ ᠴᠤᠭ ᠰᠦᠯᠳᠡ ᠪᠠᠳᠠᠷᠠᠵᠤ᠂ ᠳᠤᠮᠳᠠᠳᠤ ᠤᠯᠤᠰ ᠤᠨ ᠠᠷᠠᠳ ᠲᠦᠮᠡᠨ ᠤ ᠲᠠᠶᠠᠭᠠᠷ ᠢᠶᠠᠨ ᠰᠡᠳᠬᠢᠯ ᠨᠢᠭᠡᠳᠦᠨ ᠡᠷᠡᠯᠬᠡᠭᠯᠡᠨ ᠲᠡᠮᠡᠴᠡᠬᠦ ᠡᠷᠡᠰ ᠬᠠᠳᠠᠭᠤ ᠵᠠᠩ ᠰᠤᠷᠲᠠᠯ ᠢ ᠭᠦᠢᠴᠡᠳ ᠬᠠᠷᠠᠭᠤᠯᠪᠠ᠃    ᠡᠨᠡ ᠬᠦ ᠲᠠᠶᠢᠨ ᠢᠶᠠᠷ ᠲᠠᠮᠵᠢᠨ᠂ ᠳᠤᠮᠳᠠᠳᠤ ᠤᠯᠤᠰ ᠤᠨ ᠠᠷᠠᠳ ᠲᠦᠮᠡᠨ ᠲᠦᠷᠢᠮᠡᠬᠡᠶᠢᠯᠡᠭᠴᠢᠳ ᠢ ᠢᠯᠠᠭᠰᠠᠨ ᠨᠢ ᠳᠡᠯᠡᠬᠡᠢ ᠳ᠋ᠠᠬᠢᠨ ᠢ ᠳᠣᠩᠰᠣᠯᠭᠠᠵᠤ᠂ ᠰᠢᠨ᠎ᠡ ᠳᠤᠮᠳᠠᠳᠤ ᠤᠯᠤᠰ ᠤᠨ ᠠᠽᠢᠶ᠎ᠠ ᠲᠢᠪ ᠪᠣᠯᠤᠨ ᠤᠯᠠᠨ ᠤᠯᠤᠰ ᠤᠨ ᠬᠡᠷᠡᠭ ᠶᠠᠪᠤᠳᠠᠯ ᠳᠠᠬᠢ ᠴᠢᠬᠤᠯᠠ ᠪᠠᠶᠢᠷᠢ ᠰᠠᠭᠤᠷᠢ ᠶᠢ ᠲᠠᠯᠪᠢᠵᠤ᠂ ᠰᠢᠨ᠎ᠡ ᠳᠤᠮᠳᠠᠳᠤ ᠤᠯᠤᠰ ᠤᠨ ᠲᠤᠮᠤ ᠤᠯᠤᠰ ᠤᠨ ᠪᠠᠶᠢᠷᠢ ᠰᠠᠭᠤᠷᠢ ᠶᠢ ᠢᠯᠡᠷᠡᠭᠦᠯᠪᠡ᠃ ᠡᠨᠡ ᠳᠠᠶᠢᠨ ᠢᠶᠠᠷ ᠳᠡᠯᠡᠬᠡᠢ ᠳ᠋ᠠᠬᠢᠨ ᠤ ᠬᠢᠨ ᠢ ᠳᠤᠮᠳᠠᠳᠤ ᠤᠯᠤᠰ ᠢ ᠭᠠᠶᠢᠬᠠᠨ ᠪᠢᠰᠢᠷᠡᠬᠦ ᠪᠤᠯᠭᠠᠵᠤ᠂ ᠳᠤᠮᠳᠠᠳᠤ ᠤᠯᠤᠰ ᠤᠨ ᠠᠷᠠᠳ ᠲᠦᠮᠡᠨ ᠤ ᠳᠡᠯᠡᠬᠡᠢ ᠶᠢᠨ ᠡᠩᠬᠡ ᠲᠠᠶᠢᠪᠤᠩ ᠢ ᠬᠠᠮᠠᠭᠠᠯᠠᠬᠤ ᠡᠷᠡᠰ ᠪᠠᠳᠤ ᠰᠢᠢᠳᠮᠡᠭ ᠵᠣᠷᠢᠭ ᠢ ᠭᠦᠢᠴᠡᠳ ᠬᠠᠷᠠᠭᠤᠯᠪᠠ᠃    ᠡᠨᠡ ᠬᠦ ᠲᠠᠶᠢᠨ ᠢᠶᠠᠷ ᠲᠠᠮᠵᠢᠨ᠂ ᠠᠷᠠᠳ ᠤᠨ ᠴᠡᠷᠢᠭ ᠠᠩᠬᠢ ᠲᠡᠶᠢᠠ ᠤ ᠳᠤᠮᠳᠠ ᠲᠡᠶᠢᠠ ᠬᠢᠬᠦ ᠶᠢ ᠰᠤᠷᠦᠯᠴᠡᠵᠤ ᠂ ᠪᠠᠶᠢᠯᠳᠤᠬᠤ ᠲᠤᠳᠤᠮ ᠡᠷᠡᠯᠭᠡᠭ ᠪᠠᠭᠠᠳᠤᠷᠯᠢᠭ ᠪᠤᠯᠵᠤ᠂ ᠪᠠᠶᠢᠯᠳᠤᠬᠤ ᠲᠤᠳᠤᠮ ᠬᠦᠴᠦᠷᠭᠡᠭᠵᠢᠵᠤ᠂ ᠴᠡᠷᠢᠭ ᠲᠠᠶᠢᠨ ᠤ ᠴᠢᠬᠤᠯᠠ ᠲᠤᠷᠰᠢᠯᠭ᠎ᠠ ᠬᠤᠷᠠᠮᠳᠤᠭᠤᠯᠵᠤ᠂ ᠳᠠᠩ ᠭᠠᠭᠴᠠ ᠲᠦᠷᠦᠯ ᠤᠨ ᠴᠡᠷᠢᠭ ᠠᠴᠠ ᠤᠯᠠᠨ ᠲᠦᠷᠦᠯ ᠤᠨ ᠴᠡᠷᠢᠭ ᠠᠩᠭᠢ ᠪᠦᠷ ᠪᠠᠶᠢᠬᠤ ᠬᠤᠪᠢᠷᠠᠯᠳᠠ ᠶᠢ ᠪᠡᠶᠡᠯᠡᠭᠦᠯᠵᠦ᠂ ᠤᠯᠤᠰ ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ ᠶᠢᠨ ᠣᠳᠣᠬᠢᠴᠢᠯᠠᠯᠲᠠ ᠶᠢ ᠲᠦᠢᠯ ᠤᠨ ᠶᠡᠭᠡ ᠪᠠᠷ ᠠᠬᠢᠭᠤᠯᠪᠠ᠃ ᠡᠨᠡ ᠳᠠᠶᠢᠨ ᠢᠶᠠᠷ ᠠᠷᠠᠳ ᠤᠨ ᠴᠡᠷᠢᠭ ᠠᠩᠬᠢ ᠶᠢᠨ ᠲᠠᠶᠢᠴᠢᠨ ᠬᠦᠴᠦᠨ ᠳᠡᠯᠡᠬᠡᠢ ᠳ᠋ᠠᠬᠢᠨ ᠢ ᠳᠣᠩᠰᠣᠯᠭᠠᠵᠤ᠂ ᠵᠣᠷᠢᠭᠲᠠᠢ ᠪᠠᠷ ᠪᠠᠶᠢᠯᠳᠤᠵᠤ ᠵᠠᠪᠠᠯ ᠢᠯᠠᠯᠳᠠ ᠤᠯᠬᠤ ᠡᠷᠡᠯᠬᠡᠭ ᠪᠠᠭᠠᠳᠤᠷᠯᠢᠭ ᠤᠮᠤᠭ ᠵᠤᠷᠢᠭ ᠢ ᠭᠦᠢᠴᠡᠳ ᠬᠠᠷᠠᠭᠤᠯᠪᠠ︕    ᠡᠨᠡ ᠬᠦ ᠲᠠᠶᠢᠨ ᠢᠶᠠᠷ ᠲᠠᠮᠵᠢᠨ᠂ ᠳᠡᠯᠡᠬᠡᠶ ᠶᠢᠨ ᠬᠤᠶᠠᠳᠤᠭᠠᠷ ᠳᠠᠶᠢᠨ ᠳᠠᠭᠤᠰᠤᠭᠰᠠᠨ ᠤ ᠳᠠᠷᠠᠭ᠎ᠠ ᠠᠽᠢᠶ᠎ᠠ ᠲᠢᠪ ᠂ ᠴᠢᠨᠠᠭᠰᠢᠯᠠᠪᠠᠯ ᠳᠡᠯᠡᠬᠡᠶ ᠳ᠋ᠠᠬᠢᠨ ᠤ ᠪᠠᠶᠢᠯᠳᠤᠬᠤ ᠪᠣᠳᠣᠯᠭ᠎ᠠ ᠶᠢᠨ ᠪᠠᠶᠢᠷᠢᠰᠢᠯ ᠭᠦᠨᠵᠡᠭᠡᠶ ᠴᠤᠭᠴᠠᠯᠠᠭᠳᠠᠵᠤ᠂ ᠪᠦᠬᠦ ᠳᠡᠯᠡᠬᠡᠶ ᠶᠢᠨ ᠳᠠᠷᠤᠯᠠᠭᠳᠠᠵᠤ ᠪᠠᠶᠢᠭᠰᠠᠨ ᠦᠨᠳᠦᠰᠦᠲᠡᠨ ᠪᠠ ᠠᠷᠠᠳ ᠲᠦᠮᠡᠨ ᠤ ᠦᠨᠳᠦᠰᠦᠲᠡᠨ ᠤ ᠲᠤᠰᠠᠭᠠᠷ ᠲᠣᠭᠲᠠᠨᠢᠯ ᠪᠣᠯᠤᠨ ᠠᠷᠠᠳ ᠲᠦᠮᠡᠨ ᠤ ᠴᠢᠯᠥᠭᠡᠯᠡᠯᠲᠡ ᠪᠠᠨ ᠲᠡᠮᠡᠴᠡᠨ ᠤᠯᠬᠤ ᠰᠢᠳᠤᠷᠭᠤ ᠶᠣᠰᠣᠨ ᠤ ᠦᠢᠯᠡᠰ ᠲᠤ ᠲᠦᠢᠯ ᠤᠨ ᠶᠡᠭᠡ ᠵᠣᠷᠢᠭᠵᠢᠭᠤᠯᠤᠯ ᠪᠤᠯᠵᠦ᠂ ᠳᠡᠯᠡᠬᠡᠶ ᠶᠢᠨ ᠡᠩᠭᠡ ᠲᠠᠶᠢᠪᠤᠩ ᠪᠣᠯᠤᠨ ᠬᠥᠮᠦᠨ ᠲᠥᠷᠥᠯᠬᠢᠲᠡᠨ ᠤ ᠳᠠᠪᠰᠢᠯᠳᠠ ᠶᠢᠨ ᠦᠢᠯᠡᠰ ᠢ ᠬᠦᠴᠦᠲᠡᠶ ᠠᠬᠢᠭᠤᠯᠵᠠᠢ᠃ ᠲᠡᠷᠡ ᠨᠢ᠂ ᠶᠠᠮᠠᠷᠪᠠ ᠨᠢᠭᠡᠨ ᠤᠯᠤᠰ᠂ ᠶᠠᠮᠠᠷᠪᠠ ᠨᠢᠭᠡᠨ ᠴᠡᠷᠢᠭ ᠠᠩᠭᠢ ᠴᠤ ᠭᠡᠰᠡᠨ ᠬᠡᠳᠦᠶ ᠬᠦᠴᠦᠷᠬᠡᠭ ᠶᠡᠭᠡ ᠪᠠᠶᠢᠭᠰᠠᠨ ᠴᠤ ᠬᠡᠷᠪᠡ ᠳᠡᠯᠡᠬᠡᠶ ᠶᠢᠨ ᠬᠥᠭᠵᠢᠯᠲᠡ ᠶᠢᠨ ᠤᠷᠤᠰᠬᠠᠯ ᠤᠨ ᠡᠰᠡᠷᠭᠦ ᠲᠠᠯ᠎ᠠ ᠳᠤ ᠵᠣᠭᠰᠣᠨ᠂ ᠬᠦᠴᠦᠷᠬᠡᠭ ᠲᠡᠭᠡᠨ ᠡᠷᠳᠦᠨ ᠪᠠᠭᠤᠷᠠᠶ ᠶᠢ ᠳᠠᠷᠤᠯᠠᠵᠤ᠂ ᠰᠦᠷᠴᠦ ᠶᠠᠪᠤᠵᠦ ᠰᠥᠷᠭᠡᠤ ᠠᠭᠠᠰᠢᠯᠠᠨ᠂ ᠭᠠᠳᠠᠭᠰᠢ ᠲᠦᠷᠢᠮᠡᠬᠡᠶᠢᠯᠡᠨ ᠲᠡᠯᠡᠪᠡᠯ ᠵᠠᠶᠢᠯᠠᠰᠢ ᠦᠭᠡᠢ ᠬᠠᠳᠠ ᠮᠦᠷᠭᠦᠵᠦ ᠬᠠᠷ᠎ᠠ ᠲᠤᠯᠤᠭᠠᠢ ᠪᠠᠨ ᠬᠠᠭᠠᠯᠤᠭᠤᠯᠤᠨ᠎ᠠ ᠬᠡᠳᠡᠭ ᠢ ᠳᠡᠮᠦᠷ ᠮᠡᠳᠦ ᠪᠤᠳᠠᠳᠤ ᠬᠡᠷᠡᠭ ᠢᠶᠠᠷ ᠶᠢᠷᠲᠢᠨᠴᠦ ᠶᠢᠨ ᠬᠦᠮᠦᠰ ᠲᠤ ᠬᠡᠯᠡᠵᠦ ᠦᠭᠪᠡ᠃ ᠡᠨᠡ ᠳᠠᠶᠢᠨ ᠨᠢ ᠰᠢᠳᠤᠷᠭᠤ ᠶᠣᠰᠣ ᠯᠠᠪᠲᠠᠶ ᠬᠦᠴᠦᠷᠬᠡᠭᠯᠡᠯ ᠢ ᠢᠯᠠᠵᠤ᠂ ᠡᠩᠭᠡ ᠲᠠᠶᠢᠪᠤᠩ ᠬᠥᠭᠵᠢᠯᠲᠡ ᠪᠣᠯ ᠬᠤᠷᠢᠡᠡᠯᠠᠭᠳᠠᠰᠢ ᠦᠭᠡᠢ ᠲᠡᠤᠬᠡ ᠶᠢᠨ ᠤᠷᠤᠰᠬᠠᠯ ᠪᠣᠯᠬᠤ ᠶᠢ ᠳᠠᠬᠢᠨᠲᠠ ᠭᠡᠷᠡᠴᠢᠯᠡᠪᠡ᠃    ᠨᠥᠬᠦᠳ ᠡ᠂ ᠨᠠᠶᠢᠵᠠ ᠨᠠᠷ ᠡ︕    ᠰᠦᠷ ᠳᠠᠯᠠᠶᠢᠴᠠᠲᠠᠶ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠳᠠᠶᠢᠨ ᠳᠤ ᠡᠷᠡᠯᠬᠡᠭ ᠪᠠᠭᠠᠲᠤᠷᠯᠢᠭ ᠳᠤᠮᠳᠠᠳᠤ ᠤᠯᠤᠰ ᠤᠨ ᠠᠷᠠᠳ ᠤᠨ ᠰᠠᠶᠢᠨ ᠳᠤᠷ᠎ᠠ ᠶᠢᠨ ᠴᠡᠷᠢᠭ ᠡᠬᠡ ᠣᠷᠣᠨ ᠪᠠ ᠠᠷᠠᠳ ᠲᠦᠮᠡᠨ ᠤ ᠠᠰᠢᠭ ᠲᠤᠰᠠ ᠠᠯᠢᠪᠠ ᠠᠴᠠ ᠡᠷᠬᠢᠮ ᠳᠡᠭᠡᠳᠦ᠂ ᠡᠬᠡ ᠣᠷᠣᠨ ᠪᠠ ᠦᠨᠳᠦᠰᠦᠲᠡᠨ ᠤ ᠨᠡᠷ᠎ᠡ ᠬᠦᠨᠳᠦ ᠶᠢᠨ ᠲᠥᠯᠥᠭᠡ ᠠᠮᠢ ᠪᠡᠶ᠎ᠡ ᠪᠠᠨ ᠬᠠᠶᠢᠬᠤᠷᠤᠯ ᠦᠭᠡᠢ ᠲᠡᠮᠡᠴᠡᠬᠦ ᠡᠬᠡ ᠣᠷᠣᠨᠴᠢ ᠦᠵᠡᠯ ᠤᠨ ᠵᠣᠷᠢᠭ ᠰᠠᠨᠠᠭ᠎ᠠ᠂ ᠡᠷᠡᠯᠬᠡᠭ ᠪᠠᠭᠠᠲᠤᠷᠯᠢᠭ ᠢᠶᠠᠷ ᠲᠡᠮᠡᠴᠡᠨ᠂ ᠦᠬᠦᠵᠦ ᠰᠡᠬᠡᠬᠦ ᠪᠠᠨ ᠤᠮᠠᠷᠳᠠᠬᠤ ᠬᠤᠪᠢᠰᠬᠠᠯᠲᠤ ᠪᠠᠭᠠᠲᠤᠷᠯᠢᠭ ᠦᠵᠡᠯ ᠤᠨ ᠵᠣᠷᠢᠭ ᠰᠠᠨᠠᠭ᠎ᠠ ᠶᠢ ᠢᠮᠠᠬᠳᠠ ᠪᠠᠳᠠᠷᠠᠭᠤᠯᠵᠤ᠂ ᠬᠦᠴᠢᠷ ᠪᠡᠷᠬᠡᠰᠢᠶᠡᠯ ᠠᠴᠠ ᠠᠶᠤᠬᠤ ᠦᠭᠡᠢ᠂ ᠬᠡᠵᠢᠶᠡᠳᠡ ᠣᠮᠤᠭ ᠲᠡᠭᠦᠯᠳᠡᠷ ᠪᠠᠶᠢᠬᠤ ᠬᠤᠪᠢᠰᠬᠠᠯᠲᠤ ᠪᠠᠶᠠᠰᠤᠩᠭᠤᠶ ᠦᠵᠡᠯ ᠤᠨ ᠵᠣᠷᠢᠭ ᠰᠠᠨᠠᠭ᠎ᠠ᠂ ᠡᠬᠡ ᠤᠯᠤᠰ ᠪᠣᠯᠤᠨ ᠠᠷᠠᠳ ᠲᠦᠮᠡᠨ ᠠᠴᠠ ᠳᠠᠭᠠᠭᠠᠯᠭᠠᠭᠰᠠᠨ ᠡᠭᠦᠷᠭᠡ ᠬᠠᠷᠢᠭᠤᠴᠠᠯᠭ᠎ᠠ ᠶᠢ ᠪᠡᠶᠡᠯᠡᠭᠦᠯᠵᠦ᠂ ᠥᠪᠡᠷ ᠤᠨ ᠠᠯᠢᠪᠠ ᠪᠠᠨ ᠬᠠᠷᠠᠮ ᠦᠭᠡᠢ ᠵᠣᠷᠢᠭᠤᠯᠬᠤ ᠬᠤᠪᠢᠰᠬᠠᠯᠲᠤ ᠦᠨᠡᠨᠴᠢ ᠰᠢᠳᠤᠷᠭᠤ ᠵᠣᠷᠢᠭ ᠰᠠᠨᠠᠭ᠎ᠠ᠂ ᠬᠥᠮᠦᠨ ᠲᠥᠷᠥᠯᠬᠢᠲᠡᠨ ᠤ ᠡᠩᠬᠡ ᠲᠠᠶᠢᠪᠤᠩ ᠪᠣᠯᠤᠨ ᠰᠢᠳᠤᠷᠭᠤ ᠶᠣᠰᠣᠨ ᠤ ᠦᠢᠯᠡᠰ ᠤᠨ ᠲᠥᠯᠥᠭᠡ ᠲᠡᠮᠡᠴᠡᠬᠦ ᠢᠨᠲ᠋ᠧᠷᠨᠠᠼᠢᠣᠨᠠᠯ ᠤᠨ ᠵᠣᠷᠢᠭ ᠰᠠᠨᠠᠭ᠎ᠠ ᠶᠢ ᠢᠮᠠᠬᠳᠠ ᠪᠠᠷᠢᠮᠳᠠᠯᠠᠵᠤ᠂ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠠᠭᠤᠤ ᠶᠡᠭᠡ ᠵᠣᠷᠢᠭ ᠰᠠᠨᠠᠭ᠎ᠠ ᠶᠢ ᠲᠠᠪᠳᠠᠨ ᠪᠤᠯᠪᠠᠰᠤᠷᠠᠭᠤᠯᠵᠠᠢ᠃    ᠠᠮᠧᠷᠢᠺᠠ ᠶᠢ ᠡᠰᠡᠷᠭᠦᠴᠡᠵᠤ ᠰᠣᠯᠣᠩᠭᠤᠰ ᠢ ᠲᠤᠰᠠᠯᠠᠬᠤ ᠠᠭᠤᠤ ᠶᠡᠭᠡ ᠵᠣᠷᠢᠭ ᠰᠠᠨᠠᠭ᠎ᠠ ᠴᠠᠭ ᠬᠤᠭᠤᠴᠠᠭ᠎ᠠ ᠣᠷᠣᠨ ᠵᠠᠢ ᠶᠢ ᠳᠠᠪᠠᠵᠤ᠂ ᠶᠠᠪᠤᠬᠤ ᠳᠤᠳᠤᠮ ᠰᠢᠨᠡᠳᠴᠦ ᠪᠠᠶᠢᠨ᠎ᠠ᠂ ᠡᠷᠬᠡᠪᠰᠢ ᠡᠭᠦᠷᠢᠳᠡ ᠤᠯᠠᠮᠵᠢᠯᠠᠨ ᠦᠶ᠎ᠡ ᠶᠢᠨ ᠦᠶ᠎ᠠ ᠳᠤ ᠵᠠᠯᠭᠠᠮᠵᠢᠯᠠᠨ ᠪᠠᠳᠠᠷᠠᠭᠤᠯᠬᠤ ᠬᠡᠷᠡᠭᠲᠡᠢ᠃    — ᠴᠠᠭ ᠦᠶ᠎ᠡ ᠬᠡᠷᠬᠢᠨ ᠬᠥᠭᠵᠢᠭᠰᠡᠨ ᠴᠦ ᠪᠢᠳᠡ ᠪᠦᠷ ᠬᠠᠷᠬᠢᠰ ᠬᠦᠴᠦᠨ ᠠᠴᠠ ᠦᠯᠦ ᠰᠦᠷᠳᠡᠬᠦ᠂ ᠬᠦᠴᠦᠷᠬᠡᠭᠯᠡᠯ ᠢ ᠡᠷᠡᠰ ᠡᠰᠡᠷᠭᠦᠴᠡᠬᠦ ᠦᠨᠳᠦᠰᠦᠲᠡᠨ ᠤ ᠵᠠᠩ ᠰᠤᠷᠲᠠᠯ ᠢᠶᠠᠨ ᠪᠠᠷᠢᠮᠳᠠᠯᠠᠬᠤ ᠬᠡᠷᠡᠭᠲᠡᠢ᠃ 70 ᠵᠢᠯ ᠤᠨ ᠡᠮᠦᠨ᠎ᠡ᠂ ᠡᠵᠡᠷᠬᠡᠭ ᠳᠦᠷᠢᠮᠡᠬᠡᠶᠢᠳᠡᠨ ᠳᠠᠶᠢᠨ ᠤ ᠭᠠᠯ ᠢ ᠰᠢᠨ᠎ᠡ ᠳᠤᠮᠳᠠᠳᠤ ᠤᠯᠤᠰ ᠤᠨ ᠡᠭᠦᠳᠡᠨ ᠳᠤ ᠬᠦᠷᠳᠡᠯ᠎ᠡ ᠰᠢᠲᠠᠭᠠᠪᠠ᠃ ᠲᠦᠷᠢᠮᠡᠬᠡᠶᠢᠯᠡᠭᠴᠢᠳ ᠲᠤ ᠬᠠᠨᠳᠤᠬᠤ ᠳᠤ᠂ ᠲᠡᠳᠡᠨ ᠤ ᠣᠶᠢᠯᠠᠭᠠᠵᠤ ᠮᠡᠳᠡᠳᠡᠭ ᠦᠭᠡ ᠪᠠᠷ ᠲᠡᠳᠡᠨ ᠲᠠᠢ ᠶᠠᠷᠢᠯᠴᠠᠬᠤ ᠬᠡᠷᠡᠭᠲᠡᠶ᠂ ᠡᠨᠡ ᠪᠤᠯ ᠳᠠᠷᠤᠶ ᠲᠠᠶᠢᠨ ᠢ ᠬᠤᠷᠢᠬᠯᠠᠨ ᠵᠤᠬᠰᠤᠭᠠᠬᠤ ᠶᠢᠨ ᠲᠦᠯᠦᠭᠡ ᠲᠠᠶᠢᠨ ᠬᠢᠵᠦ᠂ ᠡᠩᠬᠡ ᠲᠠᠶᠢᠪᠤᠩ ᠢ ᠪᠡᠶᠡᠯᠡᠭᠦᠯᠬᠦ ᠶᠢᠨ ᠲᠦᠯᠦᠭᠡ ᠵᠡᠪᠰᠡᠭ ᠬᠦᠳᠡᠯᠭᠡᠵᠦ᠂ ᠲᠠᠷᠬᠠᠨ ᠢᠯᠠᠯᠲᠠ ᠪᠠᠷ ᠡᠩᠬᠡ ᠲᠠᠶᠢᠪᠤᠩ ᠢ ᠣᠯᠵᠤ᠂ ᠬᠦᠨᠳᠦᠳᠬᠡᠯ ᠢ ᠣᠯᠬᠤ ᠶᠠᠪᠤᠳᠠᠯ ᠪᠤᠯᠤᠨ᠎ᠡ ᠭᠡᠳᠡᠭ ᠢ ᠲᠤᠮᠳᠠᠳᠤ ᠤᠯᠤᠰ ᠤᠨ ᠠᠷᠠᠳ ᠲᠦᠮᠡᠨ ᠬᠦᠨᠵᠡᠭᠡᠢ ᠮᠡᠳᠡᠵᠤ ᠪᠠᠶᠢᠯ᠎ᠡ᠃ ᠳᠤᠮᠳᠠᠳᠤ ᠤᠯᠤᠰ ᠤᠨ ᠠᠷᠠᠳ ᠲᠦᠮᠡᠨ ᠬᠡᠷᠡᠭ ᠡᠳᠦᠬᠦ ᠠᠴᠠ ᠠᠶᠤᠬᠤ ᠦᠭᠡᠢ ᠬᠡᠷᠡᠭ ᠠᠴᠠ ᠴᠦ ᠠᠶᠤᠬᠤ ᠦᠭᠡᠢ ᠶᠤᠮ᠂ ᠶᠠᠮᠠᠷᠪᠠ ᠬᠦᠴᠢᠷ ᠪᠡᠷᠬᠡᠰᠢᠶᠡᠯ ᠪᠠ ᠠᠶᠤᠯ ᠲᠦᠭᠰᠢᠭᠦᠷᠢ ᠶᠢᠨ ᠡᠮᠦᠨ᠎ᠡ ᠬᠦᠯ ᠨᠤᠭᠤᠷᠠᠵᠦ᠂ ᠨᠢᠷᠤᠭᠤ ᠪᠦᠬᠦ᠋ᠢᠬᠦ ᠦᠭᠡᠢ ᠶᠤᠮ᠂ ᠳᠤᠮᠳᠠᠳᠤ ᠶᠢᠨ ᠦᠨᠳᠦᠰᠦᠲᠡᠨ ᠪᠣᠯ ᠠᠶᠤᠵᠦ ᠰᠦᠷᠳᠡᠬᠦ ᠦᠭᠡᠢ᠂ ᠲᠠᠷᠤᠯᠠᠬᠳᠠᠵᠦ ᠲᠤᠷᠤᠮᠵᠢᠯᠠᠬᠳᠠᠬᠤ ᠦᠭᠡᠢ ᠶᠤᠮ︕    — ᠴᠠᠭ ᠦᠶ᠎ᠡ ᠬᠡᠷᠬᠢᠨ ᠬᠥᠭᠵᠢᠭᠰᠡᠨ ᠴᠦ ᠪᠢᠳᠡ ᠪᠦᠬᠦᠨ ᠰᠡᠳᠬᠢᠯ ᠨᠢᠭᠡᠳᠦᠨ ᠬᠦᠴᠦ ᠪᠠᠨ ᠬᠠᠮᠳᠤᠳᠬᠠᠬᠤ ᠦᠨᠳᠦᠰᠦᠲᠡᠨ ᠤ ᠬᠦᠴᠦᠨ ᠢ ᠨᠢᠭᠲᠠᠷᠠᠭᠤᠯᠬᠤ ᠬᠡᠷᠡᠭᠲᠡᠶ᠃ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠳᠠᠶᠢᠨ ᠳᠤ᠂ ᠳᠤᠮᠳᠠᠳᠤ ᠤᠯᠤᠰ ᠤᠨ ᠠᠷᠠᠳ ᠲᠦᠮᠡᠨ ᠤᠯᠤᠰ ᠢᠶᠠᠨ ᠬᠠᠶᠢᠷᠠᠯᠠᠬᠤ ᠦᠵᠡᠯ ᠤᠨ ᠲᠤᠭ ᠤᠨ ᠤᠷᠢᠶᠠᠯᠠᠭ᠎ᠠ ᠳᠣᠤᠷ᠎ᠠ᠂ ᠬᠠᠷᠭᠢᠰ ᠳᠠᠶᠢᠰᠤᠨ ᠢ ᠬᠠᠮᠲᠤ ᠪᠠᠷ ᠬᠤᠷᠣᠰᠴᠤ᠂ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ᠂ ᠳᠡᠯᠡᠬᠡᠶ ᠳ᠋ᠠᠬᠢᠨ ᠳᠤ ᠳᠤᠮᠳᠠᠳᠤ ᠤᠯᠤᠰ ᠤᠨ ᠠᠷᠠᠳ ᠲᠦᠮᠡᠨ ᠤ ᠳᠤᠮᠳᠠ ᠬᠠᠳᠠᠭᠠᠯᠠᠬᠳᠠᠵᠦ ᠪᠠᠶᠢᠭ᠎ᠠ ᠠᠤᠭ᠎ᠠ ᠶᠡᠭᠡ ᠬᠦᠴᠦᠨ ᠴᠢᠳᠠᠯ ᠢ ᠦᠵᠡᠬᠦᠯᠵᠦ᠂ ︽ᠤᠳᠤ ᠳᠤᠮᠳᠠᠳᠤ ᠤᠯᠤᠰ ᠤᠨ ᠠᠷᠠᠳ ᠲᠦᠮᠡᠨ ᠨᠢᠭᠡᠨᠲᠡ ᠵᠣᠬᠢᠶᠠᠨ ᠪᠠᠶᠢᠭᠤᠯᠤᠯᠴᠠᠬᠰᠠᠨ᠂ ᠬᠠᠯᠳᠠᠵᠤ ᠪᠣᠯᠤᠰᠢ ᠦᠭᠡᠢ ᠪᠤᠯᠤᠬᠰᠠᠨ᠂ ᠬᠡᠷᠪᠡ ᠬᠠᠯᠳᠠᠬᠤ ᠳᠤ ᠬᠦᠷᠪᠡᠯ ᠠᠮᠠᠷ ᠦᠬᠡᠢ ᠭᠡᠵᠦ ᠮᠡᠳᠡ︾ ᠭᠡᠳᠡᠭ ᠢ ᠲᠡᠯᠡᠭᠡᠢ ᠳ᠋ᠠᠬᠢᠨ ᠳᠤ ᠮᠡᠳᠡᠬᠦᠯᠪᠡ᠃    — ᠴᠠᠭ ᠦᠶ᠎ᠡ ᠬᠡᠷᠬᠢᠨ ᠬᠥᠭᠵᠢᠭᠰᠡᠨ ᠴᠦ ᠪᠢᠳᠡ ᠪᠦᠷ ᠦᠬᠦᠵᠤ ᠰᠡᠭᠡᠬᠦ ᠶᠢ ᠦᠯᠦ ᠬᠠᠶᠢᠬᠤᠷᠤᠨ᠂ ᠦᠬᠦᠵᠤ ᠰᠡᠭᠡᠬᠦ ᠶᠢᠨ ᠲᠡᠮᠡᠴᠡᠯ ᠬᠢᠬᠦ ᠦᠨᠳᠦᠰᠦᠲᠡᠨ ᠤ ᠬᠠᠳᠠᠨ ᠵᠤᠷᠢᠭ ᠢᠶᠠᠨ ᠳᠠᠪᠲᠠᠨ ᠪᠣᠯᠪᠠᠰᠤᠷᠠᠭᠤᠯᠬᠤ ᠬᠡᠷᠡᠭᠲᠡᠶ ᠃ ᠰᠣᠯᠣᠩᠭᠤᠰ ᠤᠨ ᠳᠠᠶᠢᠨ ᠤ ᠲᠠᠯᠠᠪᠤᠷ ᠲᠤ᠂ ᠰᠠᠶᠢᠨ ᠳᠤᠷ᠎ᠠ ᠶᠢᠨ ᠴᠡᠷᠢᠭ ᠤᠨ ᠳᠠᠷᠤᠭ᠎ᠠ ᠪᠠᠶᠢᠯᠳᠤᠭᠴᠢᠳ ᠬᠦᠴᠦᠷᠬᠡᠭ ᠶᠡᠭᠡ ᠪᠥᠭᠡᠳ ᠬᠠᠷᠭᠢᠰ ᠬᠡᠷᠴᠡᠭᠡᠶ ᠲᠠᠶᠢᠰᠤᠨ ᠲᠠᠢ ᠲᠤᠯᠤᠯᠳᠤᠵᠦ᠂ ᠬᠠᠲᠠᠭᠤ ᠰᠢᠷᠦᠭᠦᠨ ᠪᠠᠶᠢᠯᠳᠤᠭᠠᠨ ᠤ ᠲᠠᠯᠠᠪᠤᠷ ᠲᠤ ᠠᠮᠢ ᠪᠡᠶ᠎ᠠ ᠪᠠᠨ ᠵᠤᠷᠢᠭᠤᠯᠤᠨ᠂ ᠬᠠᠯᠠᠭᠤᠨ ᠴᠢᠰᠤ ᠪᠠᠨ ᠤᠷᠤᠰᠬᠠᠵᠦ᠂ ᠮᠠᠨ ᠤ ᠲᠠᠯ᠎ᠡ ᠶᠢᠨ ︽ᠵᠡᠪᠰᠡᠭ ᠲᠤᠨᠤᠬᠯᠠᠯ ᠴᠦᠭᠡᠨ ᠪᠤᠯᠪᠠᠴᠤ ᠡᠷᠴᠢ ᠵᠤᠷᠢᠭ ᠲᠡᠭᠦᠯᠳᠡᠷ︾ ᠪᠠᠶᠢᠬᠤ ᠲᠠᠪᠠᠭᠤᠯᠢᠭ ᠢᠶᠠᠷ ︽ᠵᠡᠪᠰᠡᠭ ᠲᠤᠨᠤᠬᠯᠠᠯ ᠤᠯᠠᠨ ᠪᠤᠯᠪᠠᠴᠤ ᠡᠷᠴᠢ ᠵᠤᠷᠢᠭ ᠮᠡᠭᠦᠰ︾ ᠪᠠᠶᠢᠬᠤ ᠲᠠᠶᠢᠰᠤᠨ ᠢ ᠢᠯᠡᠵᠤ᠂ ᠲᠩᠷᠢ ᠭᠠᠵᠠᠷ ᠢ ᠳᠣᠩᠰᠣᠯᠭᠠᠵᠤ᠂ ᠰᠡᠳᠬᠢᠯ ᠵᠢᠷᠤᠭᠡ ᠶᠢ ᠤᠶᠠᠷᠠᠭᠤᠯᠤᠮ᠎ᠠ ᠠᠤᠭ᠎ᠠ ᠲᠤᠤᠯᠢᠰ ᠢ ᠪᠢᠴᠢᠭᠯᠡᠵᠡᠢ᠃ ᠰᠠᠶᠢᠨ ᠳᠤᠷ᠎ᠠ ᠶᠢᠨ ᠴᠡᠷᠢᠭ ᠤᠨ ᠳᠠᠷᠤᠭ᠎ᠠ ᠪᠠᠶᠢᠯᠳᠤᠭᠴᠢᠳ ᠲᠠᠶᠢᠨ ᠤ ᠭᠠᠯ ᠹᠷᠤᠨᠲ ᠲᠤ ᠡᠷᠡᠮᠡᠭᠡᠶᠢᠯᠡᠨ ᠲᠠᠭᠠᠷᠢᠵᠤ᠂ ᠭᠠᠯᠵᠠᠭᠤᠷᠠᠬᠰᠡᠨ ᠮᠠᠳᠤ ᠲᠡᠯᠪᠡᠴᠢᠵᠦ ᠪᠠᠶᠢᠬᠰᠠᠨ ᠴᠦ ᠪᠠᠬᠢᠯᠡᠯᠲᠡ ᠪᠠᠨ ᠪᠠᠲᠤ ᠰᠠᠬᠢᠵᠤ᠂ ᠬᠡᠬᠦᠳᠡᠭ ᠴᠡᠭᠡᠵᠢ ᠪᠠᠷ ᠢᠶᠠᠨ ᠫᠤᠤ ᠶᠢᠨ ᠠᠮᠠ ᠶᠢ ᠪᠥᠭᠯᠡᠵᠦ᠂ ᠪᠡᠶ᠎ᠡ ᠪᠠᠷ ᠢᠶᠠᠨ ᠱᠠᠲᠤ ᠪᠣᠯᠭᠠᠵᠤ᠂ ᠳᠠᠷᠢ ᠶᠢᠨ ᠪᠠᠭᠯᠠᠭ᠎ᠠ ᠶᠢ ᠲᠡᠪᠡᠷᠢᠨ᠂ ᠳᠡᠯᠪᠡᠴᠢᠬᠦ ᠵᠡᠪᠰᠡᠭ ᠠᠳᠬᠤᠨ ᠳᠠᠶᠢᠰᠤᠨ ᠤ ᠵᠦᠭ ᠳᠠᠭᠠᠷᠢᠨ ᠣᠷᠣᠵᠤ᠂ ᠥᠯᠥᠰᠴᠦ ᠳᠠᠭᠠᠷᠠᠬᠤ ᠶᠢ ᠲᠡᠰᠪᠤᠷᠢᠯᠡᠨ ᠤᠬᠤᠷᠢᠯᠳᠠ ᠦᠭᠡᠢ ᠪᠠᠶᠢᠯᠳᠤᠵᠦ ᠂ ᠳᠦᠷᠡᠯᠵᠡᠭᠰᠡᠨ ᠭᠠᠯ ᠪᠡᠶ᠎ᠡ ᠳᠤᠨᠢ ᠵᠤᠯᠭᠠᠬᠰᠠᠨ ᠴᠦ ᠤᠬᠳᠤ ᠬᠥᠳᠡᠯᠤᠯ ᠦᠭᠡᠢ ᠲᠡᠰᠪᠤᠷᠢᠯᠡᠵᠦ᠂ ᠵᠣᠷᠢᠭᠲᠠᠶ ᠪᠠᠷ ︽ᠦᠨᠳᠦᠷ ᠤᠬᠳᠠᠷᠭᠤᠢ ᠳᠤ ᠬᠤᠷᠴᠠ ᠰᠡᠯᠡᠮ᠎ᠡ ᠡᠷᠭᠢᠭᠦᠯᠤᠨ︾ ᠪᠠᠶᠢᠯᠳᠤᠪᠠ᠃ ᠲᠡᠳᠡᠨ ᠤ ᠲᠤᠳᠤᠷ᠎ᠠ ᠠᠴᠠ ᠶᠠᠩ ᠭᠧᠨ ᠰᠧ᠂ ᠬᠤᠸᠠᠩ ᠵᠢᠢ ᠭᠤᠸᠠᠩ᠂ ᠴᠢᠦ ᠱᠤᠤ ᠶᠦᠨ ᠵᠡᠷᠭᠡ 30 ᠲᠦᠮᠡ ᠭᠠᠷᠤᠢ ᠪᠠᠭᠠᠲᠤᠷ ᠭᠠᠪᠢᠶᠠᠲᠠᠨ ᠪᠠ 6000 ᠰᠢᠬᠠᠮ ᠭᠠᠪᠢᠶᠠᠲᠠᠨ ᠤ ᠬᠠᠮᠲᠤ ᠴᠣᠯᠭᠤᠷᠠᠨ ᠭᠠᠷᠴᠠᠢ᠃ ᠪᠠᠭᠠᠲᠤᠷᠴᠤᠳ᠄ ᠮᠠᠨ ᠤ ᠠᠷᠤ ᠳᠤ ᠡᠬᠡ ᠤᠯᠤᠰ ᠮᠢᠨᠢ ᠪᠠᠶᠢᠨ᠎ᠡ᠂ ᠡᠭᠡ ᠤᠯᠤᠰ ᠠᠷᠠᠳ ᠲᠦᠮᠡᠨ ᠤ ᠪᠠᠨ ᠡᠩᠭᠡ ᠲᠠᠶᠢᠪᠤᠩ ᠤᠨ ᠲᠥᠯᠥᠭᠡ ᠪᠢᠳᠡ ᠨᠢᠭᠡ ᠠᠯᠬᠤᠮ ᠴᠤ ᠤᠬᠤᠷᠢᠵᠤ ᠪᠣᠯᠬᠤ ᠦᠭᠡᠢ︕ ᠬᠡᠵᠡᠭᠡᠨ᠎ᠡ᠃ ᠡᠨᠡ ᠬᠦ ᠡᠷᠡᠰ ᠪᠠᠳᠤ ᠤᠮᠤᠭ ᠵᠤᠷᠢᠭ ᠨᠢ ᠳᠠᠶᠢᠰᠤᠨ ᠢ ᠬᠡᠯᠮᠡᠭᠳᠡᠬᠦᠯᠵᠤ ᠂ ᠲᠩᠷᠢ ᠭᠠᠵᠠᠷ ᠢ ᠤᠶᠠᠷᠠᠭᠤᠯᠪᠠ︕    — ᠴᠠᠭ ᠦᠶ᠎ᠡ ᠬᠡᠷᠬᠢᠨ ᠬᠥᠭᠵᠢᠭᠰᠡᠨ ᠴᠦ ᠪᠢᠳᠡ ᠪᠦᠷ ᠲᠥᠪ ᠶᠣᠰᠣ ᠶᠢ ᠪᠠᠷᠢᠮᠲᠠᠯᠠᠨ ᠰᠢᠨ᠎ᠡ ᠶᠢ ᠡᠭᠦᠳᠬᠦ᠂ ᠡᠷᠡᠯᠬᠡᠭᠯᠡᠨ ᠤᠷᠤᠭᠰᠢᠯᠠᠬᠤ ᠦᠨᠳᠦᠰᠦᠲᠡᠨ ᠤ ᠤᠶᠤᠨ ᠤᠬᠠᠭᠠᠨ ᠢ ᠪᠠᠳᠠᠷᠠᠭᠤᠯᠤᠨ ᠬᠦᠭᠵᠢᠭᠡᠬᠦ ᠬᠡᠷᠡᠭᠲᠡᠢ᠃ ᠵᠣᠷᠢᠭᠲᠠᠶ ᠪᠠᠷ ᠰᠢᠨ᠎ᠡ ᠶᠢ ᠡᠭᠦᠳᠦᠭᠴᠢ ᠳᠠᠪᠰᠢᠵᠤ᠂ ᠴᠢᠳᠠᠮᠠᠭᠠᠶ ᠪᠠᠷ ᠡᠭᠦᠳᠦᠨ ᠪᠦᠲᠦᠭᠡᠭᠴᠢ ᠢᠯᠠᠨ᠎ᠠ᠃ ᠰᠠᠶᠢᠨ ᠳᠤᠷ᠎ᠠ ᠶᠢᠨ ᠴᠡᠷᠢᠭ ᠤᠨ ᠳᠠᠷᠤᠭ᠎ᠠ ᠪᠠᠶᠢᠯᠳᠤᠭᠴᠢᠳ ᠲᠠᠨᠢᠯ ᠪᠤᠰᠤ ᠲᠠᠶᠢᠨ ᠤ ᠲᠠᠯᠠᠪᠤᠷ᠂ ᠲᠠᠨᠢᠯ ᠪᠤᠰᠤ ᠳᠠᠶᠢᠰᠤᠨ ᠤ ᠡᠮᠦᠨ᠎ᠡ ︽ᠴᠢ ᠲᠠᠭᠠᠷᠢᠳᠠᠬ ᠢᠶᠠᠷ ᠢᠶᠠᠨ ᠲᠠᠭᠠᠷᠢ᠂ ᠪᠢ ᠭᠡᠳᠡᠷᠭᠦ ᠴᠤᠬᠢᠬᠤ ᠪᠠᠷ ᠢᠶᠠᠨ ᠴᠤᠬᠢᠨ᠎ᠠ᠂ ᠴᠢ ᠠᠲ᠋ᠣᠮ ᠤᠨ ᠪᠥᠮᠪᠦᠭᠡ ᠬᠠᠶᠠᠪᠠᠯ᠂ ᠪᠢ ᠬᠠᠷᠢᠭᠤ ᠳᠤᠨᠢ ᠭᠠᠷᠨᠠᠳᠠ ᠰᠢᠳᠡᠬᠦ︾ ᠤᠶᠠᠨ ᠬᠠᠳᠠᠨ ᠪᠠᠶᠢᠯᠳᠤᠬᠤ ᠪᠤᠳᠤᠯᠭ᠎ᠠ ᠪᠠᠶᠢᠯᠳᠤᠬᠤ ᠠᠷᠭ᠎ᠠ ᠶᠢ ᠭᠦᠢᠴᠡᠳ ᠪᠠᠳᠠᠷᠠᠭᠤᠯᠪᠠ᠃ ᠡᠯ᠎ᠡ ᠲᠠᠯ᠎ᠠ ᠶᠢᠨ ᠠᠶᠤᠯ ᠲᠦᠭᠰᠢᠭᠦᠷᠢ ᠥᠷᠢᠰᠥᠯᠳᠦᠭᠡᠨ ᠳᠤ ᠬᠠᠨᠳᠤᠵᠤ᠂ ᠡᠯ᠎ᠡ ᠵᠦᠢᠯ ᠤᠨ ᠬᠠᠷᠰᠢ ᠰᠠᠭᠠᠳ ᠬᠠᠳᠠᠭᠤ ᠳᠠᠷᠤᠯᠲᠠ ᠶᠢᠨ ᠡᠮᠤᠨ᠎ᠡ᠂ ᠳᠤᠮᠳᠠᠳᠤ ᠤᠯᠤᠰ ᠤᠨ ᠠᠷᠠᠳ ᠲᠦᠮᠡᠨ ᠬᠡᠵᠢᠶᠡᠳᠡ ᠠᠭᠤᠯᠠ ᠳᠠᠭᠠᠷᠠᠪᠠᠯ ᠵᠠᠮ ᠨᠡᠭᠡᠭᠡᠵᠦ᠂ ᠤᠰᠤ ᠲᠣᠬᠢᠶᠠᠯᠳᠤᠪᠠᠯ ᠬᠥᠭᠦᠷᠭᠡ ᠲᠠᠯᠪᠢᠵᠤ᠂ ᠶᠡᠷᠦ ᠨᠢ ᠣᠶᠤᠨ ᠤᠬᠠᠭᠠᠨ ᠪᠠᠭᠠᠲᠤᠷ ᠵᠤᠷᠢᠬ ᠢᠶᠠᠨ ᠢᠯᠡᠷᠡᠬᠦᠯᠵᠤ᠂ ᠵᠣᠷᠢᠭᠲᠠᠶ ᠪᠠᠷ ᠤᠷᠤᠭᠰᠢᠯᠠᠨ ᠲᠠᠪᠰᠢᠵᠤ᠂ ︽ᠪᠡᠷᠬᠡ ᠪᠠᠷᠳᠠᠭᠠᠳᠦ ᠵᠠᠮ︾ ᠢ ᠨᠡᠭᠡᠭᠡᠪᠠ︕    ᠨᠥᠬᠦᠳ ᠡ᠂ ᠨᠠᠶᠢᠵᠠ ᠨᠠᠷ ᠡ︕    ᠠᠮᠧᠷᠢᠺᠠ ᠶᠢ ᠡᠰᠡᠷᠭᠦᠴᠠᠵᠤ ᠰᠣᠯᠣᠩᠭᠤᠰ ᠢ ᠲᠤᠰᠠᠯᠠᠬᠤ ᠳᠠᠶᠢᠨ ᠢᠯᠠᠯᠲᠠ ᠣᠯᠤᠭᠰᠠᠨ 60 ᠭᠠᠷᠤᠶ ᠵᠢᠯ ᠤᠨ ᠲᠤᠷᠰᠢ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠳᠤᠮᠳᠠᠳᠤ ᠤᠯᠤᠰ ᠲᠤ ᠤᠷᠢᠳ ᠡᠮᠦᠨ᠎ᠡ ᠪᠠᠶᠢᠭ᠎ᠠ ᠦᠭᠡᠢ ᠲᠡᠦᠬᠡᠨ ᠯᠤᠲᠤ ᠶᠡᠭᠡ ᠬᠤᠪᠢᠷᠠᠯᠲᠠ ᠭᠠᠷᠴᠤ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠰᠢᠨ᠎ᠡ ᠴᠠᠭ ᠦᠶ᠎ᠡ ᠳᠤ ᠣᠷᠣᠵᠤ᠂ ᠳᠤᠮᠳᠠᠳᠤ ᠶᠢᠨ ᠦᠨᠳᠦᠰᠦᠲᠡᠨ ᠪᠣᠰᠴᠤ ᠵᠣᠭᠰᠣᠭᠰᠠᠨ᠂ ᠴᠢᠨᠡᠭᠡᠯᠢᠭᠵᠢᠭᠰᠡᠨ ᠠᠴᠠ ᠬᠦᠴᠦᠷᠬᠡᠭᠵᠢᠭᠰᠡᠨ ᠠᠭᠤᠤ ᠶᠡᠭᠡ ᠦᠰᠦᠷᠦᠯᠲᠡ ᠶᠢ ᠤᠭᠲᠤᠨ ᠠᠪᠴᠠᠢ᠃    ᠡᠳᠦᠭᠡ ᠪᠢᠳᠡ ᠶᠠᠭ ︽ᠬᠤᠤᠰ ᠵᠠᠭᠤᠨ ᠵᠢᠯ︾ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠬᠦ ᠲᠡᠤᠬᠡᠨ ᠠᠭᠤᠯᠵᠠᠷ ᠳᠡᠭᠡᠷ᠎ᠡ ᠵᠣᠭᠰᠣᠵᠤ᠂ ᠴᠢᠨᠡᠭᠡᠯᠢᠭ ᠨᠡᠶᠢᠭᠡᠮ ᠢ ᠪᠥᠬᠦ ᠲᠠᠯ᠎ᠠ ᠪᠠᠷ ᠪᠡᠶᠡᠯᠡᠭᠦᠯᠬᠦ ᠢᠯᠠᠯᠲᠠ ᠶᠢ ᠤᠬᠳᠤᠵᠦ᠂ ᠨᠡᠶᠢᠭᠡᠮ ᠵᠢᠷᠤᠮ ᠤᠨ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ ᠭᠡᠭᠡᠨ ᠰᠠᠷᠠᠭᠤᠯ ᠢᠷᠡᠭᠡᠳᠦᠶ ᠲᠠᠢ᠃ ᠤᠷᠤᠭᠰᠢᠯᠠᠯᠲᠠ ᠶᠢᠨ ᠵᠠᠮ ᠢᠯᠭᠤᠮ ᠤᠷᠤᠭᠰᠢᠲᠠᠢ ᠪᠠᠶᠢᠵᠤ ᠴᠢᠳᠠᠬᠤ ᠦᠭᠡᠢ᠃ ᠪᠢᠳᠡ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠳᠠᠶᠢᠨ ᠤ ᠬᠠᠲᠠᠭᠤ ᠪᠡᠷᠬᠡᠰᠢᠶᠡᠯᠲᠦ ᠥᠩᠭᠡᠷᠡᠯᠲᠡ ᠪᠠ ᠠᠭᠤᠤ ᠶᠡᠭᠡ ᠢᠯᠠᠯᠲᠠ ᠶᠢ ᠪᠠᠲᠤ ᠴᠡᠭᠡᠵᠢᠯᠡᠵᠦ᠂ ᠵᠣᠷᠢᠭᠲᠠᠶ ᠪᠠᠷ ᠲᠡᠮᠡᠴᠡᠵᠦ᠂ ᠴᠢᠳᠠᠮᠠᠭᠠᠶ ᠪᠠᠷ ᠲᠡᠮᠡᠴᠡᠵᠦ᠂ ᠬᠦᠴᠢᠷ ᠢ ᠰᠦᠷᠦᠨ ᠤᠷᠤᠭᠰᠢᠯᠠᠵᠤ᠂ ᠡᠷᠡᠰ ᠰᠢᠭᠤᠷᠬᠠᠶ ᠪᠠᠷ ᠤᠷᠤᠭᠰᠢᠯᠠᠵᠤ᠂ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠦᠢᠯᠡᠰ ᠢ ᠲᠠᠰᠤᠷᠠᠯᠲᠠ ᠦᠭᠡᠢ ᠲᠦᠯᠬᠢᠨ ᠤᠷᠤᠭᠰᠢᠯᠠᠭᠤᠯᠬᠤ ᠬᠡᠷᠡᠭᠲᠡᠶ᠃    — ᠠᠭᠤᠤ ᠶᠡᠭᠡ ᠢᠯᠠᠯᠲᠠ ᠶᠢ ᠪᠠᠲᠤ ᠴᠡᠭᠡᠵᠢᠯᠡᠵᠦ᠂ ᠠᠭᠤᠤ ᠶᠡᠭᠡ ᠦᠢᠯᠡᠰ ᠢ ᠠᠬᠢᠭᠤᠯᠬᠤ ᠳᠤ᠂ ᠡᠷᠬᠡᠪᠰᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶᠢ ᠪᠠᠷᠢᠮᠲᠠᠯᠠᠨ᠂ ᠨᠠᠮ ᠢᠶᠠᠨ ᠨᠡᠩ ᠪᠠᠲᠤ ᠴᠢᠩᠭ᠎ᠠ ᠬᠦᠴᠦᠨ ᠲᠠᠢ ᠪᠣᠯᠭᠠᠨ ᠳᠠᠪᠲᠠᠨ ᠪᠣᠯᠪᠠᠰᠤᠷᠠᠭᠤᠯᠬᠤ ᠬᠡᠷᠡᠭᠲᠡᠶ᠃ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠳᠠᠶᠢᠨ ᠤ ᠠᠭᠤᠤ ᠶᠡᠭᠡ ᠢᠯᠠᠯᠲᠠ ᠨᠢ᠂ ᠶᠠᠮᠠᠷᠪᠠ ᠤᠯᠤᠰ ᠳᠦᠷᠦ ᠶᠢᠨ ᠬᠦᠴᠦᠨ ᠴᠤ ᠬᠡᠳ ᠳᠤᠮᠳᠠᠳᠤ ᠤᠯᠤᠰ ᠤᠨ ᠡᠪ ᠬᠠᠮᠲᠤ ᠨᠠᠮ ᠰᠢᠭ᠋ ᠦᠨᠳᠦᠰᠦᠲᠡᠨ ᠤ ᠰᠡᠷᠭᠦᠨ ᠮᠠᠨᠳᠤᠯᠲᠠ᠂ ᠠᠷᠠᠳ ᠲᠦᠮᠡᠨ ᠤ ᠵᠣᠯ ᠵᠢᠷᠭᠠᠯ ᠤᠨ ᠲᠥᠯᠥᠭᠡ ᠠᠷᠢᠭᠤᠨ ᠴᠢᠰᠤ ᠪᠠᠨ ᠤᠷᠤᠰᠬᠠᠨ ᠠᠮᠢ ᠪᠡᠶ᠎ᠡ ᠪᠠᠨ ᠦᠷᠡᠭᠳᠡᠭᠦᠯᠬᠦ ᠠᠴᠠ ᠪᠤᠴᠠᠬᠤ ᠦᠭᠡᠢ᠂ ᠴᠥᠬᠦᠷᠡᠰᠢ ᠦᠭᠡᠢ ᠴᠢᠷᠮᠠᠶᠢᠨ ᠲᠡᠮᠡᠴᠡᠵᠦ᠂ ᠲᠦᠭ ᠲᠦᠮᠡᠨ ᠤᠯᠠᠨ ᠲᠦᠮᠡᠨ ᠢ ᠪᠦᠯᠬᠦᠮᠳᠡᠭᠦᠯᠦᠨ ᠨᠢᠭᠲᠠᠷᠠᠭᠤᠯᠵᠤ ᠲᠠᠰᠤᠷᠠᠯᠳᠠ ᠦᠭᠡᠢ ᠢᠯᠠᠯᠲᠠ ᠵᠦᠭ ᠤᠷᠤᠭᠰᠢᠯᠠᠭᠤᠯᠵᠦ ᠴᠢᠳᠠᠬᠤ ᠦᠬᠡᠢ ᠶᠤᠮ ᠬᠡᠰᠡᠨ ᠢ ᠳᠠᠬᠢᠨᠳᠠ ᠬᠡᠷᠡᠴᠢᠯᠡᠵᠡᠢ᠃ ᠪᠢᠳᠡ ᠤᠭ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠵᠣᠷᠢᠭ ᠰᠠᠨᠠᠭ᠎ᠠ ᠪᠠᠷ ᠨᠠᠮ ᠤᠨ ᠪᠠᠶᠢᠭᠤᠯᠤᠯᠲᠠ ᠶᠢᠨ ᠠᠭᠤᠤ ᠶᠡᠭᠡ ᠰᠢᠨ᠎ᠡ ᠢᠨᠵᠧᠨᠧᠷᠢᠩ ᠢ ᠪᠦᠬᠦ ᠲᠠᠯ᠎ᠠ ᠪᠠᠷ ᠠᠬᠢᠭᠤᠯᠵᠤ᠂ ᠨᠠᠮ ᠤᠨ ᠤᠯᠤᠰ ᠲᠥᠷᠥ ᠶᠢᠨ ᠤᠳᠤᠷᠢᠳᠬᠤ ᠬᠦᠴᠦᠨ᠂ ᠦᠵᠡᠯ ᠰᠠᠨᠠᠭᠠᠨ ᠤ ᠬᠥᠲᠥᠯᠥᠨ ᠳᠠᠭᠠᠭᠤᠯᠬᠤ ᠬᠦᠴᠦᠨ᠂ ᠣᠯᠠᠨ ᠲᠦᠮᠡᠨ ᠢ ᠵᠣᠬᠢᠶᠠᠨ ᠪᠠᠶᠢᠭᠤᠯᠬᠤ ᠬᠦᠴᠦᠨ᠂ ᠨᠡᠶᠢᠭᠡᠮ ᠨᠡᠶᠢᠳᠡ ᠶᠢ ᠤᠷᠢᠶᠠᠯᠠᠬᠤ ᠬᠦᠴᠦᠨ ᠢ ᠲᠠᠰᠤᠷᠠᠯᠲᠠ ᠤᠢᠭᠡᠢ ᠴᠢᠩᠭᠠᠳᠬᠠᠳᠠᠬ ᠯᠡ ᠶᠤᠮ ᠪᠤᠯ᠂ ᠯᠠᠪᠳᠠᠶ᠎ᠠ ᠨᠠᠮ ᠢ ᠢᠮᠠᠭᠲᠠ ᠳᠤᠮᠳᠠᠳᠤ ᠤᠯᠤᠰ ᠤᠨ ᠠᠷᠠᠳ ᠲᠦᠮᠡᠨ ᠤ ᠬᠠᠮᠤᠭ ᠤᠨ ᠨᠠᠶᠢᠳᠠᠪᠤᠷᠢᠲᠠᠶ᠂ ᠬᠠᠮᠤᠭ ᠤᠨ ᠪᠠᠳᠤ ᠴᠢᠩᠭ᠎ᠠ ᠲᠦᠰᠢᠭ ᠲᠤᠯᠭᠠᠭᠤᠷᠢ ᠪᠣᠯᠭᠠᠵᠦ ᠴᠢᠳᠠᠬᠤ ᠶᠤᠮ︕    — ᠠᠭᠤᠤ ᠶᠡᠭᠡ ᠢᠯᠠᠯᠲᠠ ᠶᠢ ᠪᠠᠲᠤ ᠴᠡᠭᠡᠵᠢᠯᠡᠵᠦ᠂ ᠠᠭᠤᠤ ᠶᠡᠭᠡ ᠦᠢᠯᠡᠰ ᠢ ᠠᠬᠢᠭᠤᠯᠬᠤ ᠳᠤ᠂ ᠡᠷᠬᠡᠪᠰᠢ ᠠᠷᠠᠳ ᠲᠦᠮᠡᠨ ᠢᠶᠠᠷ ᠭᠤᠤᠯ ᠪᠣᠯᠭᠠᠬᠤ ᠶᠢ ᠪᠠᠷᠢᠮᠲᠠᠯᠠᠨ᠂ ᠠᠯᠢᠪᠠ ᠪᠦᠬᠦᠨ ᠠᠷᠠᠳ ᠲᠦᠮᠡᠨ ᠤ ᠲᠥᠯᠥᠭᠡ ᠪᠠᠶᠢᠵᠤ᠂ ᠠᠯᠢᠪᠠ ᠪᠦᠬᠦᠨ ᠳᠤ ᠠᠷᠠᠳ ᠲᠦᠮᠡᠨ ᠢ ᠲᠦᠰᠢᠭᠯᠡᠬᠦ ᠬᠡᠷᠡᠭᠲᠡᠶ᠃ ᠲᠡᠦᠬᠡ ᠶᠢ ᠪᠣᠯ ᠠᠷᠠᠳ ᠲᠦᠮᠡᠨ ᠡᠭᠦᠳᠦᠨ ᠪᠦᠲᠦᠭᠡᠭᠰᠡᠨ ᠶᠤᠮ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠦᠴᠦᠨ᠂ ᠠᠷᠠᠳ ᠤᠨ ᠴᠡᠷᠢᠭ ᠤᠨ ᠬᠦᠴᠦᠨ ᠤ ᠦᠨᠳᠦᠰᠦ ᠰᠠᠭᠤᠷᠢ ᠨᠢ ᠠᠷᠠᠳ ᠲᠦᠮᠡᠨ ᠳᠤ ᠪᠤᠢ᠃ ᠪᠢᠳᠡ ᠡᠷᠬᠡᠪᠰᠢ ᠪᠦᠬᠦ ᠰᠡᠳᠬᠢᠯ ᠪᠦᠬᠦ ᠵᠣᠷᠢᠭ ᠢᠶᠠᠷ ᠢᠶᠠᠨ ᠠᠷᠠᠳ ᠲᠦᠮᠡᠨ ᠳᠤ ᠦᠶ᠋ᠯᠡᠴᠢᠯᠡᠬᠦ ᠦᠨᠳᠦᠰᠦᠨ ᠵᠣᠷᠢᠯᠲᠠ ᠶᠢ ᠪᠠᠷᠢᠮᠲᠠᠯᠠᠵᠤ᠂ ᠠᠷᠠᠳ ᠲᠦᠮᠡᠨ ᠳᠤ ᠠᠰᠢᠭ ᠲᠤᠰᠠ ᠬᠦᠷᠳᠡᠬᠡᠵᠦ᠂ ᠠᠷᠠᠳ ᠤᠨ ᠲᠥᠯᠥᠭᠡ ᠬᠠᠷᠢᠭᠤᠴᠠᠯᠭ᠎ᠠ ᠭᠦᠴᠡᠳᠬᠡᠵᠦ᠂ ᠠᠷᠠᠳ ᠤᠨ ᠲᠥᠯᠥᠭᠡ ᠡᠬᠦᠷᠬᠡᠯᠡᠯ ᠡᠭᠦᠷᠭᠡᠯᠡᠵᠦ᠂ ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢᠶᠠᠷ ᠢᠮᠠᠭᠲᠠ ᠦᠯᠦ ᠬᠤᠪᠢᠷᠠᠬᠤ ᠲᠡᠮᠡᠴᠡᠯ ᠤᠨ ᠬᠠᠷᠠᠯᠲᠠ ᠪᠠᠨ ᠪᠣᠯᠭᠠᠵᠤ᠂ ᠨᠠᠮ ᠪᠣᠯᠤᠨ ᠠᠷᠠᠳ ᠤᠯᠠᠨ ᠤ ᠬᠤᠭᠤᠷᠣᠨᠳᠣᠬᠢ ᠮᠢᠬ᠎ᠠ ᠴᠢᠰᠤᠨ ᠤ ᠬᠠᠷᠢᠴᠠᠭ᠎ᠠ ᠶᠢ ᠢᠮᠠᠭᠲᠠ ᠪᠠᠷᠢᠮᠲᠠᠯᠠᠬᠤ ᠬᠡᠷᠡᠭᠲᠡᠶ᠃ ᠪᠢᠳᠡ ᠠᠷᠠᠳ ᠲᠦᠮᠡᠨ ᠤ ᠵᠣᠭᠰᠣᠯᠲᠠ ᠶᠢ ᠢᠮᠠᠭᠲᠠ ᠪᠠᠷᠢᠮᠲᠠᠯᠠᠵᠤ᠂ ᠠᠷᠠᠳ ᠲᠦᠮᠡᠨ ᠢ ᠳᠡᠭᠡᠳᠦᠯᠡᠳᠡᠭ ᠯᠡ ᠶᠤᠮ ᠪᠣᠯ᠂ ᠯᠠᠪᠲᠠᠶ᠎ᠠ ᠬᠠᠨᠳᠤᠭᠰᠠᠨ ᠵᠦᠭ ᠲᠤ ᠢᠯᠠᠭᠳᠠᠰᠢ ᠦᠭᠡᠢ ᠤᠷᠤᠬᠰᠢᠯᠠᠬᠤ ᠬᠦᠴᠦᠷᠬᠡᠭ ᠶᠡᠭᠡ ᠬᠦᠴᠦᠨ ᠢ ᠬᠥᠭᠵᠢᠭᠡᠵᠦ᠂ ᠯᠠᠪᠳᠠᠶ᠎ᠠ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠭᠤᠶᠢᠳᠠ ᠰᠠᠶᠢᠬᠠᠨ ᠢᠷᠠᠭᠤ ᠬᠠᠭᠤᠳᠠᠰᠤ ᠶᠢ ᠲᠠᠰᠤᠷᠠᠯᠲᠠ ᠦᠭᠡᠢ ᠪᠢᠴᠢᠭᠯᠡᠵᠦ ᠴᠢᠳᠠᠬᠤ ᠶᠤᠮ︕    — ᠠᠭᠤᠤ ᠶᠡᠭᠡ ᠢᠯᠠᠯᠲᠠ ᠶᠢ ᠪᠠᠲᠤ ᠴᠡᠭᠡᠵᠢᠯᠡᠵᠦ᠂ ᠠᠭᠤᠤ ᠶᠡᠭᠡ ᠦᠢᠯᠡᠰ ᠢ ᠠᠬᠢᠭᠤᠯᠬᠤ ᠳᠤ᠂ ᠡᠷᠬᠡᠪᠰᠢ ᠠᠵᠤ ᠠᠬᠤᠶ ᠨᠡᠶᠢᠭᠡᠮ ᠤᠨ ᠬᠥᠭᠵᠢᠯᠲᠡ ᠶᠢ ᠠᠬᠢᠭᠤᠯᠬᠤ ᠶᠢ ᠪᠠᠷᠢᠮᠲᠠᠯᠠᠨ᠂ ᠮᠠᠨ ᠤ ᠤᠯᠤᠰ ᠤᠨ ᠶᠡᠷᠦᠩᠬᠡᠶ ᠪᠤᠳᠠᠳᠤ ᠬᠦᠴᠦᠨ ᠢᠶᠠᠨ ᠲᠠᠰᠤᠷᠠᠯᠲᠠ ᠦᠭᠡᠢ ᠪᠤᠵᠠᠭᠠᠶᠢᠷᠠᠭᠤᠯᠬᠤ ᠬᠡᠷᠡᠭᠲᠡᠢ᠃ ᠬᠤᠴᠣᠷᠤᠩᠭᠤᠢ ᠪᠤᠯ ᠴᠣᠬᠢᠭᠳᠠᠨ᠎ᠠ᠂ ᠬᠥᠭᠵᠢᠪᠡᠯ ᠰᠠᠶ᠋ᠢ ᠬᠦᠴᠦᠷᠬᠡᠭᠵᠢᠵᠦ ᠴᠢᠳᠠᠨ᠎ᠠ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠭᠠᠷᠤᠶ ᠵᠢᠯ ᠤᠨ ᠲᠤᠷᠰᠢ᠂ ᠮᠠᠨ ᠤ ᠤᠯᠤᠰ ᠬᠡᠳᠦᠨ ᠠᠷᠪᠠᠨ ᠵᠢᠯ ᠤᠨ ᠴᠠᠭ ᠵᠠᠷᠤᠴᠠᠭᠤᠯᠤᠨ ᠬᠥᠭᠵᠢᠭᠰᠡᠨ ᠤᠯᠤᠰ ᠤᠨ ᠬᠡᠳᠦᠨ ᠵᠠᠭᠤᠨ ᠵᠢᠯ ᠤᠨ ᠲᠤᠷᠰᠢᠬᠢ ᠬᠥᠭᠵᠢᠯᠲᠡ ᠶᠢᠨ ᠥᠩᠭᠡᠷᠡᠯᠲᠡ ᠶᠢ ᠪᠡᠶᠡᠯᠡᠭᠦᠯᠵᠦ᠂ ᠳᠡᠯᠡᠬᠡᠶ ᠳ᠋ᠠᠬᠢᠨ ᠤ ᠠᠩᠬᠠᠷᠤᠯ ᠢ ᠲᠠᠲᠠᠭᠰᠠᠨ ᠬᠥᠭᠵᠢᠯᠲᠡ ᠶᠢᠨ ᠭᠠᠶᠢᠬᠠᠮᠰᠢᠭ ᠢ ᠡᠭᠦᠳᠪᠡ᠃ ᠣᠳᠣᠬᠠᠨ ᠳᠤ᠂ ᠮᠠᠨ ᠤ ᠤᠯᠤᠰ ᠰᠢᠨ᠎ᠡ ᠬᠥᠭᠵᠢᠯᠲᠡ ᠶᠢᠨ ᠱᠠᠲᠤᠨ ᠳᠤ ᠣᠷᠣᠵᠤ᠂ ᠰᠢᠨ᠎ᠡ ᠠᠵᠠ ᠲᠣᠬᠢᠶᠠᠯ ᠰᠢᠨ᠎ᠡ ᠥᠷᠢᠰᠥᠯᠳᠦᠭᠡᠨ ᠳᠤ ᠲᠤᠯᠭᠠᠷᠠᠵᠤ ᠪᠤᠢ᠂ ᠪᠢᠳᠡ ︽ᠲᠠᠪᠤ ᠶᠢ ᠨᠢᠭᠡ ᠴᠣᠭᠴᠠᠵᠢᠭᠤᠯᠬᠤ︾ ᠶᠡᠷᠦᠩᠬᠡᠢ ᠪᠠᠶᠢᠷᠢᠰᠢᠭᠤᠯᠤᠯᠲᠠ ᠶᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ ︽ᠳᠥᠷᠪᠡᠨ ᠪᠦᠬᠦ ᠲᠠᠯ᠎ᠠ︾ ᠶᠢᠨ ᠪᠠᠶᠢᠯᠳᠤᠬᠤ ᠪᠣᠳᠣᠯᠭ᠎ᠠ ᠶᠢᠨ ᠪᠠᠶᠢᠷᠢᠰᠢᠭᠤᠯᠤᠯᠲᠠ ᠶᠢ ᠵᠣᠬᠢᠴᠠᠭᠤᠯᠤᠨ ᠠᠬᠢᠭᠤᠯᠵᠤ᠂ ᠰᠢᠨ᠎ᠡ ᠬᠥᠭᠵᠢᠯᠲᠡ ᠶᠢᠨ ᠣᠶᠢᠯᠠᠭᠠᠭᠳᠠᠬᠤᠨ ᠢ ᠡᠷᠡᠰ ᠭᠤᠶᠢᠪᠢᠰᠢ ᠦᠭᠡᠢ ᠲᠤᠭᠤᠰᠢᠯᠠᠭᠤᠯᠵᠦ᠂ ᠰᠢᠨ᠎ᠡ ᠬᠦᠭᠵᠢᠯᠳᠡ ᠶᠢᠨ ᠪᠠᠶᠢᠷᠢᠰᠢᠯ ᠢ ᠴᠤᠬᠴᠠᠯᠠᠳᠠᠬ ᠯᠠ ᠶᠤᠮ ᠪᠣᠯ᠂ ᠯᠠᠪᠳᠠᠶ᠎ᠠ ᠨᠡᠩ ᠴᠢᠨᠠᠷ ᠰᠠᠶᠢᠲᠠᠢ᠂ ᠨᠡᠩ ᠦᠷ᠎ᠡ ᠪᠦᠲᠦᠮᠵᠢᠲᠡᠢ᠂ ᠨᠡᠩ ᠲᠥᠪ ᠭᠤᠣᠯᠴᠢ᠂ ᠨᠡᠩ ᠦᠷᠭᠦᠯᠵᠢᠯᠡᠬᠦ᠂ ᠨᠡᠩ ᠠᠮᠤᠷ ᠲᠦᠪᠰᠢᠨ ᠬᠥᠭᠵᠢᠯᠲᠡ ᠶᠢ ᠪᠡᠶᠡᠯᠡᠭᠦᠯᠵᠦ᠂ ᠳᠡᠯᠡᠬᠡᠢ ᠳ᠋ᠠᠬᠢᠨ ᠢ ᠭᠠᠶᠢᠬᠠᠭᠤᠯᠤᠮ᠎ᠠ ᠨᠡᠩ ᠶᠡᠭᠡ ᠭᠠᠶᠢᠬᠠᠮᠰᠢᠭ ᠢ ᠲᠠᠰᠤᠷᠠᠯᠲᠠ ᠦᠭᠡᠢ ᠡᠭᠦᠳᠴᠦ ᠴᠢᠳᠠᠬᠤ ᠶᠤᠮ︕    — ᠠᠭᠤᠤ ᠶᠡᠭᠡ ᠢᠯᠠᠯᠲᠠ ᠶᠢ ᠪᠠᠲᠤ ᠴᠡᠭᠡᠵᠢᠯᠡᠵᠦ᠂ ᠠᠭᠤᠤ ᠶᠡᠭᠡ ᠦᠢᠯᠡᠰ ᠢ ᠠᠬᠢᠭᠤᠯᠬᠤ ᠳᠤ᠂ ᠡᠷᠬᠡᠪᠰᠢ ᠤᠯᠤᠰ ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠬᠢ ᠶᠢᠨ ᠤᠳᠤᠬᠢᠴᠢᠯᠠᠯᠳᠠ ᠶᠢ ᠲᠦᠷᠭᠡᠳᠭᠡᠨ ᠠᠬᠢᠭᠤᠯᠵᠤ᠂ ᠠᠷᠠᠳ ᠤᠨ ᠴᠡᠷᠢᠭ ᠠᠩᠬᠢ ᠶᠢ ᠳᠡᠯᠡᠬᠡᠶ ᠶᠢᠨ ᠲᠡᠷᠢᠭᠦᠨ ᠵᠡᠷᠭᠡ ᠶᠢᠨ ᠴᠡᠷᠢᠭ ᠠᠩᠬᠢ ᠪᠣᠯᠭᠠᠨ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠬᠡᠷᠡᠭᠲᠡᠶ᠃ ᠬᠦᠴᠦᠷᠬᠡᠭ ᠶᠡᠭᠡ ᠴᠡᠷᠢᠭ ᠠᠩᠬᠢ ᠤᠢᠭᠡᠢ ᠪᠣᠯ ᠬᠦᠴᠦᠷᠬᠡᠭ ᠶᠡᠭᠡ ᠡᠭᠡ ᠣᠷᠣᠨ ᠪᠠᠶᠢᠵᠤ ᠴᠢᠳᠠᠬᠤ ᠤᠢᠭᠡᠢ ᠶᠤᠮ᠃ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠢ ᠪᠠᠷᠢᠮᠲᠠᠯᠠᠨ ᠬᠥᠭᠵᠢᠭᠦᠯᠬᠦ ᠳᠤ ᠡᠷᠬᠡᠪᠰᠢ ᠬᠥᠭᠵᠢᠯᠲᠡ ᠪᠠ ᠠᠮᠤᠷ ᠲᠦᠪᠰᠢᠨ᠂ ᠤᠯᠤᠰ ᠢᠶᠠᠨ ᠴᠢᠨᠡᠭᠡᠯᠢᠭᠵᠢᠭᠦᠯᠬᠦ ᠪᠠ ᠴᠡᠷᠢᠭ ᠢᠶᠠᠨ ᠬᠦᠴᠦᠷᠬᠡᠭᠵᠢᠭᠦᠯᠬᠦ ᠶᠢ ᠨᠢᠭᠡᠳᠦᠯᠲᠡᠶ ᠲᠥᠯᠥᠪᠵᠢᠭᠦᠯᠬᠦ ᠬᠡᠷᠡᠭᠲᠡᠶ᠃ ᠡᠷᠬᠡᠪᠰᠢ ᠰᠢᠨ᠎ᠡ ᠴᠠᠭ ᠦᠶ᠎ᠡ ᠶᠢᠨ ᠨᠠᠮ ᠤᠨ ᠴᠡᠷᠢᠭ ᠢ ᠬᠦᠴᠦᠷᠬᠡᠭᠵᠢᠭᠦᠯᠬᠦ ᠦᠵᠡᠯ ᠰᠠᠨᠠᠭ᠎ᠠ ᠶᠢ ᠲᠤᠭᠤᠰᠢᠯᠠᠭᠤᠯᠵᠦ᠂ ᠰᠢᠨ᠎ᠡ ᠴᠠᠭ ᠦᠶ᠎ᠡ ᠶᠢᠨ ᠴᠡᠷᠢᠭ ᠤᠨ ᠶᠠᠪᠤᠳᠠᠯ ᠤᠨ ᠪᠠᠶᠢᠯᠳᠤᠬᠤ ᠪᠣᠳᠣᠯᠭ᠎ᠠ ᠶᠢᠨ ᠴᠢᠭᠯᠡᠯᠲᠡ ᠶᠢ ᠲᠤᠭᠤᠰᠢᠯᠠᠭᠤᠯᠵᠤ᠂ ᠨᠠᠮ ᠤᠨ ᠠᠷᠠᠳ ᠤᠨ ᠴᠡᠷᠢᠭ ᠠᠩᠭᠢ ᠳᠠᠬᠢ ᠬᠠᠷᠢᠴᠠᠯᠠᠰᠢ ᠦᠭᠡᠢ ᠤᠳᠤᠷᠢᠳᠤᠯᠭ᠎ᠠ ᠶᠢ ᠡᠷᠡᠰ ᠭᠤᠶᠢᠪᠢᠰᠢ ᠦᠭᠡᠢ ᠪᠠᠷᠢᠮᠲᠠᠯᠠᠵᠤ᠂ ᠤᠯᠤᠰ ᠲᠥᠷᠥ ᠪᠠᠷ ᠴᠡᠷᠢᠭ ᠪᠠᠶᠢᠭᠤᠯᠬᠤ᠂ ᠥᠭᠡᠷᠡᠴᠢᠯᠡᠯᠲᠡ ᠪᠠᠷ ᠴᠡᠷᠢᠭ ᠢ ᠬᠦᠴᠦᠷᠬᠡᠭᠵᠢᠭᠦᠯᠬᠦ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢᠶᠠᠷ ᠴᠡᠷᠢᠭ ᠢ ᠬᠦᠴᠦᠷᠬᠡᠭᠵᠢᠭᠦᠯᠬᠦ᠂ ᠴᠢᠳᠠᠪᠤᠷᠢᠲᠠᠨ ᠢᠶᠠᠷ ᠴᠡᠷᠢᠭ ᠢ ᠬᠦᠴᠦᠷᠬᠡᠭᠵᠢᠭᠦᠯᠬᠦ᠂ ᠬᠠᠤᠯᠢ ᠶᠣᠰᠣᠭᠠᠷ ᠴᠡᠷᠢᠭ ᠢ ᠵᠠᠰᠠᠬᠤ ᠶᠢ ᠪᠠᠷᠢᠮᠲᠠᠯᠠᠵᠤ᠂ ᠤᠯᠤᠰ ᠤᠨ ᠡᠷᠬᠡ ᠮᠡᠳᠡᠯ᠂ ᠠᠮᠤᠷ ᠲᠦᠪᠰᠢᠨ᠂ ᠬᠥᠭᠵᠢᠯᠲᠡ ᠶᠢᠨ ᠠᠰᠢᠭ ᠲᠤᠰᠠ ᠶᠢ ᠬᠠᠮᠠᠭᠠᠯᠠᠬᠤ ᠪᠠᠶᠢᠯᠳᠤᠬᠤ ᠪᠤᠳᠤᠯᠭ᠎ᠠ ᠶᠢᠨ ᠴᠢᠳᠠᠪᠤᠷᠢ ᠪᠠᠨ ᠪᠦᠬᠦ ᠲᠠᠯ᠎ᠠ ᠪᠠᠷ ᠳᠡᠭᠡᠭᠰᠢᠯᠡᠭᠦᠯᠵᠦ᠂ ᠰᠢᠨ᠎ᠡ ᠴᠠᠭ ᠦᠶ᠎ᠡ ᠶᠢᠨ ᠠᠷᠠᠳ ᠤᠨ ᠴᠡᠷᠢᠭ ᠠᠩᠬᠢ ᠶᠢᠨ ᠡᠭᠦᠷᠭᠡ ᠬᠠᠷᠢᠭᠤᠴᠠᠯᠭ᠎ᠠ ᠶᠢ ᠨᠡᠩ ᠰᠠᠶᠢᠲᠤᠷ ᠭᠦᠢᠴᠡᠳᠬᠡᠬᠦ ᠬᠡᠷᠡᠭᠳᠡᠢ᠃ ᠪᠢᠳᠡ ᠴᠠᠭ ᠦᠶ᠎ᠡ ᠶᠢ ᠲᠠᠭᠠᠨ ᠪᠦᠬᠦ ᠲᠠᠯ᠎ᠠ ᠪᠠᠷ ᠤᠷᠤᠭᠰᠢᠯᠠᠨ ᠤᠯᠤᠰ ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠦ᠂ ᠨᠠᠮ ᠤᠨ ᠰᠢᠨ᠎ᠡ ᠴᠠᠭ ᠦᠶ᠎ᠡ ᠶᠢᠨ ᠴᠡᠷᠢᠭ ᠢ ᠬᠦᠴᠦᠷᠬᠡᠭᠵᠢᠭᠦᠯᠬᠦ ᠬᠠᠷᠠᠯᠲᠠ ᠵᠦᠭ ᠲᠤᠮᠤ ᠠᠯᠬᠤᠮ ᠢᠶᠠᠷ ᠤᠷᠤᠭᠰᠢᠯᠠᠳᠠᠬ ᠯᠡ ᠶᠤᠮ ᠪᠤᠯ᠂ ᠯᠠᠪᠳᠠᠶ᠎ᠠ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠳᠤ ᠨᠡᠩ ᠪᠠᠳᠤ ᠴᠢᠩᠭ᠎ᠠ ᠪᠠᠶᠢᠯᠳᠤᠬᠤ ᠪᠤᠳᠤᠯᠭ᠎ᠠ ᠶᠢᠨ ᠲᠤᠯᠭᠠᠭᠤᠷᠢᠯᠠᠯ ᠬᠠᠩᠭᠠᠵᠦ ᠴᠢᠳᠠᠬᠤ ᠶᠤᠮ︕    — ᠠᠭᠤᠤ ᠶᠡᠭᠡ ᠢᠯᠠᠯᠲᠠ ᠶᠢ ᠪᠠᠲᠤ ᠴᠡᠭᠡᠵᠢᠯᠡᠵᠦ᠂ ᠠᠭᠤᠤ ᠶᠡᠭᠡ ᠦᠢᠯᠡᠰ ᠢ ᠠᠬᠢᠭᠤᠯᠬᠤ ᠳᠤ᠂ ᠡᠷᠬᠡᠪᠰᠢ ᠳᠡᠯᠡᠬᠡᠢ ᠶᠢᠨ ᠡᠩᠬᠡ ᠲᠠᠶᠢᠪᠤᠩ ᠪᠠ ᠰᠢᠳᠤᠷᠭᠤ ᠶᠣᠰᠣ ᠶᠢ ᠬᠠᠮᠠᠭᠠᠯᠠᠵᠤ᠂ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢᠨ ᠪᠠᠶᠢᠭᠤᠯᠤᠯᠳᠠ ᠶᠢ ᠠᠬᠢᠭᠤᠯᠬᠤ ᠬᠡᠷᠡᠭᠲᠡᠢ᠃ ᠳᠤᠮᠳᠠᠳᠤ ᠶᠢᠨ ᠦᠨᠳᠦᠰᠦᠲᠡᠨ ᠲᠡᠤᠬᠡᠨ ᠠᠴᠠ ᠪᠠᠨ ᠠᠪᠤᠭᠠᠳ ︽ᠬᠥᠷᠰᠢ ᠲᠠᠢ ᠪᠠᠨ ᠲᠤᠳᠤᠨᠤ᠂ ᠰᠠᠭᠠᠬᠠᠯᠳᠠ ᠲᠠᠢ ᠪᠠᠨ ᠨᠦᠬᠦᠷᠰᠡᠭ ᠪᠠᠶᠢᠬᠤ︾ ᠣᠶᠢᠯᠠᠭᠠᠭᠳᠠᠬᠤᠨ ᠢ ᠪᠠᠷᠢᠮᠲᠠᠯᠠᠭᠰᠠᠭᠠᠷ ᠢᠷᠡᠭᠰᠡᠨ ᠶᠤᠮ᠃ ᠬᠠᠷᠢᠭᠤᠴᠠᠯᠭ᠎ᠠ ᠲᠠᠢ ᠶᠡᠭᠡ ᠤᠯᠤᠰ ᠪᠣᠯᠤᠭᠰᠠᠨ ᠤ ᠬᠤᠪᠢ ᠳᠤ᠂ ᠳᠤᠮᠳᠠᠳᠤ ᠤᠯᠤᠰ ᠡᠩᠬᠡ ᠲᠠᠶᠢᠪᠤᠩ᠂ ᠬᠥᠭᠵᠢᠯᠲᠡ᠂ ᠲᠥᠪ ᠭᠤᠤᠯᠴᠢ᠂ ᠰᠢᠳᠤᠷᠭᠤ ᠶᠣᠰᠣ᠂ ᠠᠷᠠᠳᠴᠢᠯᠠᠯ᠂ ᠡᠷᠬᠡ ᠴᠢᠯᠥᠭᠡᠲᠡᠶ ᠪᠦᠬᠦ ᠬᠥᠮᠦᠨ ᠲᠥᠷᠥᠯᠬᠢᠲᠡᠨ ᠤ ᠬᠠᠮᠲᠤ ᠶᠢᠨ ᠦᠨ᠎ᠡ ᠥᠷᠲᠡᠭ ᠢ ᠪᠠᠲᠤ ᠰᠠᠬᠢᠵᠤ ᠂ ᠬᠠᠮᠲᠤ ᠪᠠᠷ ᠵᠥᠪᠳᠡᠯᠴᠡᠬᠦ ᠬᠠᠮᠲᠤ ᠪᠠᠷ ᠪᠠᠶᠢᠭᠤᠯᠬᠤ ᠬᠠᠮᠲᠤ ᠪᠠᠷ ᠡᠳ᠋ᠯᠡᠬᠦ ᠪᠦᠬᠦ ᠪᠥᠮᠪᠥᠷᠴᠡᠭ ᠤᠨ ᠵᠠᠰᠠᠯᠲᠠ ᠶᠢᠨ ᠦᠵᠡᠯᠲᠡ ᠶᠢ ᠪᠠᠷᠢᠮᠲᠠᠯᠠᠵᠤ᠂ ᠡᠩᠬᠡ ᠲᠠᠶᠢᠪᠤᠩ ᠬᠥᠭᠵᠢᠯᠲᠡ᠂ ᠨᠡᠭᠡᠭᠡᠯᠲᠡ ᠲᠠᠢ ᠬᠥᠭᠵᠢᠯᠲᠡ᠂ ᠬᠠᠮᠲᠤᠷᠠᠯᠴᠠᠬᠤ ᠬᠥᠭᠵᠢᠯᠳᠡ᠂ ᠬᠠᠮᠲᠤ ᠪᠠᠷ ᠬᠥᠭᠵᠢᠬᠦ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠬᠰᠠᠭᠠᠷ ᠢᠷᠡᠭᠰᠡᠨ ᠶᠤᠮ᠃ ᠡᠩᠬᠡ ᠲᠠᠶᠢᠪᠤᠩ ᠬᠥᠭᠵᠢᠯᠲᠡ ᠶᠢᠨ ᠵᠠᠮ ᠢᠶᠠᠷ ᠵᠠᠮᠨᠠᠬᠤ ᠶᠢ ᠪᠠᠷᠢᠮᠲᠠᠯᠠᠵᠦ᠂ ᠡᠯ᠎ᠡ ᠤᠯᠤᠰ ᠤᠨ ᠠᠷᠠᠳ ᠲᠦᠮᠡᠨ ᠲᠠᠢ ᠬᠠᠮᠲᠤ ᠪᠠᠷ ᠬᠥᠮᠦᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠳᠠᠬ ᠯᠡ ᠶᠤᠮ ᠪᠤᠯ᠂ ᠯᠠᠪᠳᠠᠶ᠎ᠠ ᠬᠥᠮᠦᠨ ᠲᠥᠷᠥᠯᠬᠢᠲᠡᠨ ᠤ ᠡᠩᠬᠡ ᠲᠠᠶᠢᠪᠤᠩ ᠪᠣᠯᠤᠨ ᠬᠥᠭᠵᠢᠯᠲᠡ ᠶᠢᠨ ᠰᠠᠶᠢᠨ ᠰᠠᠶᠢᠬᠠᠨ ᠢᠷᠡᠭᠡᠳᠦᠢ ᠶᠢ ᠤᠭᠲᠤᠨ ᠠᠪᠴᠦ ᠴᠢᠳᠠᠬᠤ ᠶᠤᠮ︕    ᠨᠥᠬᠦᠳ ᠡ᠂ ᠨᠠᠶᠢᠵᠠ ᠨᠠᠷ ᠡ︕    ᠳᠡᠯᠡᠬᠡᠢ ᠶᠢᠷᠲᠢᠨᠴᠦ ᠪᠣᠯ ᠡᠯ᠎ᠡ ᠤᠯᠤᠰ ᠤᠨ ᠠᠷᠠᠳ ᠲᠦᠮᠡᠨ ᠤ ᠳᠡᠯᠡᠬᠡᠢ ᠶᠢᠷᠲᠢᠨᠴᠦ ᠮᠥᠨ᠂ ᠳᠡᠯᠡᠬᠡᠢ ᠳ᠋ᠠᠬᠢᠨ ᠳᠤ ᠲᠤᠯᠭᠠᠷᠠᠵᠤ ᠪᠠᠶᠢᠭ᠎ᠠ ᠬᠦᠴᠢᠷᠳᠡᠯ ᠪᠠ ᠦᠷᠢᠰᠦᠯᠳᠦᠭᠡᠨ ᠢ ᠡᠯ᠎ᠡ ᠤᠯᠤᠰ ᠤᠨ ᠠᠷᠠᠳ ᠲᠦᠮᠠᠠ ᠬᠤᠪᠢ ᠵᠠᠶᠠᠭ᠎ᠠ ᠪᠠᠨ ᠨᠢᠭᠡᠳᠭᠡᠨ ᠬᠦᠴᠢᠷ ᠪᠡᠷᠬᠡᠰᠢᠶᠡᠯ ᠢ ᠬᠠᠮᠲᠤ ᠪᠠᠷ ᠲᠤᠭᠤᠯᠵᠤ᠂ ᠭᠠᠷ ᠬᠤᠯᠪᠣᠨ ᠠᠷᠭᠠᠴᠠᠭᠠᠬᠤ ᠴᠢᠬᠤᠯᠠᠲᠠᠢ ᠶᠤᠮ᠂ ᠡᠩᠬᠡ ᠲᠠᠶᠢᠪᠤᠩ ᠬᠥᠭᠵᠢᠯᠲᠡ᠂ ᠬᠠᠮᠲᠤᠷᠠᠯᠴᠠᠵᠤ ᠬᠠᠮᠲᠤ ᠪᠠᠷ ᠠᠰᠢᠭ ᠬᠦᠷᠳᠡᠬᠦ ᠨᠢ ᠰᠠᠶ᠋ᠢ ᠬᠥᠮᠦᠨ ᠤ ᠶᠢᠷᠲᠢᠨᠴᠦ ᠶᠢᠨ ᠲᠦᠪ ᠶᠤᠰᠤ ᠮᠥᠨ᠃ ᠣᠳᠣᠬᠠᠨ ᠤ ᠳᠡᠯᠡᠬᠡᠢ ᠶᠢᠷᠲᠢᠨᠴᠦ ᠳᠤ ᠶᠠᠮᠠᠷᠪᠠ ᠭᠠᠭᠴᠠ ᠲᠠᠯᠠᠲᠤ ᠦᠵᠡᠯ᠂ ᠬᠠᠮᠠᠭᠠᠯᠠᠬᠤ ᠦᠵᠡᠯ᠂ ᠬᠡᠲᠦᠷᠡᠮᠡᠬᠡᠢ ᠬᠤᠪᠢᠨᠴᠢᠷ ᠦᠵᠡᠯ ᠪᠦᠷ ᠶᠠᠪᠤᠭᠳᠠᠵᠤ ᠳᠡᠶᠢᠯᠬᠦ ᠦᠭᠡᠢ ᠶᠤᠮ ︕ ᠶᠠᠮᠠᠷᠪᠠ ᠬᠢᠬᠠᠬᠤ᠂ ᠪᠢᠲᠡᠭᠦᠮᠵᠢᠯᠡᠬᠦ᠂ ᠲᠦᠢᠯ ᠤᠨ ᠶᠡᠭᠡ ᠳᠠᠷᠤᠯᠲᠠ ᠥᠭᠬᠦ ᠠᠷᠭ᠎ᠠ ᠬᠡᠯᠪᠡᠷᠢ ᠪᠦᠷ ᠶᠠᠪᠤᠭᠳᠠᠵᠤ ᠳᠡᠶᠢᠯᠬᠦ ᠦᠭᠡᠢ ᠶᠤᠮ︕ ᠶᠠᠮᠠᠷᠪᠠ ᠵᠢᠯᠤᠭᠤ ᠵᠤᠳᠤᠭ ᠦᠭᠡᠢ ᠶᠠᠪᠤᠳᠠᠯ᠂ ᠪᠢ ᠬᠡᠮᠡᠨ ᠭᠡᠬᠦ ᠠᠵᠢᠯᠯᠠᠭ᠎ᠠ᠂ ᠶᠠᠮᠠᠷᠪᠠ ᠡᠵᠡᠷᠬᠡᠬᠦ ᠦᠵᠡᠯ ᠬᠠᠷᠬᠢᠰ ᠶᠤᠰᠤ ᠬᠡᠷᠴᠡᠬᠡᠢ ᠠᠵᠢᠯᠯᠠᠭ᠎ᠠ ᠪᠦᠷ ᠶᠠᠪᠤᠭᠳᠠᠵᠤ ᠳᠡᠶᠢᠯᠬᠦ ᠦᠭᠡᠢ ᠶᠤᠮ︕ ᠶᠠᠪᠤᠭᠳᠠᠵᠤ ᠳᠡᠶᠢᠯᠬᠦ ᠦᠭᠡᠢ ᠮᠥᠷᠲᠡᠭᠡᠨ ᠡᠴᠦᠰ ᠲᠡᠭᠡᠨ ᠵᠠᠶᠢᠯᠠᠰᠢ ᠦᠭᠡᠢ ᠮᠦᠬᠦᠯ ᠤᠨ ᠵᠠᠮ ᠳᠤ ᠤᠷᠤᠬᠤ ᠪᠣᠯᠤᠨ᠎ᠠ︕    ᠳᠤᠮᠳᠠᠳᠤ ᠤᠯᠤᠰ ᠰᠡᠷᠭᠡᠶᠢᠯᠡᠯᠲᠡ ᠶᠢᠨ ᠴᠢᠨᠠᠷᠲᠠᠶ ᠤᠯᠤᠰ ᠤᠨ ᠪᠠᠲᠤᠯᠠᠨ ᠬᠠᠮᠠᠭᠠᠯᠠᠯᠲᠠ ᠶᠢᠨ ᠲᠦᠷᠦ ᠶᠢᠨ ᠪᠤᠳᠤᠯᠭ᠎ᠠ ᠶᠢ ᠪᠠᠷᠢᠮᠳᠠᠯᠠᠭᠰᠠᠭᠠᠷ ᠢᠷᠡᠵᠠᠢ᠂ ᠳᠤᠮᠳᠠᠳᠤ ᠤᠯᠤᠰ ᠤᠨ ᠴᠡᠷᠢᠭ ᠠᠩᠬᠢ ᠪᠤᠯ ᠢᠮᠠᠭᠳᠠ ᠳᠡᠯᠡᠬᠡᠶ ᠶᠢᠨ ᠡᠩᠭᠡ ᠲᠠᠶᠢᠪᠤᠩ ᠢ ᠬᠠᠮᠠᠭᠠᠯᠠᠬᠤ ᠡᠷᠡᠰ ᠪᠠᠲᠤ ᠬᠦᠴᠦᠨ ᠪᠤᠯᠬᠤ ᠶᠤᠮ᠃ ᠳᠤᠮᠳᠠᠳᠤ ᠤᠯᠤᠰ ᠬᠡᠵᠢᠶᠡᠳᠡ ᠡᠵᠡᠷᠬᠡᠭᠴᠢ ᠪᠣᠯᠬᠤ ᠦᠭᠡᠢ᠂ ᠲᠦᠷᠢᠯᠳᠡ ᠬᠢᠬᠦ ᠦᠭᠡᠢ ᠪᠠᠶᠢᠵᠤ᠂ ᠡᠵᠡᠷᠬᠡᠬᠦ ᠦᠵᠡᠯ ᠪᠠ ᠬᠦᠴᠦᠷᠬᠡᠭᠯᠡᠯ ᠤᠨ ᠤᠯᠤᠰ ᠲᠦᠷᠦ ᠶᠢ ᠡᠷᠡᠰ ᠡᠰᠡᠷᠭᠦᠴᠡᠨ᠎ᠡ᠃ ᠪᠢᠳᠡ ᠤᠯᠤᠰ ᠤᠨ ᠡᠷᠬᠡ ᠮᠡᠳᠡᠯ᠂ ᠠᠮᠤᠷ ᠲᠦᠪᠰᠢᠨ᠂ ᠬᠥᠭᠵᠢᠯᠲᠡ ᠶᠢᠨ ᠠᠰᠢᠭ ᠲᠤᠰᠠ ᠬᠤᠬᠢᠷᠠᠯ ᠳᠤ ᠤᠴᠠᠷᠠᠬᠤ ᠶᠢ ᠶᠠᠭᠠᠬᠢᠭᠰᠠᠨ ᠴᠦ ᠦᠯᠦ ᠬᠠᠶᠢᠬᠤᠷᠤᠨ ᠬᠠᠷᠠᠵᠤ ᠰᠠᠭᠤᠬᠤ ᠦᠭᠡᠢ᠂ ᠶᠠᠮᠠᠷᠪᠠ ᠬᠥᠮᠦᠨ ᠶᠠᠮᠠᠷᠪᠠ ᠬᠦᠴᠦ ᠪᠢᠳᠡᠨ ᠤ ᠡᠬᠡ ᠤᠯᠤᠰ ᠤᠨ ᠲᠠᠷᠬᠠᠨ ᠨᠤᠲᠤᠭ ᠳᠡᠪᠢᠰᠬᠡᠷ ᠲᠤ ᠬᠠᠯᠳᠠᠬᠤ ᠪᠠ ᠬᠠᠭᠠᠴᠠᠭᠤᠯᠭ᠎ᠠ ᠬᠢᠬᠦ ᠶᠢ ᠶᠠᠭᠠᠬᠢᠭᠰᠠᠨ ᠴᠦ ᠵᠥᠪᠰᠢᠶᠡᠷᠡᠬᠦ ᠦᠭᠡᠢ ᠶᠤᠮ᠃ ᠡᠶᠢᠮᠦᠷᠭᠦᠦ ᠬᠦᠨᠳᠦ ᠨᠣᠴᠢᠲᠠᠶ ᠪᠠᠶᠢᠳᠠᠯ ᠭᠠᠷᠬᠤ ᠳᠤ ᠬᠦᠷᠪᠡᠯ ᠳᠤᠮᠳᠠᠳᠤ ᠤᠯᠤᠰ ᠤᠨ ᠠᠷᠠᠳ ᠲᠦᠮᠡᠨ ᠯᠠᠪᠲᠠᠶ ᠠᠰ ᠲᠤᠯᠵᠤ ᠠᠪᠤᠨ ᠬᠠᠷᠢᠭᠤᠴᠠᠬᠤ ᠶᠤᠮ︕    ᠨᠥᠬᠦᠳ ᠡ᠂ ᠨᠠᠶᠢᠵᠠ ᠨᠠᠷ ᠡ︕    70 ᠵᠢᠯ ᠤᠨ ᠡᠮᠦᠨᠡᠬᠢ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠠᠭᠤᠤ ᠶᠡᠭᠡ ᠳᠠᠶᠢᠨ ᠢ ᠡᠷᠭᠢᠴᠡᠭᠦᠯᠵᠦ᠂ ᠮᠠᠰᠢ ᠣᠯᠠᠨ ᠰᠢᠨ᠎ᠡ ᠲᠡᠤᠬᠡᠨ ᠣᠨᠴᠠᠯᠢᠭ ᠲᠠᠢ ᠠᠭᠤᠤ ᠶᠡᠭᠡ ᠲᠡᠮᠡᠴᠡᠯ ᠢ ᠬᠢᠵᠦ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠭᠡᠭᠡᠨ ᠰᠠᠷᠠᠭᠤᠯ ᠢᠷᠡᠭᠡᠳᠦᠶ ᠶᠢ ᠪᠠᠷᠠᠯᠠᠬᠤᠶ᠎ᠠ᠂ ᠪᠢᠳᠡ ᠬᠢᠵᠠᠭᠠᠯᠠᠰᠢ ᠦᠭᠡᠢ ᠪᠠᠲᠤ ᠴᠢᠩᠭ᠎ᠠ᠂ ᠬᠢᠵᠠᠭᠠᠯᠠᠰᠢ ᠦᠭᠡᠢ ᠢᠲᠡᠭᠡᠯ ᠵᠤᠷᠢᠬ ᠲᠠᠢ ᠪᠤᠯᠵᠦ ᠪᠠᠶᠢᠨ᠎ᠠ᠃ ᠪᠢᠳᠡ ᠨᠠᠮ ᠤᠨ ᠲᠥᠪ ᠬᠤᠷᠢᠶᠠᠨ ᠤ ᠲᠣᠭᠤᠷᠢᠨ ᠳᠤ ᠨᠠᠩ ᠨᠢᠭᠲᠠᠷᠠᠨ ᠪᠦᠯᠬᠦᠮᠳᠡᠵᠦ᠂ ᠠᠮᠧᠷᠢᠺᠠ ᠶᠢ ᠡᠰᠡᠷᠭᠦᠴᠡᠵᠦ ᠰᠣᠯᠣᠩᠭᠤᠰ ᠢ ᠲᠤᠰᠠᠯᠠᠬᠤ ᠠᠭᠤᠤ ᠶᠡᠭᠡ ᠵᠣᠷᠢᠭ ᠰᠠᠨᠠᠭ᠎ᠠ ᠶᠢ ᠪᠠᠳᠠᠷᠠᠭᠤᠯᠵᠤ᠂ ᠰᠦᠷ ᠳᠠᠯᠠᠶᠢᠴᠠᠳᠠᠢ ᠪᠠᠷ ᠨᠡᠶᠢᠭᠡᠮ ᠵᠢᠷᠤᠮ ᠤᠨ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ ᠰᠢᠨ᠎ᠡ ᠠᠶᠠᠨ ᠵᠠᠮ ᠳᠠᠶᠢᠰᠢ ᠤᠷᠤᠭᠰᠢᠯᠠᠵᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠳᠤ ᠤᠯᠤᠰ ᠤᠨ ᠵᠡᠭᠦᠳᠦ ᠶᠢ ᠪᠡᠶᠡᠯᠡᠭᠦᠯᠬᠦ ᠳᠠᠶᠢᠰᠢ ᠦᠷᠭᠦᠯᠵᠢᠯᠡᠨ ᠡᠷᠡᠯᠬᠡᠭᠯᠡᠨ ᠤᠷᠤᠭᠰᠢᠯᠠᠵᠠᠭᠠᠶ᠎ᠠ︕    ︵ᠰᠢᠨᠬᠤᠸᠠ ᠬᠤᠷᠢᠶᠠᠨ ᠤ ᠪᠡᠭᠡᠵᠢᠩ ᠤᠨ 10 ᠰᠠᠷ᠎ᠠ ᠶᠢᠨ 23 ᠤ ᠴᠠᠬᠢᠯᠭᠠᠨ ᠮᠡᠳᠡᠭᠡ︶    
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号