ᠮᠠᠨ ᠤ ᠬᠤᠰᠢᠭᠤᠨ ᠤ ︽ᠤᠷᠳᠤᠰ ᠠᠷᠡᠳ ᠤᠨ ᠲᠠᠭᠤᠤ ᠶᠢᠨ ᠮᠦᠽᠸᠢ︾ ᠨᠢ ᠦᠪ ᠰᠤᠶᠤᠯ ᠤᠨ ᠬᠦᠮᠦᠷᠭᠡ ᠪᠤᠯᠤᠯ᠎ᠠ
ᠨᠡᠶᠢᠲᠡᠯᠡᠭᠰᠡᠨ ᠴᠠᠭ᠄
2020/10/27
   ᠮᠠᠨ ᠤ ᠬᠤᠰᠢᠭᠤᠨ ᠤ ᠰᠤᠶᠤᠯ ᠤᠨ ᠪᠦᠳᠤᠭᠡᠯᠳᠡ ᠠᠵᠤ ᠤᠶᠢᠯᠡᠰ ᠤᠨ ᠬᠦᠷᠢᠶᠡᠯᠡᠩ ᠳᠤ ᠪᠠᠶᠢᠭ᠎ᠠ ︽ᠤᠷᠳᠤᠰ ᠠᠷᠡᠳ ᠤᠨ ᠲᠠᠭᠤᠤ ᠶᠢᠨ ᠮᠦᠽᠸᠢ︾ ᠨᠢ ᠦᠪ ᠰᠤᠶᠤᠯ ᠤᠨ ᠲᠤᠮᠤᠬᠠᠨ ᠬᠦᠮᠦᠷᠭᠡ ᠪᠤᠯᠤᠭᠰᠠᠨ ᠢᠶᠠᠷ ᠪᠠᠷᠠᠬᠤ ᠦᠭᠡᠢ ᠤᠷᠠᠨ ᠪᠦᠳᠤᠭᠡᠯᠴᠢᠳ ᠤᠨ ᠵᠤᠬᠢᠶᠠᠯ ᠪᠦᠳᠤᠭᠡᠯ ᠢᠶᠠᠨ ᠬᠠᠳᠠᠭᠠᠯᠠᠬᠤ ᠤᠶᠤᠨ ᠤ ᠰᠠᠩ ᠪᠤᠯᠤᠭᠰᠠᠨ ᠪᠠᠶᠢᠨ᠎ᠠ᠃
   ᠤᠷᠴᠢᠮ ᠤᠨ ᠡᠳᠤᠷ᠂ ᠲᠦᠪ ᠷᠠᠳᠢᠤ᠋ ᠶᠢᠨ ᠠᠵᠢᠯ ᠠᠴᠠ ᠪᠠᠨ ᠲᠠᠷᠬᠠᠯᠠᠭᠳᠠᠭᠰᠠᠨ ᠺᠠᠳ᠋ᠷ ᠨᠤᠷᠪᠤ᠂ ᠪᠦᠰᠡᠭᠦᠢ ᠡᠷᠳᠡᠨᠢᠴᠢᠮᠡᠭ ᠲᠠᠢ ᠪᠠᠨ ᠬᠤᠶᠠᠭᠤᠯᠠ ᠮᠤᠩᠭᠤᠯ ᠦᠨᠳᠤᠰᠤᠳᠡᠨ ᠤ ᠠᠯᠳᠠᠷᠳᠤ ᠬᠦᠭᠵᠢᠮᠴᠢᠨ ᠲᠠᠭᠤᠴᠢᠳ ᠤᠨ ᠵᠤᠬᠢᠶᠠᠭᠰᠠᠨ ᠲᠠᠭᠤᠤ ᠪᠤᠯᠤᠨ ᠦᠪᠡᠷ ᠢᠶᠠᠨ ᠵᠤᠬᠢᠶᠠᠨ ᠪᠢᠴᠢᠭᠰᠡᠨ ᠲᠠᠭᠤᠤ ᠶᠢᠨ ᠪᠦᠳᠤᠭᠡᠯ ᠵᠢᠴᠢ ᠷᠤᠮᠠᠨ᠂ ᠲᠡᠤᠭᠡ  ᠶᠢᠨ ᠦᠭᠦᠯᠡᠯ ᠵᠡᠷᠭᠡ ᠶᠢ ᠬᠦᠭᠵᠢᠮ ᠬᠠᠪᠰᠤᠷᠭᠠᠨ ᠷᠠᠳᠢᠤ᠋ ᠪᠠᠷ ᠨᠠᠪᠳᠠᠷᠠᠭᠦᠯᠵᠤ ᠥᠩᠭᠡᠷᠡᠭᠰᠠᠨ ᠲᠦᠷᠥ ᠶᠢᠨ ᠱᠠᠩᠨᠠᠯᠳᠤ ᠷᠠᠳᠢᠤ᠋ ᠵᠦᠴᠦᠭᠡ ᠶᠢᠨ ᠪᠦᠳᠤᠭᠡᠯ ᠤᠳ ᠢ ᠡᠮᠬᠢᠳᠭᠡᠨ ︽ᠤᠷᠳᠤᠰ ᠠᠷᠡᠳ ᠤᠨ ᠲᠠᠭᠤᠤ ᠶᠢᠨ ᠮᠦᠽᠸᠢ︾ ᠳᠤ ᠠᠪᠴᠢᠷᠠᠨ ᠬᠠᠳᠠᠭᠠᠯᠠᠭᠤᠯᠵᠤ ᠤᠷᠳᠤᠰ ᠠᠷᠡᠳ ᠤᠨ ᠲᠠᠭᠤᠤ ᠶᠢᠨ ᠮᠦᠽᠸᠢ ᠶᠢ ᠤᠯᠠᠮ ᠪᠠᠶᠠᠯᠢᠭᠵᠢᠭᠤᠯᠤᠭᠰᠠᠨ ᠪᠠᠶᠢᠨ᠎ᠠ᠃
   ︽ᠤᠷᠳᠤᠰ ᠠᠷᠡᠳ ᠤᠨ ᠲᠠᠭᠤᠤ ᠶᠢᠨ ᠮᠦᠽᠸᠢ︾ 2019 ᠤᠨ ᠳᠤ ᠮᠠᠨ ᠤ ᠬᠤᠰᠢᠭᠤᠨ ᠤ ᠰᠤᠶᠤᠯ ᠤᠨ ᠪᠦᠳᠤᠭᠡᠯᠳᠡ ᠠᠵᠤ ᠤᠶᠢᠯᠡᠰ ᠤᠨ ᠬᠦᠷᠢᠶᠡᠯᠡᠩ ᠳᠤ ᠡᠭᠦᠳᠡ ᠪᠠᠨ ᠨᠡᠭᠡᠭᠡᠵᠦ ᠤᠳᠤᠬᠠᠨ ᠳᠤ ᠠᠷᠡᠳ ᠤᠨ ᠰᠤᠳᠤᠨ ᠤᠷᠠᠯᠢᠭᠴᠢᠳ᠂ ᠤᠯᠣᠰ ᠤᠨ ᠲᠠᠰ ᠤᠨ ᠦᠪᠯᠠᠨ ᠤᠯᠠᠮᠵᠢᠯᠠᠭᠴᠢ᠂ ᠤᠷᠠᠯᠢᠭ ᠤᠨ ᠵᠢᠳᠭᠦᠯᠳᠡᠨ ᠵᠡᠷᠭᠡ 200 ᠭᠠᠷᠤᠢ ᠬᠦᠮᠦᠨ ᠤ ᠭᠡᠷᠡᠭᠯᠡᠵᠦ ᠪᠠᠶᠢᠭᠰᠠᠨ ᠬᠦᠭᠵᠢᠮ᠂ ᠨᠤᠮ ᠰᠤᠳᠤᠷ᠂ ᠡᠬᠡ ᠨᠤᠤᠷᠠᠭ ᠪᠤᠯᠤᠨ ᠬᠤᠪᠢ ᠬᠦᠮᠦᠨ ᠤ ᠡᠪᠤᠷ ᠲᠡᠮᠳᠡᠭᠯᠡᠯ᠂ ᠲᠠᠭᠤᠨ ᠤ ᠪᠦᠳᠤᠭᠡᠯ ᠤᠨ CD   ᠶᠢ ᠪᠠᠭᠳᠠᠭᠠᠭᠰᠠᠨ 3000 ᠭᠠᠷᠤᠢ ᠵᠦᠢᠯᠡᠰ ᠢ ᠬᠠᠳᠠᠭᠠᠯᠠᠵᠤ ᠠᠷᠡᠳ ᠤᠨ ᠲᠠᠭᠤᠨ ᠤ ᠰᠤᠶᠤᠯ ᠤᠨ ᠲᠤᠮᠤᠬᠠᠨ ᠬᠦᠮᠦᠷᠭᠡ ᠪᠤᠯᠤᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号