ᠦᠤᠰᠢᠨ ᠬᠤᠰᠢᠭᠤ ᠪᠤᠯᠪᠠᠰᠤᠨ ᠤ ᠤᠢᠢᠯᠡᠳᠤᠯᠭᠡ ᠶᠢ ᠠᠷᠠᠳ ᠤᠨ ᠰᠡᠳᠬᠢᠯ ᠳᠤ ᠬᠦᠷᠭᠡᠵᠤ ᠪᠤᠢ
ᠨᠡᠶᠢᠲᠡᠯᠡᠭᠰᠡᠨ ᠴᠠᠭ᠄
2020/10/9
   ᠦᠤᠰᠢᠨ ᠬᠤᠰᠢᠭᠤ ᠰᠢᠨ᠎ᠠ ᠴᠠᠭ ᠦᠶ᠎ᠠ ᠶᠢᠨ ᠪᠤᠯᠪᠠᠰᠤᠨ ᠢ ᠤᠢᠢᠯᠡᠳᠤᠯᠭᠡᠵᠢᠬᠦᠯᠬᠦ ᠤᠯᠤᠰ ᠤᠨ ᠳᠡᠰ ᠤᠨ ᠭᠤᠤᠯᠳᠠᠯᠭᠠᠳᠤ ᠳᠤᠷᠰᠢᠯᠳᠠ ᠶᠢᠨ ᠬᠤᠰᠢᠭᠤ ᠰᠢᠶᠠᠨ ᠪᠤᠯᠤᠬᠰᠠᠨ ᠤ ᠬᠤᠪᠢ ᠳᠤ᠂ ᠤᠨᠤᠯ ᠪᠠ ᠳᠦᠷᠦ ᠶᠢᠨ ᠪᠤᠳᠤᠯᠭ᠎ᠠ ᠶᠢ ᠤᠯᠠᠨ ᠳᠦᠮᠡᠨ ᠤ ᠤᠢᠢᠯᠡᠳᠪᠤᠷᠢᠯᠡᠯ᠂ ᠠᠮᠢᠳᠤᠷᠠᠯ᠂ ᠰᠡᠯᠡᠬᠦᠴᠡᠯ ᠵᠤᠭ᠎ᠠ ᠴᠡᠩᠭᠡᠯ ᠲᠠᠢ ᠤᠷᠭᠠᠨᠢᠭ ᠢᠶᠠᠷ ᠠᠭᠤᠰᠤᠯᠴᠠᠭᠤᠯᠤᠨ᠂ ᠠᠮᠢᠳᠤᠯᠢᠭ ᠢᠶᠠᠷ ᠤᠬᠠᠭᠤᠯᠤᠨ ᠰᠤᠷᠳᠠᠯᠴᠢᠯᠠᠵᠤ ᠪᠠᠶᠢᠨ᠎ᠠ᠃     ᠤᠢᠢᠷ᠎ᠠ ᠶᠢᠨ ᠬᠤᠭᠤᠴᠠᠭᠠᠨ ᠳᠤ᠂ ᠦᠳᠡᠰᠢ ᠶᠢᠨ ᠨᠠᠢᠮᠠᠨ ᠴᠠᠭ ᠪᠤᠯᠬᠤ ᠪᠦᠷᠢ ᠦᠤᠰᠢᠨ ᠬᠤᠰᠢᠭᠤᠨ ᠤ ᠰᠢᠨ᠎ᠠ ᠴᠠᠭ ᠦᠶ᠎ᠠ ᠶᠢᠨ ᠪᠤᠯᠪᠠᠰᠤᠨ ᠢ ᠤᠢᠢᠯᠡᠳᠤᠯᠭᠡᠵᠢᠬᠦᠯᠬᠦ ᠳᠦᠪ ᠤᠨ ᠠᠵᠢᠯᠳᠠᠳ ᠭᠠᠯᠠᠭᠤᠳᠤ ᠪᠠᠯᠭᠠᠰᠤᠨ ᠤ ᠠᠷᠠᠳ ᠤᠨ ᠠᠭᠤᠳᠠᠮ ᠳᠠᠯᠠᠪᠠᠢ ᠳᠤ ᠢᠷᠡᠵᠤ᠂ ᠠᠮᠠᠷᠠᠨ ᠰᠡᠯᠡᠬᠦᠴᠡᠵᠤ ᠪᠠᠶᠢᠭ᠎ᠠ ᠰᠠᠭᠤᠭᠠᠯᠢ ᠠᠷᠠᠳ ᠤᠳ ᠲᠤ ᠨᠠᠮ ᠵᠠᠰᠠᠭ ᠤᠨ ᠳᠦᠷᠦ ᠶᠢᠨ ᠪᠤᠳᠤᠯᠭ᠎ᠠ ᠶᠢᠨ ᠳᠤᠬᠠᠢ ᠮᠡᠳᠡᠯᠭᠡ ᠪᠠᠶᠢᠭ᠎ᠠ ᠪᠠ ᠰᠢᠨ᠎ᠠ ᠴᠠᠭ ᠦᠶ᠎ᠠ ᠶᠢᠨ ᠪᠤᠯᠪᠠᠰᠤᠨ ᠢ ᠤᠢᠢᠯᠡᠳᠤᠯᠭᠡᠵᠢᠬᠦᠯᠬᠦ ᠭᠤᠤᠯ ᠰᠡᠳᠤᠪᠳᠤ ᠤᠬᠠᠭᠤᠯᠭ᠎ᠠ ᠬᠢᠵᠤ᠂ ᠤᠯᠠᠨ ᠳᠠᠶᠠᠭᠠᠷ ᠲᠠᠢ ᠦᠵᠡᠯ ᠪᠤᠳᠤᠯ ᠢᠶᠠᠨ ᠬᠤᠪᠢᠶᠠᠯᠴᠠᠳᠠᠭ ᠪᠠᠶᠢᠨ᠎ᠠ᠃ ︽ᠪᠠᠭᠰᠢ ᠶᠢᠨ ᠳᠠᠶᠢᠯᠪᠤᠷᠢᠯᠠᠯᠳᠠ ᠶᠢ ᠰᠤᠨᠤᠰᠤᠭᠠᠳ ᠤᠯᠤᠯᠳᠠ ᠳᠦᠷᠦᠭᠳᠡᠯ ᠬᠦᠨᠵᠡᠭᠡᠢ ᠪᠤᠯᠤᠯ᠎ᠠ᠃ ᠮᠠᠨ ᠤ ᠡ᠊ᠩ ᠤᠨ ᠴᠠᠭ ᠲᠤ ᠤᠢᠢᠯᠠᠭᠠᠵᠤ ᠮᠡᠳᠡᠬᠦ ᠦᠭᠡᠢ ᠳᠦᠷᠦ ᠶᠢᠨ ᠪᠤᠳᠤᠯᠭ᠎ᠠ ᠶᠢ ᠪᠢᠳᠠᠨ ᠳᠤ ᠤᠢᠢᠯᠠᠭᠠᠮᠵᠢᠳᠠᠢ ᠰᠠᠶᠢᠬᠠᠨ ᠶᠠᠷᠢᠵᠤ ᠦᠭᠬᠦᠯ᠎ᠠ᠃ ᠡᠨᠡ ᠨᠢ ᠪᠢᠳᠠᠨ ᠤ ᠠᠮᠢᠳᠤᠷᠠᠯ ᠲᠠᠢ ᠨᠢᠬᠳᠠ ᠬᠤᠯᠪᠤᠭ᠎ᠠ ᠲᠠᠢ ᠰᠢᠤ ︾ ᠭᠡᠮᠡᠨ ᠰᠡᠯᠡᠬᠦᠴᠡᠵᠤ ᠪᠠᠶᠢᠭ᠎ᠠ ᠰᠠᠭᠤᠭᠠᠯᠢ ᠠᠷᠠᠳ ᠶᠠᠩ ᠨᠠ ᠰᠤᠷᠪᠤᠯᠵᠢᠯᠠᠬᠴᠢ ᠳᠤ ᠳᠦᠷᠦᠭᠳᠡᠯ ᠢᠶᠠᠨ ᠶᠠᠷᠢᠨ᠎ᠠ᠃     ᠤᠢᠢᠯᠠᠭᠠᠬᠰᠠᠨ ᠢᠶᠠᠷ᠂ ᠦᠤᠰᠢᠨ ᠬᠤᠰᠢᠭᠤᠨ ᠤ ᠰᠢᠨ᠎ᠠ ᠴᠠᠭ ᠦᠶ᠎ᠠ ᠶᠢᠨ ᠪᠤᠯᠪᠠᠰᠤᠨ ᠢ ᠤᠢᠢᠯᠡᠳᠤᠯᠭᠡᠵᠢᠬᠦᠯᠬᠦ ᠳᠦᠪ ᠤᠨ ᠬᠢᠨ ᠤᠯᠠᠨ ᠳᠦᠮᠡᠨ ᠬᠠᠮᠢᠭ᠎ᠠ ᠪᠠᠶᠢᠪᠠᠯ᠂ ᠳᠡᠨᠳᠡ ᠬᠦᠷᠴᠤ ᠤᠯᠠᠨ ᠳᠦᠮᠡᠨ ᠤ ᠦᠵᠡᠵᠤ ᠰᠤᠨᠢᠷᠬᠠᠬᠤ ᠳᠤᠷᠠᠳᠠᠢ ᠠᠷᠭ᠎ᠠ ᠭᠡᠯᠪᠡᠷᠢ ᠪᠠᠷ ᠪᠤᠯᠪᠠᠰᠤᠨ ᠢ ᠤᠢᠢᠯᠡᠳᠤᠯᠭᠡᠵᠢᠬᠦᠯᠬᠦ ᠤᠬᠠᠭᠤᠯᠤᠨ ᠳᠠᠶᠢᠯᠪᠤᠷᠢᠯᠠᠬᠤ ᠠᠵᠢᠯᠯᠠᠭ᠎ᠠ ᠦᠷᠨᠢᠬᠦᠯᠤᠭᠡᠳ᠂ ᠤᠯᠠᠨ ᠳᠦᠮᠡᠨ ᠤ ᠰᠠᠶᠢᠨ ᠦᠨᠡᠯᠡᠯᠳᠡ ᠶᠢ ᠤᠯᠵᠤ ᠪᠤᠢ᠃ ᠤᠳᠤᠬᠠᠨ ᠳᠤ ᠪᠦᠬᠦ ᠬᠤᠰᠢᠭᠤᠨ ᠤ 30 ᠭᠠᠷᠤᠢ ᠪᠠᠶᠢᠭᠤᠯᠭ᠎ᠠ ᠨᠢᠭᠡᠴᠢ ᠠᠴᠠ ᠨᠢᠭᠡᠳᠤᠯᠳᠡᠢ ᠵᠤᠬᠢᠶᠠᠨ ᠪᠠᠶᠢᠭᠤᠯᠤᠬᠰᠠᠨ 15 ᠰᠠᠶᠢᠨ ᠳᠤᠷ᠎ᠠ ᠶᠢᠨ ᠤᠢᠢᠯᠡᠴᠢᠯᠡᠭᠡᠨ ᠤ ᠠᠩᠬᠢ ᠨᠢ ᠤᠯᠠᠨ ᠳᠦᠮᠡᠨ ᠤ ᠡᠯ᠎ᠠ ᠳᠠᠯ᠎ᠠ ᠶᠢᠨ ᠬᠦᠰᠡᠯ ᠱᠠᠭᠠᠷᠳᠠᠯᠭ᠎ᠠ ᠶᠢ ᠬᠠᠨᠭ᠍ᠭᠠᠵᠤ᠂ ᠪᠤᠯᠪᠠᠰᠤᠨ ᠢ ᠤᠢᠢᠯᠡᠳᠤᠯᠭᠡᠵᠢᠬᠦᠯᠬᠦ ᠠᠵᠢᠯᠯᠠᠭ᠎ᠠ ᠶᠢ ᠠᠷᠠᠳ ᠤᠨ ᠰᠡᠳᠬᠢᠯ ᠳᠤ ᠬᠦᠷᠭᠡᠵᠤ ᠪᠠᠶᠢᠨ᠎ᠠ᠃  
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号