ᠦᠤᠰᠢᠨ ᠬᠤᠰᠢᠭᠤ ᠠᠯᠠᠰᠢᠨ ᠦᠭᠡᠷ ᠤᠨ ᠠᠵᠤ ᠤᠢᠢᠯᠡᠰ ᠢ ᠬᠦᠭᠵᠢᠬᠦᠯᠤᠨ ᠮᠠᠯᠴᠢᠨ ᠳᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠵᠤ ᠪᠤᠢ
ᠨᠡᠶᠢᠲᠡᠯᠡᠭᠰᠡᠨ ᠴᠠᠭ᠄
2020/10/9
   ᠦᠤᠰᠢᠨ ᠬᠤᠰᠢᠭᠤ ᠠᠯᠠᠰᠢᠨ ᠦᠭᠡᠷ ᠤᠨ ᠳᠡᠵᠢᠭᠡᠪᠤᠷᠢ ᠶᠢᠨ ᠰᠠᠭᠤᠷᠢᠨ ᠭᠠᠵᠠᠷ ᠤᠨ ᠪᠦᠳᠤᠭᠡᠨ ᠪᠠᠶᠢᠭᠤᠯᠤᠯᠳᠠ ᠶᠢ ᠴᠢᠩᠭᠠᠳᠬᠠᠨ ᠨᠡᠷᠡᠳᠤ ᠳᠡᠮᠳᠡᠭᠳᠦ ᠶᠢ ᠡᠬᠦᠳᠴᠤ ᠠᠯᠠᠰᠢᠨ ᠦᠭᠡᠷ ᠤᠨ ᠠᠵᠤ ᠤᠢᠢᠯᠡᠰ ᠢ ᠬᠦᠭᠵᠢᠬᠦᠯᠬᠦ ᠵᠠᠮ ᠢᠶᠠᠷ ᠵᠠᠮᠨᠠᠨ᠂ ︽ᠵᠠᠰᠠᠭ ᠤᠨ ᠤᠷᠳᠤᠨ ᠵᠢᠯᠤᠭᠤᠳᠤᠨ ᠳᠠᠭᠠᠭᠤᠯᠵᠤ᠂ ᠮᠠᠯᠴᠢᠨ ᠳᠠᠷᠢᠶᠠᠴᠢᠨ ᠡᠷᠤᠭᠡ‌‍ᠪᠠᠷ ᠭᠤᠤᠯ ᠪᠤᠯᠭᠠᠨ ᠬᠤᠷᠰᠢᠶᠠᠵᠢᠯ ᠢᠶᠠᠷ ᠬᠠᠮᠢᠶᠠᠷᠤᠭᠤᠯᠵᠤ᠂ ᠳᠤᠯᠤᠭᠠᠢᠢᠯᠠᠬᠴᠢ ᠠᠵᠤ ᠠᠬᠤᠢᠢᠯᠠᠯ ᠳᠠᠭᠠᠭᠤᠯᠤᠨ ᠵᠠᠬ᠎ᠠ ᠳᠡᠯᠭᠡᠬᠦᠷᠴᠢᠯᠡᠬᠦ︾ ᠠᠯᠠᠰᠢᠨ ᠦᠭᠡᠷ ᠤᠨ ᠠᠵᠤ ᠤᠢᠢᠯᠡᠰ ᠤᠨ ᠬᠦᠭᠵᠢᠯᠳᠡ ᠶᠢᠨ ᠰᠢᠨ᠎ᠠ ᠵᠠᠬᠪᠤᠷ ᠢ ᠪᠦᠷᠢᠯᠳᠦᠬᠦᠯᠵᠤ ᠪᠠᠶᠢᠨ᠎ᠠ᠃    ᠦᠤᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤ ᠨᠢᠳᠤᠨᠤᠨ ᠠᠴᠠ ᠡᠬᠢᠯᠡᠨ ᠰᠠᠶᠢᠨ ᠡᠬᠦᠯᠳᠡᠷ ᠤᠨ ᠪᠤᠬ᠎ᠠ ᠤᠷᠤᠭᠤᠯᠤᠨ ᠠᠪᠴᠢᠷᠠᠬᠤ᠂ ᠬᠦᠯᠳᠡᠬᠦᠦ ᠦᠷ᠎ᠠ ᠤᠷᠤᠭᠤᠯᠬᠤ ᠵᠡᠷᠭᠡ ᠠᠷᠭ᠎ᠠ ᠭᠡᠯᠪᠡᠷᠢ ᠪᠠᠷ ᠨᠤᠳᠤᠭ ᠤᠨ ᠤᠯᠠᠭᠠᠨ ᠦᠭᠡᠷ ᠲᠤ ᠭᠠᠷ ᠭᠡᠭᠡᠯᠳᠦᠬᠦᠯᠭᠡ ᠬᠢᠵᠤ ᠡᠬᠦᠯᠳᠡᠷ ᠢ ᠰᠠᠶᠢᠵᠢᠷᠠᠭᠤᠯᠤᠬᠰᠠᠨ ᠪᠠᠶᠢᠨ᠎ᠠ᠃ ᠮᠠᠯᠴᠢᠨ ᠪᠠᠶᠠᠨᠳᠠᠯᠠᠢ ᠶᠢᠨ ᠬᠢᠨ ᠡᠨᠡ ᠵᠢᠯ 13 ᠦᠨᠢᠶᠡᠨ ᠳᠡᠭᠡᠨ ᠭᠠᠷ ᠭᠡᠭᠡᠯᠳᠦᠬᠦᠯᠭᠡ ᠬᠢᠵᠤ 5 ᠠᠩᠭᠧᠰ ᠳᠤᠭᠤᠯ ᠳᠤᠰᠴᠤ᠂ ᠠᠰᠢᠭ ᠬᠦᠷᠳᠡᠭᠰᠡᠨ ᠠᠩᠬᠠᠨ ᠤ ᠪᠦᠯᠦᠭ ᠮᠠᠯᠴᠢᠨ ᠡᠷᠤᠭᠡ ᠶᠢᠨ ᠨᠢᠭᠡ ᠨᠢ ᠪᠤᠯᠵᠠᠢ᠃ ᠪᠠᠶᠠᠨᠳᠠᠯᠠᠢ᠄ ︽ᠤᠯᠠᠭᠠᠨ ᠠᠩᠭᠧᠰ ᠤᠨ ᠮᠢᠬᠠᠨ ᠤ ᠴᠢᠨᠠᠷ ᠰᠠᠶᠢᠨ᠂ ᠦᠰᠬᠦ ᠨᠢ ᠬᠤᠷᠳᠤᠨ᠂ ᠡᠪᠡᠰᠤ ᠪᠤᠷᠳᠤᠭ᠎ᠠ ᠢᠳᠡᠬᠦ ᠭᠡᠮᠵᠢᠶ᠎ᠠ ᠨᠢ ᠪᠠᠭ᠎ᠠ ᠪᠤᠯᠬᠤᠷ ᠠᠵᠤ ᠠᠬᠤᠢ ᠶᠢᠨ ᠦᠷ᠎ᠠ ᠠᠰᠢᠭ ᠨᠢ ᠦᠨᠳᠤᠷ ᠪᠠᠶᠢᠨ᠎ᠠ︾ ᠭᠡᠮᠡᠨ ᠪᠠᠶᠠᠷᠳᠠᠢ ᠶᠠᠷᠢᠨ᠎ᠠ᠃    ᠦᠤᠰᠢᠨ ᠬᠤᠰᠢᠭᠤᠨ ᠤ ᠤᠯᠠᠭᠠᠨᠳᠤᠯᠤᠭᠠᠢ ᠪᠠᠯᠭᠠᠰᠤ ᠬᠦᠳᠡᠭᠡ ᠳᠤᠰᠬᠤᠨ ᠢ ᠬᠦᠭᠵᠢᠬᠦᠯᠬᠦ ᠪᠠᠶᠢᠯᠳᠤᠬᠤ ᠪᠤᠳᠤᠯᠭ᠎ᠠ ᠶᠢ ᠭᠡᠷᠡᠭᠵᠢᠬᠦᠯᠬᠦ ᠳᠤᠮᠳᠠ ᠭᠠᠵᠠᠷ ᠤᠷᠤᠨ ᠤ ᠳᠠᠪᠠᠭᠤᠯᠢᠭ ᠲᠠᠭᠠᠨ ᠳᠦᠰᠢᠭᠯᠡᠨ᠂ ᠠᠯᠠᠰᠢᠨ ᠦᠭᠡᠷ ᠤᠨ ᠡᠬᠦᠯᠳᠡᠷ ᠢ ᠰᠠᠶᠢᠵᠢᠷᠠᠭᠤᠯᠵᠤ᠂ ᠮᠠᠯᠴᠢᠨ ᠳᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠬᠦ ᠶᠢ ᠬᠦᠴᠤᠳᠡᠢ ᠠᠳᠬᠤᠨ᠂ ᠳᠦᠷᠤᠯ ᠳᠡᠮᠳᠡᠭᠵᠢᠬᠦᠯᠦᠭᠰᠡᠨ᠂ ᠭᠡᠪᠴᠢᠶᠡᠵᠢᠭᠰᠡᠨ ᠳᠡᠵᠢᠭᠡᠪᠤᠷᠢ ᠶᠢᠨ ᠤᠢᠢᠯᠡᠰ ᠢ ᠬᠦᠭᠵᠢᠬᠦᠯᠬᠦ ᠳᠤ ᠰᠠᠭᠤᠷᠢ ᠳᠠᠯᠪᠢᠵᠤ᠂ ᠡᠬᠦᠯᠳᠡᠷ ᠤᠨ ᠮᠠᠯ᠂ ᠦᠨᠢᠶ᠎ᠠ ᠬᠤᠳᠠᠯᠳᠤᠨ ᠠᠪᠬᠤ ᠳᠤ ᠨᠦᠬᠦᠪᠤᠷᠢ ᠤᠯᠭᠤᠬᠰᠠᠨ ᠪᠠ ᠭᠡᠭᠡᠯᠳᠦᠬᠦᠯᠭᠡ ᠬᠢᠬᠦ ᠬᠦᠯᠳᠡᠬᠦᠦ ᠦᠷ᠎ᠠ ᠶᠢ ᠮᠠᠯᠴᠢᠳ ᠲᠤ ᠦᠨ᠎ᠠ ᠳᠦᠯᠤᠪᠤᠷᠢ ᠦᠭᠡᠢ ᠪᠠᠷ ᠬᠠᠨᠭ᠍ᠭᠠᠨ ᠦᠭᠬᠦᠭᠰᠡᠨ ᠪᠠᠶᠢᠨ᠎ᠠ᠃    ᠤᠢᠢᠷ᠎ᠠ ᠶᠢᠨ ᠵᠢᠯ ᠠᠴᠠ ᠨᠠᠭᠠᠰᠢ᠂ ᠦᠤᠰᠢᠨ ᠬᠤᠰᠢᠭᠤ ᠰᠦᠯᠳᠡ ᠰᠤᠮᠤ᠂ ᠰᠢᠷᠬᠤᠰᠤᠨ ᠪᠠᠯᠭᠠᠰᠤ ᠵᠡᠷᠭᠡ ᠭᠠᠵᠠᠷ ᠤᠷᠤᠨ ᠤ ᠳᠠᠪᠠᠭᠤᠯᠢᠭ ᠢ ᠠᠰᠢᠬᠯᠠᠨ᠂ ᠳᠤᠰ ᠬᠤᠶᠠᠷ ᠰᠤᠮᠤ ᠪᠠᠯᠭᠠᠰᠤ ᠶᠢ ᠠᠯᠠᠰᠢᠨ ᠦᠭᠡᠷ ᠤᠨ ᠠᠵᠤ ᠤᠢᠢᠯᠡᠰ ᠤᠨ ᠰᠠᠭᠤᠷᠢᠨ ᠭᠠᠵᠠᠷ ᠤᠨ ᠭᠤᠤᠯᠳᠠᠯᠭᠠᠳᠤ ᠤᠷᠤᠨ ᠪᠦᠰᠡ ᠪᠠᠷ ᠳᠤᠬᠳᠠᠭᠠᠵᠠᠢ᠃ ᠡᠨᠡ ᠵᠢᠯ ᠦᠤᠰᠢᠨ ᠬᠤᠰᠢᠭᠤ ᠰᠢᠷᠬᠤᠰᠤᠨ ᠪᠠᠯᠭᠠᠰᠤᠨ ᠳᠤ ᠰᠢᠶᠦ᠋ᠨ ᠮᠧᠩ᠂ ᠰᠢᠶᠦ᠋ᠨ ‍ᠤᠤᠢ ᠵᠡᠷᠭᠡ ᠬᠤᠶᠠᠷ ᠠᠯᠠᠰᠢᠨ ᠦᠭᠡᠷ ᠤᠨ ᠳᠡᠵᠢᠭᠡᠪᠤᠷᠢ ᠶᠢᠨ ᠰᠠᠭᠤᠷᠢᠨ ᠭᠠᠵᠠᠷ ᠢ ᠪᠠᠶᠢᠭᠤᠯᠬᠤ ᠳᠦᠷᠤᠯ ᠵᠦᠢᠯ ᠢ ᠤᠷᠤᠭᠤᠯᠤᠨ ᠠᠪᠴᠢᠷᠠᠵᠤ᠂ ᠵᠢᠱᠢᠯᠳᠡ ᠪᠠᠷ ᠵᠢᠯ ᠤᠨ ᠡᠴᠤᠰ ᠪᠤᠯᠬᠤ ᠳᠤ 6000 ᠦᠭᠡᠷ ᠳᠡᠵᠢᠭᠡᠬᠦ ᠪᠠᠷ ᠪᠤᠢ᠃    ᠤᠢᠢᠯᠠᠭᠠᠬᠰᠠᠨ ᠢᠶᠠᠷ᠂ ᠤᠳᠤᠬᠠᠨ ᠪᠤᠯᠳᠠᠯ᠎ᠠ ᠦᠤᠰᠢᠨ ᠬᠤᠰᠢᠭᠤᠨ ᠤ ᠠᠯᠠᠰᠢᠨ ᠦᠭᠡᠷ ᠤᠨ ᠡᠬᠦᠯᠳᠡᠷ ᠰᠠᠶᠢᠵᠢᠷᠠᠭᠤᠯᠤᠬᠰᠠᠨ ᠨᠤᠷᠮ᠎ᠠ ᠨᠢ 64% ᠳᠤ ᠬᠦᠷᠴᠤ᠂ ᠰᠦᠯᠳᠡ ᠰᠤᠮᠤ᠂ ᠰᠢᠷᠬᠤᠰᠤᠨ ᠪᠠᠯᠭᠠᠰᠤ᠂ ᠤᠯᠠᠭᠠᠨᠳᠤᠯᠤᠭᠠᠢ ᠪᠠᠯᠭᠠᠰᠤ ᠵᠡᠷᠭᠡ ᠰᠤᠮᠤ ᠪᠠᠯᠭᠠᠰᠤᠨ ᠳᠤ ᠳᠠᠯ᠎ᠠ ᠨᠤᠳᠤᠭ ᠤᠨ ᠾᠧ ᠨᠢᠤ ᠦᠭᠡᠷ᠂ ᠠᠩᠭᠧᠰ ᠦᠭᠡᠷ ᠂ ᠰᠧᠮᠧᠨ᠋ᠲ᠋ᠠᠷ ᠦᠭᠡᠷ ᠤᠨ ᠠᠵᠤ ᠤᠢᠢᠯᠡᠰ ᠢ ᠬᠦᠭᠵᠢᠬᠦᠯᠤᠨ᠂ ᠠᠯᠠᠰᠢᠨ ᠦᠭᠡᠷ ᠳᠡᠵᠢᠭᠡᠨ ᠦᠷᠡᠵᠢᠬᠦᠯᠬᠦ 5 ᠠᠵᠤ ᠠᠬᠤᠢᠢᠯᠠᠯ᠂ 16 ᠳᠡᠵᠢᠭᠡᠨ ᠦᠷᠡᠵᠢᠬᠦᠯᠬᠦ ᠬᠤᠷᠰᠢᠶᠠᠵᠢᠯ᠂ 128 ᠳᠡᠵᠢᠭᠡᠨ ᠦᠷᠡᠵᠢᠬᠦᠯᠬᠦ ᠳᠤᠮᠤ ᠡᠷᠤᠭᠡ ᠶᠢ ᠪᠠᠶᠢᠭᠤᠯᠵᠤ᠂ ᠠᠯᠠᠰᠢᠨ ᠦᠭᠡᠷ ᠤᠨ ᠳᠤᠭ᠎ᠠ ᠳᠤᠯᠤᠭᠠᠢ 11.3 ᠳᠦᠮᠡ ᠳᠤ ᠬᠦᠷᠴᠡᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号