11 ᠰᠠᠷ᠎ᠠ ᠶᠢᠨ 6 ᠤ ᠡᠳᠦᠷ᠂ ᠮᠠᠨ ᠤ ᠬᠤᠰᠢᠭᠤᠨ ᠤ ᠨᠠᠮ ᠤᠨ ᠬᠤᠷᠢᠶᠠᠨ ᠤ ᠱᠦᠵᠢ ᠨᠠᠮ ᠤᠨ ᠬᠢᠴᠢᠶᠡᠯ | ᠶᠠᠷᠢᠬᠤ ᠵᠢᠴᠢ ᠬᠤᠰᠢᠭᠤ ᠨᠠᠮ ᠤᠨ ᠬᠤᠷᠢᠶᠠᠨ ᠤ ᠣᠨᠣᠯ ᠰᠤᠷᠤᠯᠴᠠᠬᠤ ᠭᠤᠣᠯ ᠳᠤᠭᠤᠶᠢᠯᠠᠩ ᠤᠨ ᠲᠤᠰᠬᠠᠢ | ᠰᠡᠳᠦᠪᠲᠦ ᠰᠤᠳᠤᠯᠤᠨ ᠶᠠᠷᠢᠯᠴᠠᠬᠤ ᠬᠤᠷᠠᠯ ᠬᠤᠷᠠᠯᠳᠤᠭᠤᠯᠪᠠ᠃ ᠬᠤᠰᠢᠭᠤ ᠨᠠᠮ ᠤᠨ ᠬᠤᠷᠢᠶᠠᠨ ᠤ ᠱᠦᠵᠢ | ᠡᠷᠳᠡᠨᠢᠪᠢᠯᠢᠭ ᠬᠤᠷᠠᠯ ᠡᠷᠭᠢᠯᠡᠭᠰᠡᠨ ᠪᠥᠭᠡᠳ ᠶᠠᠷᠢᠶ᠎ᠠ ᠲᠠᠯᠪᠢᠭᠰᠠᠨ ᠪᠠᠶᠢᠨ᠎ᠠ᠃ ᠬᠤᠰᠢᠭᠤ ᠨᠠᠮ ᠤᠨ ᠬᠤᠷᠢᠶᠠᠨ ᠤ | ᠳᠡᠳ᠋ ᠱᠦᠵᠢ ᠬᠤᠰᠢᠭᠤ ᠳᠠᠷᠤᠭ᠎ᠠ ᠵᠤᠤ ᠹᠸᠢ ᠯᠦ᠂ ᠬᠤᠰᠢᠭᠤ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠪᠤᠶᠠᠨᠮᠠᠨᠳᠤᠬᠤ᠂ ᠬᠤᠰᠢᠭᠤ ᠤᠯᠤᠰ ᠲᠥᠷᠥ ᠶᠢᠨ | ᠵᠥᠪᠯᠡᠯᠭᠡᠨ ᠤ ᠲᠡᠷᠢᠭᠦᠯᠡᠭᠴᠢ ᠬᠤᠤ ᠸᠧᠶ ᠵᠡᠷᠭᠡ ᠰᠢᠶᠠᠨ ᠤ ᠳᠡᠰ ᠤᠨ ᠤᠳᠤᠷᠢᠳᠤᠯᠭ᠎ᠠ᠂ ᠬᠤᠰᠢᠭᠤ ᠰᠢᠭᠤᠳ | ᠬᠠᠷᠢᠶ᠎ᠠ ᠡᠯ᠎ᠡ ᠰᠠᠯᠠᠭ᠎ᠠ ᠮᠥᠴᠢᠷ ᠤᠨ ᠭᠤᠤᠯ ᠬᠠᠷᠢᠭᠤᠴᠠᠯᠭᠠᠲᠠᠨ ᠬᠤᠷᠠᠯ ᠳᠤ ᠣᠷᠣᠯᠴᠠᠭᠰᠠᠨ ᠪᠠᠶᠢᠨ᠎ᠠ᠃ | | | | | | | ᠬᠤᠷᠠᠯ ᠳᠡᠭᠡᠷ᠎ᠡ ᠬᠤᠰᠢᠭᠤ ᠨᠠᠮ ᠤᠨ ᠬᠤᠷᠢᠶᠠᠨ ᠤ ᠱᠦᠵᠢ ᠡᠷᠳᠡᠨᠢᠪᠢᠯᠢᠭ ︽ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠦᠵᠡᠯ ᠤᠬᠠᠮᠰᠠᠷ ᠢ ᠪᠠᠳᠤ ᠴᠤᠭᠴᠠᠯᠠᠵᠤ᠂ ᠦᠨᠳᠦᠰᠦᠲᠡᠨ ᠤ | ᠠᠵᠢᠯ ᠤᠨ ᠰᠢᠨ᠎ᠡ ᠴᠠᠭ ᠦᠶ᠎ᠡ ᠶᠢᠨ ᠰᠢᠨ᠎ᠡ ᠪᠠᠶᠢᠳᠠᠯ ᠢ ᠪᠣᠶ ᠪᠣᠯᠭᠠᠬᠤ︾ ᠭᠤᠤᠯ ᠰᠡᠳᠦᠪ ᠤᠨ ᠲᠣᠭᠤᠷᠢᠨ ᠳᠤ | ᠲᠤᠰᠬᠠᠶ ᠰᠡᠳᠦᠪᠲᠦ ᠨᠠᠮ ᠤᠨ ᠬᠢᠴᠢᠶᠡᠯ ᠣᠷᠣᠭᠰᠠᠨ ᠪᠠᠶᠢᠨ᠎ᠠ᠃ ᠬᠤᠰᠢᠭᠤ ᠨᠠᠮ ᠤᠨ ᠬᠤᠷᠢᠶᠠᠨ ᠤ ᠨᠠᠮ ᠤᠨ | ᠰᠤᠷᠭᠠᠭᠤᠯᠢ ᠶᠢᠨ ᠴᠧᠨ ᠬᠤᠤ ᠶᠤᠸᠠᠨ ᠪᠠᠭᠰᠢ ︽ᠳᠤᠮᠳᠠᠳᠤ ᠶᠢᠨ ᠦᠨᠳᠦᠰᠦᠲᠡ ᠤ ᠬᠠᠮᠲᠤ ᠶᠢᠨ ᠴᠣᠭᠴᠠ ᠶᠢᠨ | ᠤᠬᠠᠮᠰᠠᠷ ᠢ ᠪᠠᠳᠤ ᠴᠤᠭᠴᠠᠯᠠᠬᠤ︾ ᠲᠤᠬᠠᠶ ᠵᠠᠳᠠᠯᠤᠨ ᠲᠠᠶᠢᠯᠪᠤᠷᠢᠯᠠᠭᠰᠠᠨ ᠪᠠᠶᠢᠨ᠎ᠠ᠃ ᠬᠤᠰᠢᠭᠤ ᠤᠳᠤᠷᠢᠳᠤᠯᠭ᠎ᠠ | ᠵᠣᠣ ᠹᠸᠢ ᠯᠦ᠂ ᠰᠤ᠋ ᠰᠢᠨ ᠹᠠ᠂ ᠹᠧᠩ ᡁᠢ ᠮᠢᠩ᠂ ᠠᠯᠲᠠᠨᠲᠤᠶᠠᠭ᠎ᠠ᠂ ᠵᠧᠤ ᠱᠤᠸᠠᠢ᠂ ᠾᠧ ᠤᠯᠠᠭᠠᠨ᠂ | ᠣᠶᠤᠨᠪᠢᠯᠢᠭ᠌᠂ ᠰᠦᠨ ᠰᠢᠶᠤᠤ ᠴᠢᠶᠠᠩ ᠨᠠᠷ ᠰᠤᠳᠤᠯᠤᠨ ᠶᠠᠷᠢᠯᠴᠠᠬᠤ ᠦᠶ᠎ᠡ ᠳᠤ ᠶᠠᠷᠢᠶ᠎ᠠ ᠲᠠᠯᠪᠢᠵᠤ ᠪᠤᠰᠤᠳ | ᠨᠥᠬᠦᠳ ᠪᠢᠴᠢᠭ ᠢᠶᠠᠷ ᠰᠠᠨᠠᠯ ᠢᠶᠠᠨ ᠰᠣᠯᠢᠯᠴᠠᠨ ᠤᠯᠠᠨ ᠢᠶᠠᠷ ᠢᠶᠠᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ | ᠴᠣᠭᠴᠠ ᠶᠢᠨ ᠤᠬᠠᠮᠰᠠᠷ ᠢ ᠪᠠᠳᠤ ᠴᠤᠭᠴᠠᠯᠠᠬᠤ ᠲᠣᠭᠤᠷᠢᠨ ᠳᠤ ᠣᠯᠤᠯᠲᠠ ᠲᠦᠷᠦᠭᠳᠡᠯ ᠢᠶᠠᠨ ᠰᠣᠯᠢᠯᠴᠠᠭᠰᠠᠨ | ᠪᠠᠶᠢᠨ᠎ᠠ᠃ | | | | | | | ᠡᠷᠳᠡᠨᠢᠪᠢᠯᠢᠭ ᠨᠦᠬᠦᠷ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ | ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠤᠭᠰᠠᠨ ᠣᠯᠣᠯᠲᠡ | ᠲᠥᠷᠥᠭᠳᠡᠯ ᠲᠠᠢ ᠪᠠᠨ ᠤᠶᠠᠯᠳᠤᠭᠤᠯᠤᠨ ᠨᠠᠮ ᠤᠨ ᠲᠦᠷᠢᠮ ᠤᠨ ᠤᠳᠠᠭ᠎ᠠ ᠪᠦᠷᠢ ᠶᠢᠨ ᠵᠠᠰᠠᠪᠤᠷᠢ ᠶᠢ ᠡᠷᠭᠢᠴᠡᠭᠦᠯᠵᠦ | ᠶᠡᠷᠦᠩᠬᠡᠢ ᠱᠦᠵᠢ ᠰᠢ ᠶᠢᠨ ᠫᠢᠩ ᠤᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ | ᠪᠠᠳᠤ ᠴᠤᠭᠴᠠᠯᠠᠬᠤ᠂ ᠦᠨᠳᠦᠰᠦᠲᠡᠨ ᠤ ᠠᠵᠢᠯ ᠢ ᠰᠠᠶᠢᠲᠤᠷ ᠬᠢᠬᠦ᠂ ᠨᠠᠮ ᠤᠨ ᠲᠥᠪ ᠬᠤᠷᠢᠶᠠᠨ ᠤ ᠰᠢᠢᠳᠪᠦᠷᠢᠲᠦ | ᠪᠤᠳᠤᠯᠭ᠎ᠠ ᠶᠢᠨ ᠪᠠᠶᠢᠷᠢᠯᠠᠭᠤᠯᠤᠯᠲᠠ ᠶᠢ ᠰᠠᠶᠢᠲᠤᠷ ᠲᠤᠭᠤᠰᠢᠯᠠᠭᠤᠯᠬᠤ ᠲᠤᠬᠠᠢ ᠣᠶᠢᠯᠠᠭᠠᠯᠲᠠ ᠪᠠ ᠲᠠᠨᠢᠯᠲᠠ ᠪᠠᠨ | ᠲᠣᠳᠣᠷᠬᠠᠶᠢᠯᠠᠨ ᠥᠭᠦᠯᠡᠪᠡ᠃ ᠲᠡᠷᠡ ᠬᠡᠯᠡᠬᠦ ᠳᠡᠭᠡᠨ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠪᠣᠯ | ᠮᠠᠨ ᠤ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠤᠷᠲᠤ ᠬᠤᠭᠤᠴᠠᠭᠠᠨ ᠤ ᠲᠡᠤᠬᠡᠨ | ᠬᠥᠭᠵᠢᠯᠲᠡ ᠶᠢᠨ ᠳᠤᠮᠳᠠ ᠪᠦᠷᠢᠯᠳᠦᠭᠰᠡᠨ ᠤᠯᠤᠰ ᠲᠥᠷᠥ ᠶᠢᠨ ᠲᠠᠯ᠎ᠠ ᠪᠠᠷ ᠪᠦᠯᠬᠦᠮᠳᠡᠨ ᠨᠢᠭᠡᠳᠦᠭᠰᠡᠨ᠂ | ᠰᠣᠶᠣᠯ ᠤᠨ ᠲᠠᠯ᠎ᠠ ᠪᠠᠷ ᠬᠠᠮᠲᠤ ᠳᠠᠭᠠᠨ ᠤᠯᠠᠮᠵᠢᠯᠠᠨ ᠬᠥᠭᠵᠢᠭᠦᠯᠦᠭᠰᠡᠨ᠂ ᠠᠵᠤ ᠠᠬᠤᠶ ᠶᠢᠨ ᠲᠠᠯ᠎ᠠ ᠪᠠᠷ ᠬᠠᠷᠢᠯᠴᠠᠨ | ᠲᠦᠰᠢᠯᠴᠡᠭᠰᠡᠨ᠂ ᠬᠠᠶᠢᠷ᠎ᠠ ᠰᠡᠳᠬᠢᠯᠭᠡ ᠶᠢᠨ ᠲᠠᠯ᠎ᠠ ᠪᠠᠷ ᠬᠠᠷᠢᠯᠴᠠᠨ ᠣᠶᠢᠷᠠᠲᠤᠭᠰᠠᠨ ᠦᠨᠳᠦᠰᠦᠲᠡᠨ ᠤ ᠬᠠᠮᠲᠤ ᠶᠢᠨ | ᠴᠣᠭᠴᠠ ᠪᠠᠶᠢᠵᠤ ᠬᠠᠮᠲᠤ ᠶᠢᠨ ᠲᠡᠤᠬᠡᠨ ᠨᠥᠬᠦᠴᠡᠯ᠂ ᠬᠠᠮᠲᠤ ᠶᠢᠨ ᠥᠷᠲᠡᠭ ᠤᠨ ᠬᠥᠭᠡᠭᠡᠴᠡᠯᠳᠦᠯ᠂ ᠬᠠᠮᠲᠤ ᠶᠢᠨ | ᠪᠣᠳᠠᠰ ᠤᠨ ᠰᠠᠭᠤᠷᠢ᠂ ᠬᠠᠮᠲᠤ ᠶᠢᠨ ᠪᠡᠶ᠎ᠡ ᠭᠠᠷᠤᠯ᠂ ᠬᠠᠮᠲᠤ ᠶᠢᠨ ᠣᠶᠤᠨ ᠰᠠᠨᠠᠭᠠᠨ ᠤ ᠰᠠᠭᠤᠷᠢᠨ ᠳᠡᠭᠡᠷ᠎ᠡ | ᠪᠠᠶᠢᠭᠤᠯᠤᠭᠳᠠᠭᠰᠠᠨ ᠬᠤᠪᠢ ᠵᠠᠶᠠᠭᠠᠨ ᠤ ᠬᠠᠮᠲᠤ ᠶᠢᠨ ᠴᠣᠭᠴᠠ ᠪᠣᠯᠣᠨ᠎ᠠ᠃ ᠪᠦᠬᠦ ᠬᠤᠰᠢᠭᠤᠨ ᠤ | ᠦᠨᠳᠦᠰᠦᠲᠡᠨ ᠨᠦᠭᠦᠳ ᠤᠨ ᠺᠠᠳ᠋ᠷ ᠣᠯᠠᠨ ᠲᠦᠮᠡᠨ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ | ᠤᠬᠠᠮᠰᠠᠷ ᠢ ᠪᠠᠲᠤ ᠪᠠᠬᠢ ᠪᠤᠢ ᠪᠣᠯᠭᠠᠵᠤ ᠨᠠᠮ ᠪᠠ ᠤᠯᠤᠰ ᠢ ᠢᠮᠠᠭᠲᠠ ᠰᠡᠳᠬᠢᠯ ᠵᠢᠷᠦᠬᠡᠨ ᠳᠡᠭᠡᠨ ᠪᠣᠳᠣᠵᠤ ᠠᠵᠢᠯ | ᠰᠤᠷᠤᠯᠭ᠎ᠠ ᠠᠮᠢᠳᠤᠷᠠᠯ ᠤᠨ ᠡᠯ᠎ᠡ ᠲᠠᠯ᠎ᠠ ᠳᠤ ᠴᠥᠮ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ | ᠤᠬᠠᠮᠰᠠᠷ ᠢ ᠢᠯᠡᠷᠡᠭᠦᠯᠦᠨ ᠤᠯᠠᠨ ᠢᠶᠠᠷ ᠢᠶᠠᠨ ᠰᠡᠳᠬᠢᠯ ᠨᠢᠭᠡᠳᠦᠨ ᠠᠭᠤᠤ ᠶᠡᠭᠡ ᠬᠠᠷᠠᠯᠲᠠ ᠲᠡᠶᠢᠰᠢ ᠡᠷᠡᠯᠬᠡᠭᠯᠡᠨ | ᠤᠷᠤᠭᠰᠢᠯᠠᠬᠤ ᠬᠡᠷᠡᠭᠲᠡᠢ ᠬᠡᠰᠡᠨ ᠪᠠᠶᠢᠨ᠎ᠠ᠃ | | | | | | | ᠡᠷᠳᠡᠨᠢᠪᠢᠯᠢᠭ ᠴᠢᠬᠤᠯᠠᠴᠢᠯᠠᠭᠰᠠᠨ ᠨᠢ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ | ᠤᠬᠠᠮᠰᠠᠷ ᠢ ᠪᠠᠳᠤ ᠴᠤᠭᠴᠠᠯᠠᠨ ᠡᠯ᠎ᠡ ᠰᠠᠯᠠᠭ᠎ᠠ ᠮᠥᠴᠢᠷ ᠤᠳ ᠦᠨᠳᠦᠰᠦᠲᠡᠨ ᠤ ᠠᠵᠢᠯ ᠢ ᠨᠡᠩ ᠲᠣᠪᠤᠶᠢᠮ᠎ᠠ | ᠪᠠᠶᠢᠷᠢᠨ ᠳᠤ ᠲᠠᠯᠪᠢᠨ ᠶᠡᠷᠦᠩᠬᠡᠶ ᠱᠦᠵᠢ ᠰᠢ ᠶᠢᠨ ᠫᠢᠩ ᠤᠨ ᠦᠨᠳᠦᠰᠦᠲᠡᠨ ᠤ ᠠᠵᠢᠯ ᠤᠨ ᠲᠤᠬᠠᠶ ᠴᠢᠬᠤᠯᠠ | ᠥᠭᠦᠯᠡᠯᠲᠡ ᠶᠢ ᠭᠦᠨᠵᠡᠭᠡᠶ ᠲᠤᠭᠤᠰᠢᠯᠠᠭᠤᠯᠤᠨ ᠨᠠᠶᠢᠳᠠᠪᠤᠷᠢᠵᠢᠭᠤᠯᠵᠤ ᠰᠢᠨ᠎ᠡ ᠲᠢᠳᠢᠮᠯᠢᠭ ᠠᠭᠤᠰᠬᠢᠨ | ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠠᠵᠤ ᠠᠬᠤᠶ ᠨᠡᠶᠢᠭᠡᠮ ᠤᠨ ᠬᠥᠭᠵᠢᠯᠲᠡ ᠶᠢ | ᠨᠢᠭᠡᠳᠦᠯᠲᠡᠶ ᠲᠥᠯᠥᠪᠯᠡᠨ ᠠᠬᠢᠭᠤᠯᠵᠤ ︽ᠵᠢᠷᠭᠤᠭ᠎ᠠ ᠶᠢ ᠲᠣᠭᠲᠠᠭᠤᠨ ᠪᠠᠶᠢᠯᠭᠠᠬᠤ︾ ᠠᠵᠢᠯ ᠢ ᠯᠠᠪᠳᠠᠭᠤᠨ ᠪᠠᠲᠤᠲᠠᠶ | ᠰᠠᠶᠢᠲᠤᠷ ᠬᠢᠵᠦ ︽ᠵᠢᠷᠭᠤᠭ᠎ᠠ ᠶᠢ ᠪᠠᠲᠤᠯᠠᠬᠤ︾ ᠡᠭᠦᠷᠭᠡ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ ᠴᠢᠨᠠᠷ | ᠰᠠᠶᠢᠲᠠᠶ ᠬᠥᠭᠵᠢᠯᠲᠡ ᠪᠣᠯᠤᠨ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢᠨ | ᠭᠤᠣᠯᠳᠠᠯᠭ᠎ᠠ ᠲᠠᠢ ᠠᠵᠢᠯ ᠢ ᠨᠠᠷᠢᠨ ᠨᠢᠮᠪᠠᠶ ᠲᠥᠰᠦᠪᠯᠡᠨ ᠠᠬᠢᠭᠤᠯᠵᠤ ᠬᠥᠭᠵᠢᠯᠲᠡ ᠪᠠᠷ ᠪᠦᠯᠬᠦᠮᠳᠡᠯ ᠢ ᠠᠬᠢᠭᠤᠯᠤᠨ | ᠪᠦᠯᠬᠦᠮᠳᠡᠯ ᠢᠶᠠᠷ ᠠᠷᠠᠳ ᠤᠨ ᠰᠡᠳᠬᠢᠯ ᠢ ᠨᠢᠭᠲᠠᠷᠠᠭᠤᠯᠵᠤ ᠰᠢᠨ᠎ᠡ ᠴᠠᠭ ᠦᠶ᠎ᠡ ᠶᠢᠨ ᠪᠦᠬᠦ ᠬᠤᠰᠢᠭᠤᠨ ᠤ | ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠦᠢᠯᠡᠰ ᠤᠨ ᠰᠢᠨ᠎ᠡ ᠪᠠᠶᠢᠳᠠᠯ ᠢ ᠴᠢᠷᠮᠠᠶᠢᠨ ᠡᠭᠦᠳᠬᠦ ᠬᠡᠷᠡᠭᠲᠡᠢ | ᠬᠡᠰᠡᠨ ᠪᠠᠶᠢᠨ᠎ᠠ᠃ | ᠣᠶᠢᠷ᠎ᠠ ᠶᠢᠨ ᠬᠤᠭᠤᠴᠠᠭᠠᠨ ᠤ ᠳᠣᠯᠣᠳᠤᠭᠠᠷ ᠤᠳᠠᠭᠠᠨ ᠤ ᠪᠦᠬᠦ ᠤᠯᠤᠰ ᠤᠨ ᠬᠥᠮᠦᠨ ᠠᠮᠠ ᠶᠢᠨ ᠨᠡᠶᠢᠳᠡᠮ | ᠪᠠᠶᠢᠴᠠᠭᠠᠯᠲᠠ ᠶᠢᠨ ᠠᠵᠢᠯ ᠪᠠ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠠᠵᠢᠯ ᠤᠨ ᠲᠤᠬᠠᠶ | ᠡᠷᠳᠡᠨᠢᠪᠢᠯᠢᠭ ᠱᠠᠭᠠᠷᠳᠠᠭᠰᠠᠨ ᠨᠢ᠂ ᠡᠯ᠎ᠡ ᠭᠠᠵᠠᠷ ᠤᠷᠤᠨ ᠡᠯ᠎ᠡ ᠰᠠᠯᠠᠭ᠎ᠠ ᠮᠥᠴᠢᠷ ᠳᠣᠯᠣᠳᠤᠭᠠᠷ ᠤᠳᠠᠭᠠᠨ ᠤ ᠪᠦᠬᠦ | ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ | ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠨ ᠶᠠᠷᠢᠶ᠎ᠠ ᠬᠡᠯᠡᠯᠴᠡᠭᠡᠨ ᠤ ᠤᠬᠠᠭᠤᠯᠭ᠎ᠠ ᠪᠠᠨ | ᠴᠢᠩᠭᠠᠷᠠᠭᠤᠯᠵᠤ ᠨᠡᠶᠢᠳᠡᠮ ᠪᠠᠶᠢᠴᠠᠭᠠᠯᠲᠠ ᠶᠢᠨ ᠠᠬᠢᠴᠠ ᠪᠠ ᠶᠠᠰᠤ ᠴᠢᠨᠠᠷ ᠢ ᠪᠠᠲᠤᠯᠠᠨ ᠨᠡᠶᠢᠳᠡᠮ ᠪᠠᠶᠢᠴᠠᠭᠠᠯᠲᠠ ᠶᠢᠨ | ᠠᠵᠢᠯ ᠤᠨ ᠤᠷᠤᠭᠰᠢᠲᠠᠶ ᠠᠬᠢᠬᠤ ᠳᠤ ᠥᠪᠡᠷ ᠤᠨ ᠬᠤᠪᠢ ᠨᠡᠮᠡᠷᠢ ᠪᠠᠨ ᠦᠵᠡᠭᠦᠯᠬᠦ ᠬᠡᠷᠡᠭᠲᠡᠢ᠃ ᠶᠠᠳᠠᠭᠤ ᠠᠴᠠ | ᠠᠩᠭᠢᠵᠢᠷᠠᠭᠤᠯᠬᠤ ᠪᠣᠭᠤᠮᠲᠠ ᠰᠢᠪᠲᠤᠯᠬᠤ ᠠᠵᠢᠯ ᠤᠨ ᠴᠢᠬᠤᠯᠠ ᠴᠢᠨᠠᠷ ᠪᠣᠯᠤᠨ ᠲᠤᠯᠭᠠᠮ ᠴᠢᠨᠠᠷ ᠢ ᠭᠦᠨᠵᠡᠭᠡᠶ | ᠲᠠᠨᠢᠵᠤ ᠤᠯᠤᠰ ᠲᠥᠷᠥ ᠶᠢᠨ ᠵᠣᠭᠰᠣᠴᠠ ᠪᠠᠨ ᠦᠨᠡᠨᠬᠦ ᠳᠡᠭᠡᠭᠰᠢᠯᠡᠭᠦᠯᠵᠦ ᠰᠢᠨᠵᠢᠯᠡᠬᠦ ᠤᠬᠠᠭᠠᠨᠴᠢ ᠪᠠᠷ | ᠪᠠᠶᠢᠷᠢᠯᠠᠭᠤᠯᠤᠨ ᠬᠦᠴᠦᠨ ᠴᠢᠳᠠᠯ ᠢᠶᠠᠨ ᠵᠣᠬᠢᠰᠲᠠᠶ ᠲᠣᠬᠢᠷᠠᠭᠤᠯᠵᠤ ᠬᠠᠪᠰᠤᠷᠤᠨ ᠲᠡᠳᠬᠦᠬᠦ ᠠᠵᠢᠯ ᠢ ᠪᠥᠬᠦ | ᠬᠦᠴᠦᠨ ᠢᠶᠠᠷ ᠢᠶᠠᠨ ᠰᠠᠶᠢᠲᠤᠷ ᠬᠢᠨ ᠳᠤᠲᠠᠭᠳᠠᠯ ᠢᠶᠠᠨ ᠪᠠᠶᠢᠴᠠᠭᠠᠨ ᠨᠥᠬᠦᠪᠦᠷᠢᠯᠡᠵᠦ ᠴᠡᠭᠴᠡᠯᠡᠨ ᠰᠠᠶᠢᠵᠢᠷᠠᠭᠤᠯᠵᠤ | ᠳᠡᠭᠡᠭᠰᠢᠯᠡᠭᠦᠯᠦᠨ ᠡᠬᠡ ᠲᠠᠩᠰᠠ ᠶᠢᠨ ᠮᠠᠲ᠋ᠧᠷᠢᠶᠠᠯ ᠢ ᠲᠡᠭᠦᠯᠳᠡᠷᠵᠢᠭᠦᠯᠬᠦ ᠬᠡᠷᠡᠭᠲᠡᠢ᠃ ᠪᠦᠬᠦ ᠬᠤᠰᠢᠭᠤᠨ ᠤ ᠡᠯ᠎ᠡ | ᠱᠠᠲᠤᠨ ᠤ ᠺᠠᠳ᠋ᠷᠴᠤᠳ ᠬᠠᠷᠢᠭᠤᠴᠠᠯᠭ᠎ᠠ ᠡᠭᠦᠷᠭᠡᠯᠡᠨ ᠪᠤᠰᠢᠭᠤ ᠬᠥᠳᠡᠯᠦᠯᠴᠡᠵᠦ ᠪᠥᠬᠦ ᠬᠦᠴᠦᠨ ᠢᠶᠠᠨ | ᠲᠥᠪᠯᠡᠷᠡᠭᠦᠯᠦᠨ ᠬᠠᠮᠤᠭ ᠡᠴᠦᠰ ᠤᠨ ᠪᠠᠬᠢᠯᠡᠯᠲᠡ ᠶᠢ ᠰᠢᠪᠲᠤᠯᠵᠤ ᠴᠢᠨᠠᠷ ᠰᠠᠶᠢᠲᠠᠢ ᠪᠠᠷ ᠶᠠᠳᠠᠭᠤ ᠠᠴᠠ | ᠠᠩᠭᠢᠵᠢᠷᠠᠭᠤᠯᠬᠤ ᠶᠢ ᠪᠡᠶᠡᠯᠡᠭᠦᠯᠬᠦ ᠶᠢ ᠪᠠᠲᠤᠯᠠᠬᠤ ᠬᠡᠷᠡᠭᠲᠡᠢ ᠬᠡᠰᠡᠨ ᠪᠠᠶᠢᠨ᠎ᠠ᠃ |