33000 ᠲᠦᠭᠦᠷᠢᠭ ᠤᠨ ᠬᠠᠨᠳᠢᠪ ᠰᠣᠷᠣᠭᠴᠢᠳ ᠤᠨ ᠰᠠᠳᠬᠢᠯ ᠢ ᠳᠣᠯᠠᠭᠠᠴᠠᠭᠤᠯᠣᠯ᠎ᠠ
ᠨᠡᠶᠢᠲᠡᠯᠡᠭᠰᠡᠨ ᠴᠠᠭ᠄
2020/11/2
     ᠤᠶᠢᠷ᠎ᠠ ᠶᠢᠨ ᠡᠳᠤᠷ᠂ ᠮᠠᠨ ᠤ ᠬᠤᠰᠢᠭᠤᠨ ᠤ ᠵᠡᠮᠳᠡᠭᠴᠤᠳ ᠤᠨ ᠬᠤᠯᠪᠤᠭ᠎ᠠ ︽ᠭᠠᠷ ᠬᠤᠯᠪᠤᠨ ᠬᠠᠮᠳᠤᠪᠠᠷ ᠤᠷᠤᠭᠰᠢᠯᠠᠵᠤ ᠬᠦᠰᠡᠯᠡᠩ ᠢᠶᠠᠨ ᠬᠠᠮᠳᠤᠪᠠᠷ ᠲᠡᠷᠭᠡᠯᠰᠢᠯᠡᠭᠦᠯᠦᠶ᠎ᠡ︾ ᠰᠢᠨ᠎ᠡ ᠴᠠᠭ ᠦᠶ᠎ᠡ ᠶᠢᠨ ᠪᠤᠯᠪᠠᠰᠤᠨ ᠤ ᠤᠶᠢᠯᠡᠳᠤᠯᠭᠡᠵᠢᠬᠦᠯᠬᠡ ᠪᠠᠷ ᠰᠣᠷᠣᠭᠴᠢᠳ ᠢ ᠲᠡᠮᠵᠢᠵᠤ ᠰᠤᠷᠤᠯᠭ᠎ᠠ ᠶᠢ ᠲᠡᠳᠭᠦᠭᠦ ᠰᠠᠶᠢᠨ ᠲᠤᠷ᠎ᠠ ᠶᠢᠨ ᠠᠵᠢᠯᠯᠠᠭ᠎ᠠ  ᠶᠢ ᠦᠷᠨᠢᠭᠦᠯᠤᠨ ᠰᠤᠷᠤᠭᠴᠢᠳ ᠤᠨ ᠠᠮᠢᠳᠤᠷᠠᠯ ᠰᠤᠷᠤᠯᠭ᠎ᠠ ᠳᠤ ᠨᠢ ᠬᠠᠪᠰᠤᠷᠤᠮᠵᠢ ᠪᠤᠯᠤᠯ᠎ᠠ᠃      ᠠᠵᠢᠯᠯᠠᠭᠠᠨ ᠳᠤ ᠬᠤᠰᠢᠭᠤ ᠵᠡᠮᠳᠡᠭᠴᠤᠳ ᠤᠨ ᠬᠤᠯᠪᠤᠭ᠎ᠠ ᠠᠮᠢᠳᠤᠷᠠᠯ ᠳᠤ ᠪᠠᠨ ᠬᠦᠴᠢᠷᠳᠡᠯᠳᠡᠢ ᠡᠷᠤᠭᠡ ᠶᠢᠨ 31 ᠰᠤᠷᠤᠭᠴᠢ ᠳᠤ 33000 ᠲᠦᠭᠦᠷᠢᠭ ᠤᠨ ᠰᠤᠷᠤᠯᠭ᠎ᠠ ᠶᠢ ᠲᠡᠳᠭᠦᠭᠦ ᠮᠦᠩᠭᠦ ᠲᠠᠷᠬᠠᠭᠠᠵᠤ ᠨᠠᠮ ᠵᠠᠰᠠᠭ ᠤᠨ ᠬᠠᠶᠢᠷ᠎ᠠ ᠬᠠᠯᠠᠮᠵᠢ ᠶᠢ ᠬᠦᠷᠳᠡᠭᠡᠨ ᠲᠡᠳᠡᠨ ᠤ ᠰᠤᠷᠤᠯᠭ᠎ᠠ ᠠᠮᠢᠳᠤᠷᠠᠯ ᠳᠤ ᠨᠢ ᠲᠤᠰᠠᠯᠠᠮᠵᠢ ᠪᠤᠯᠵᠤ ᠨᠡᠩ ᠤᠯᠠᠨ ᠬᠦᠮᠦᠰ ᠡᠨᠡᠭᠦ ᠰᠠᠶᠢᠨ ᠲᠤᠷ᠎ᠠ ᠶᠢᠨ ᠠᠵᠢᠯᠯᠠᠭᠠᠨ ᠳᠤ ᠤᠷᠤᠯᠴᠠᠬᠤ ᠶᠢ ᠤᠷᠢᠶᠠᠯᠠᠭᠰᠠᠨ ᠪᠠᠶᠢᠨ᠎ᠠ᠃      ᠠᠵᠢᠯᠯᠠᠭᠠᠨ ᠲᠡᠭᠡᠷ᠎ᠡ ᠪᠠᠰᠠ 2019 ᠤᠨ ᠤ ᠯᠸᠢ ᠹᠧᠩ ᠠᠴᠠ ᠲᠠᠭᠠᠨ ᠰᠤᠷᠤᠯᠴᠠᠭᠰᠠᠨ ᠬᠠᠮᠳᠤ ᠨᠢᠭᠡᠴᠢ ᠪᠤᠯᠤᠨ ᠬᠤᠪᠢ ᠬᠦᠮᠦᠨ ᠢ ᠱᠠᠩᠨᠠᠨ ᠬᠦᠭᠢᠭᠦᠯᠵᠦ ᠨᠡᠶᠢᠭᠡᠮ ᠲᠡᠭᠡᠷᠡᠭᠢ ᠨᠡᠩ ᠤᠯᠠᠨ ᠬᠦᠮᠦᠰ ᠰᠡᠶᠢᠨ ᠲᠤᠷ᠎ᠠ ᠶᠢᠨ ᠤᠶᠢᠯᠡᠴᠢᠯᠡᠭᠡᠨ ᠤ  ᠠᠵᠢᠯ ᠳᠤ ᠢᠳᠡᠪᠬᠢᠯᠡᠨ ᠤᠷᠤᠯᠴᠠᠵᠤ ᠨᠡᠶᠢᠭᠡᠮ ᠨᠡᠶᠢᠳᠡ ᠳᠤ ᠨᠢᠭᠡᠨ ᠬᠤᠪᠢ ᠬᠦᠴᠦ ᠪᠠᠨ ᠡᠷᠭᠦᠭᠦ ᠶᠢ ᠲᠠᠶᠢᠴᠢᠯᠠᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号