︽ᠦᠨᠡᠡ︾ ᠰᠡᠳᠭᠦᠯ ᠶᠡᠷᠦᠩᠭᠡᠢ ᠱᠦᠵᠢ ᠰᠢ ᠶᠢᠨ ᠫᠢᠩ ᠤᠨ ᠴᠢᠬᠤᠯᠠ ᠵᠤᠬᠢᠶᠠᠯ ᠢ ᠨᠡᠶᠢᠳᠡᠯᠡᠪᠡ
ᠨᠡᠶᠢᠲᠡᠯᠡᠭᠰᠡᠨ ᠴᠠᠭ᠄
2020/11/2
   11 ᠰᠠᠷ᠎ᠠ ᠶᠢᠨ 1 ᠤ ᠡᠲᠦᠷ ᠬᠡᠪᠯᠡᠭᠲᠡᠬᠦ 21 ᠳ᠋ᠤᠭᠡᠷ ᠬᠤᠭᠤᠴᠠᠭᠠᠠ ᠤ ︽ᠦᠨᠡᠡ︾ ᠰᠡᠳᠭᠦᠯ ᠳᠤ ᠨᠠᠮ ᠤᠨ ᠲᠦᠪ ᠬᠤᠷᠢᠶᠠᠠ ᠤ ᠶᠡᠷᠦᠩᠭᠡᠢ ᠱᠦᠵᠢ᠂ ᠤᠯᠤᠰ ᠤᠨ ᠲᠡᠷᠢᠭᠦᠯᠡᠭᠴᠢ᠂ ᠲᠦᠪ ᠤᠨ ᠴᠡᠷᠢᠭ ᠤᠨ ᠶᠠᠪᠤᠲᠠᠯ ᠤᠨ ᠬᠤᠷᠢᠶᠠᠠ ᠤ ᠲᠡᠷᠢᠭᠦᠯᠡᠭᠴᠢ ᠰᠢ ᠶᠢᠨ ᠫᠢᠩ ᠤᠨ ᠴᠢᠬᠤᠯᠠ ᠵᠤᠬᠢᠶᠠᠯ ︽ᠤᠯᠤᠰ ᠤᠨ ᠲᠤᠮᠲᠠ ᠤᠷᠲᠤ ᠬᠤᠭᠤᠴᠠᠭᠠᠠ ᠤ ᠠᠵᠦ ᠠᠬᠤᠢ ᠨᠡᠶᠢᠭᠡᠮ ᠤᠨ ᠬᠦᠭᠵᠢᠯᠲᠠ ᠶᠢᠨ ᠪᠠᠶᠢᠯᠲᠤᠬᠤ ᠪᠤᠲᠤᠯᠭ᠎ᠠ ᠶᠢᠨ ᠴᠢᠬᠤᠯᠠ ᠶᠡᠭᠡ ᠠᠰᠠᠭᠤᠲᠠᠯ ᠤᠳ︾ ᠢ ᠨᠡᠶᠢᠲᠡᠯᠡᠪᠠ᠃    ᠵᠤᠬᠢᠶᠠᠯ ᠳᠤ᠂ ᠤᠲᠤ ᠶᠢᠨ ᠲᠡᠯᠡᠭᠡᠢ ᠶᠢᠷᠲᠢᠨᠴᠤ ᠶᠠᠭ ᠵᠠᠭᠤᠨ ᠵᠢᠯ ᠳᠤ ᠲᠤᠬᠢᠶᠠᠯᠲᠤᠭ᠎ᠠ ᠦᠭᠡᠢ ᠶᠡᠭᠡ ᠬᠤᠪᠢᠷᠠᠯᠲᠠ ᠶᠢ ᠦᠩᠭᠡᠷᠡᠭᠡᠵᠦ ᠪᠤᠢ᠂ ᠡᠨᠡ ᠤᠲᠠᠭ᠎ᠠ ᠶᠢᠨ ᠬᠢᠵᠢᠭ ᠤᠨ ᠪᠠᠶᠢᠲᠠᠯ ᠨᠢ ᠨᠢᠭᠡ ᠤᠲᠠᠭ᠎ᠠ ᠶᠢᠨ ᠬᠢᠮᠤᠷᠠᠯ ᠪᠤᠯᠬᠤ ᠪᠠᠷ ᠪᠠᠷᠠᠬᠤ ᠦᠭᠡᠢ ᠮᠦᠨ ᠴᠤ ᠨᠢᠭᠡ ᠤᠲᠠᠭ᠎ᠠ ᠶᠢᠨ ᠶᠡᠭᠡ ᠰᠢᠯᠭᠠᠯᠲᠠ ᠮᠦᠨ᠃ ᠪᠢᠲᠠ ᠨᠢᠭᠡ ᠠᠴᠠ ᠨᠦᠬᠦᠭᠡ ᠶᠢ ᠵᠦᠢᠴᠢᠯᠡᠡ ᠮᠡᠲᠡᠵᠦ᠂ ᠨᠡᠩ ᠤᠷᠲᠤ ᠬᠤᠭᠤᠴᠠᠭᠠᠲᠦ ᠴᠢᠨᠠᠷ ᠲᠠᠢ ᠪᠤᠲᠤᠯᠬᠢᠯᠠᠯ ᠬᠢᠵᠦ᠂ ᠪᠠᠶᠢᠯᠲᠤᠬᠤ ᠪᠤᠲᠤᠯᠭ᠎ᠠ ᠶᠢᠨ ᠪᠠᠶᠢᠷᠢᠰᠢᠭᠤᠯᠤᠯᠳᠠ ᠪᠠᠨ ᠲᠡᠭᠦᠯᠲᠡᠷᠵᠢᠭᠦᠯᠦᠨ᠂ ᠬᠢᠮᠤᠷᠠᠯ ᠢ ᠠᠵᠠ ᠲᠤᠬᠢᠶᠠᠯ ᠪᠤᠯᠭᠠᠠ ᠬᠤᠪᠢᠷᠠᠭᠤᠯᠵᠦ᠂ ᠴᠢᠨᠠᠷ ᠰᠠᠶᠢᠲᠠᠢ ᠬᠦᠭᠵᠢᠯᠲᠠ ᠶᠢ ᠪᠡᠶᠡᠯᠡᠭᠦᠯᠬᠦ ᠭᠡᠷᠡᠭᠲᠡᠢ ᠭᠡᠵᠦ ᠴᠢᠬᠤᠯᠠᠴᠢᠯᠠᠪᠠ᠃    ᠵᠤᠬᠢᠶᠠᠯ ᠳᠤ᠂ ᠲᠤᠲᠤᠭᠠᠲᠤ ᠭᠡᠷᠡᠭᠴᠡᠭᠡ ᠪᠠᠨ ᠦᠷᠭᠡᠳᠭᠡᠬᠦ ᠪᠠᠶᠢᠯᠲᠤᠬᠤ ᠪᠤᠲᠤᠯᠭ᠎ᠠ ᠶᠢ ᠡᠷᠡᠰ ᠭᠡᠷᠡᠭᠵᠢᠭᠦᠯᠬᠦ ᠭᠡᠷᠡᠭᠲᠡᠢ᠃ ᠲᠤᠲᠤᠭᠠᠲᠤ ᠭᠡᠷᠡᠭᠴᠡᠭᠡ ᠪᠠᠨ ᠦᠷᠭᠡᠳᠭᠡᠬᠦ ᠡᠨᠡ ᠬᠦ ᠪᠠᠶᠢᠯᠲᠤᠬᠤ ᠪᠤᠲᠤᠯᠭ᠎ᠠ ᠶᠢᠨ ᠰᠠᠭᠤᠷᠢ ᠴᠡᠭ ᠢ ᠪᠠᠲᠤ ᠡᠵᠡᠮᠲᠡᠨ᠂ ᠦᠢᠯᠡᠳᠪᠦᠷᠢᠯᠡᠯ᠂ ᠬᠤᠪᠢᠶᠠᠷᠢᠯᠠᠯᠲᠠ᠂ ᠬᠦᠢᠯᠭᠡᠭᠡ᠂ ᠭᠡᠷᠡᠭᠯᠡᠭᠡ ᠶᠢᠨ ᠡᠯ᠎ᠠ ᠭᠤᠭᠴᠤᠭ᠎ᠠ ᠤᠯᠤᠰ ᠤᠨ ᠲᠤᠲᠤᠭᠠᠲᠤ ᠶᠢᠨ ᠵᠠᠬ᠎ᠠ ᠲᠡᠯᠭᠡᠭᠦᠷ ᠲᠤ ᠨᠡᠩ ᠢᠯᠡᠭᠦᠦ ᠲᠦᠰᠢᠭᠯᠡᠨ ᠰᠠᠶᠢᠨ ᠰᠠᠶᠢᠬᠠᠨ ᠤᠷᠴᠢᠯ ᠲᠠᠢ ᠪᠤᠯᠭᠠᠬᠤ ᠶᠢ ᠪᠡᠶᠡᠯᠡᠭᠦᠯᠵᠦ᠂ ᠤᠯᠤᠰ ᠤᠨ ᠲᠤᠲᠤᠭᠠᠲᠤ ᠶᠢᠨ ᠤᠷᠴᠢᠯ ᠨᠡᠩ ᠰᠢᠭᠤᠳ ᠰᠢᠯᠤᠭᠤᠠ ᠪᠤᠯᠬᠤ ᠲᠤᠳᠤᠮ ᠤᠯᠤᠰ ᠤᠨ ᠲᠤᠲᠤᠭᠠᠲᠤ ᠶᠢᠨ ᠶᠡᠭᠡ ᠤᠷᠴᠢᠯ ᠢᠶᠠᠷ ᠭᠤᠤᠯ ᠴᠤᠭᠴᠠ ᠪᠤᠯᠭᠠᠭᠰᠠᠨ᠂ ᠤᠯᠤᠰ ᠤᠨ ᠲᠤᠲᠤᠭᠠᠲᠤ ᠭᠠᠳᠠᠭᠠᠳᠦ ᠶᠢᠨ ᠬᠤᠤᠰ ᠤᠷᠴᠢᠯ ᠬᠠᠷᠢᠯᠴᠠᠠ ᠠᠬᠢᠭᠤᠯᠤᠭᠰᠠᠨ ᠰᠢᠨ᠎ᠠ ᠬᠦᠭᠵᠢᠯᠲᠠ ᠶᠢᠨ ᠪᠠᠶᠢᠷᠢᠰᠢᠯ ᠢ ᠪᠠᠶᠢᠭᠤᠯᠬᠤ ᠳᠤ ᠨᠡᠩ ᠠᠰᠢᠭᠳᠠᠢ ᠶᠤᠮ ᠭᠡᠵᠦ ᠵᠢᠭᠠᠵᠦ ᠭᠠᠷᠭᠠᠪᠠ᠃    ᠵᠤᠬᠢᠶᠠᠯ ᠳᠤ᠂ ᠠᠵᠦ ᠦᠢᠯᠡᠰ ᠤᠨ ᠬᠡᠯᠬᠢᠶ᠎ᠠ᠂ ᠬᠠᠩᠭᠠᠯᠭ᠎ᠠ ᠶᠢᠨ ᠬᠡᠯᠬᠢᠶ᠎ᠠ ᠶᠢ ᠰᠢᠯᠢᠲᠡᠭᠵᠢᠭᠦᠯᠦᠨ ᠲᠤᠭᠲᠠᠭᠤᠨ ᠪᠠᠶᠢᠯᠭᠠᠬᠤ ᠭᠡᠷᠡᠭᠲᠡᠢ᠃ ᠵᠠᠩᠭᠢᠯᠠᠭ᠎ᠠ ᠶᠢᠨ ᠦᠶ᠎ᠠ ᠳᠤ ᠠᠵᠦ ᠦᠢᠯᠡᠰ ᠤᠨ ᠬᠡᠯᠬᠢᠶ᠎ᠠ᠂ ᠬᠠᠩᠭᠠᠯᠭ᠎ᠠ ᠶᠢᠨ ᠬᠡᠯᠬᠢᠶ᠎ᠠ ᠶᠢ ᠲᠠᠰᠤᠷᠠᠭᠤᠯᠵᠤ ᠪᠤᠯᠬᠤ ᠦᠭᠡᠢ᠂ ᠡᠨᠡ ᠪᠤᠯ ᠲᠤᠮᠤ ᠤᠯᠤᠰ ᠤᠨ ᠠᠵᠦ ᠠᠬᠤᠢ ᠶᠢᠨ ᠡᠷᠭᠡᠪᠰᠢ ᠪᠦᠷᠢᠯᠲᠦᠭᠦᠯᠬᠦ ᠴᠢᠬᠤᠯᠠ ᠤᠨᠴᠠᠯᠢᠭ ᠪᠤᠯᠤᠨ᠎ᠠ᠃ ᠲᠠᠪᠠᠭᠤᠯᠢᠭ ᠢᠶᠠᠨ ᠪᠠᠳᠠᠷᠠᠭᠤᠯᠵᠤ᠂ ᠳᠤᠳᠠᠭᠤᠳᠠᠯ ᠢᠶᠠᠨ ᠨᠦᠬᠦᠪᠦᠷᠢᠯᠡᠨ᠂ ᠤᠯᠤᠰ ᠤᠨ ᠠᠮᠤᠷ ᠲᠦᠪᠰᠢᠨ ᠲᠠᠢ ᠬᠤᠯᠪᠤᠭᠲᠠᠬᠤ ᠬᠦᠷᠢᠶ᠎ᠠ ᠪᠤᠯᠤᠨ ᠵᠠᠩᠭᠢᠯᠠᠭ᠎ᠠ ᠶᠢᠨ ᠭᠤᠭᠴᠤᠭ᠎ᠠ ᠳᠤ ᠪᠡᠶ᠎ᠠ ᠪᠠᠨ ᠲᠠᠭᠠᠭᠠᠵᠦ ᠡᠵᠡᠮᠲᠡᠵᠦ ᠪᠤᠯᠬᠤ᠂ ᠠᠮᠤᠷ ᠲᠦᠪᠰᠢᠨ ᠨᠠᠶᠢᠲᠠᠪᠤᠷᠢᠲᠠᠢ ᠤᠯᠤᠰ ᠤᠨ ᠲᠤᠲᠤᠭᠠᠲᠤ ᠶᠢᠨ ᠦᠢᠯᠡᠳᠪᠦᠷᠢᠯᠡᠯ ᠬᠠᠩᠭᠠᠯᠭ᠎ᠠ ᠶᠢᠨ ᠰᠢᠰᠲ᠋ᠧᠮ ᠢ ᠪᠠᠶᠢᠭᠤᠯᠬᠤ ᠭᠡᠷᠡᠭᠲᠡᠢ ᠭᠡᠵᠦ ᠵᠢᠭᠠᠵᠦ ᠭᠠᠷᠭᠠᠵᠠᠢ᠃    ᠵᠤᠬᠢᠶᠠᠯ ᠳᠤ᠂ ᠬᠤᠲᠠᠴᠢᠯᠠᠯᠲᠠ ᠶᠢᠨ ᠪᠠᠶᠢᠯᠲᠤᠬᠤ ᠪᠤᠲᠤᠯᠭ᠎ᠠ ᠶᠢ ᠲᠡᠭᠦᠯᠲᠡᠷᠵᠢᠭᠦᠯᠵᠦ᠂ ᠠᠷᠠᠳ ᠤᠯᠠᠠ ᠤ ᠠᠮᠢ ᠨᠠᠰᠤᠨ ᠤ ᠠᠮᠤᠷ ᠲᠦᠪᠰᠢᠨ ᠪᠠ ᠪᠡᠶ᠎ᠠ ᠮᠠᠬᠠᠪᠤᠳ ᠤᠨ ᠡᠷᠡᠭᠦᠯ ᠮᠡᠨᠳᠦ ᠶᠢ ᠬᠤᠲᠠ ᠶᠢᠨ ᠬᠦᠭᠵᠢᠯᠲᠠ ᠶᠢᠨ ᠦᠨᠳᠦᠰᠦᠨ ᠬᠠᠷᠠᠯᠲᠠ ᠪᠤᠯᠭᠠᠵᠦ᠂ ᠬᠦᠮᠦᠨ ᠢᠶᠠᠷ ᠭᠤᠤᠯ ᠪᠤᠯᠭᠠᠭᠰᠠᠨ ᠬᠤᠲᠠᠴᠢᠯᠠᠯᠲᠠ ᠶᠢ ᠨᠡᠩ ᠰᠠᠶᠢᠳᠦᠷ ᠠᠬᠢᠭᠤᠯᠵᠦ᠂ ᠬᠤᠲᠠ ᠶᠢ ᠨᠡᠩ ᠡᠷᠡᠭᠦᠯ ᠰᠠᠷᠠᠭᠤᠯ᠂ ᠨᠡᠩ ᠠᠮᠤᠷ ᠲᠦᠪᠰᠢᠨ᠂ ᠤᠷᠤᠰᠢᠨ ᠰᠠᠭᠤᠬᠤ ᠳᠤ ᠨᠡᠩ ᠳᠤᠬᠢᠷᠠᠮᠵᠢᠳᠠᠢ ᠪᠤᠯᠭᠠᠬᠤ ᠭᠡᠷᠡᠭᠲᠡᠢ ᠭᠡᠵᠦ ᠵᠢᠭᠠᠵᠦ ᠭᠠᠷᠭᠠᠪᠠ᠃    ᠵᠤᠬᠢᠶᠠᠯ ᠳᠤ᠂ ᠰᠢᠨᠵᠢᠯᠡᠬᠦ ᠤᠬᠠᠭᠠᠠ ᠲᠧᠭᠨᠢᠭ ᠮᠡᠷᠭᠡᠵᠢᠯ ᠤᠨ ᠬᠦᠭᠵᠢᠯᠲᠠ ᠳᠤ ᠠᠰᠠᠭᠤᠲᠠᠯ ᠢᠶᠠᠷ ᠤᠲᠤᠷᠢᠲᠤᠮᠵᠢ ᠪᠤᠯᠭᠠᠬᠤ᠂ ᠬᠠᠷᠠᠯᠲᠠ ᠪᠠᠷ ᠤᠲᠤᠷᠢᠲᠤᠮᠵᠢ ᠪᠤᠯᠭᠠᠬᠤ ᠶᠢ ᠪᠠᠷᠢᠮᠲᠠᠯᠠᠵᠦ᠂ ᠰᠢᠨᠵᠢᠯᠡᠬᠦ ᠤᠠᠬᠭᠠᠠ ᠲᠧᠭᠨᠢᠭ ᠮᠡᠷᠭᠡᠵᠢᠯ ᠤᠨ ᠤᠷᠤᠭᠤᠯᠤᠯᠲᠠ ᠪᠤᠯᠤᠨ ᠭᠠᠷᠭᠠᠯᠳᠠ ᠶᠢᠨ ᠪᠦᠲᠦᠴᠡ ᠶᠢ ᠲᠤᠬᠢᠷᠠᠭᠤᠯᠤᠨ ᠰᠢᠯᠢᠲᠡᠭᠵᠢᠭᠦᠯᠵᠤ᠂ ᠰᠢᠨᠵᠢᠯᠡᠬᠦ ᠤᠠᠬᠭᠠᠠ ᠲᠧᠭᠨᠢᠭ ᠮᠡᠷᠭᠡᠵᠢᠯ ᠤᠨ ᠦᠷ᠎ᠠ ᠪᠦᠲᠦᠭᠡᠯ ᠢ ᠤᠨᠳᠤᠤᠰᠢᠭᠤᠯᠬᠤ ᠲᠤᠭᠲᠠᠴᠠ ᠶᠢᠨ ᠰᠢᠨ᠎ᠠ ᠶᠢ ᠡᠭᠦᠳᠬᠦ ᠬᠡᠷᠡᠭᠲᠡᠢ᠃ ᠬᠦᠮᠦᠨ ᠬᠢᠭᠡᠳ ᠪᠠᠶᠢᠭᠠᠯᠢ ᠶᠢᠨ ᠠᠮᠢ ᠨᠠᠰᠤᠨ ᠤ ᠬᠠᠮᠲᠤ ᠶᠢᠨ ᠴᠤᠭᠴᠠ ᠶᠢᠨ ᠵᠢᠮ᠎ᠠ ᠶᠤᠰᠤᠴᠢ ᠴᠢᠨᠠᠷ ᠤᠨ ᠲᠤᠬᠠᠢ ᠲᠠᠨᠢᠯᠲᠠ ᠪᠠᠨ ᠬᠦᠠᠵᠡᠭᠡᠶᠢᠷᠡᠭᠦᠯᠦᠨ᠂ ᠬᠦᠮᠦᠨ ᠬᠢᠭᠡᠳ ᠪᠠᠶᠢᠭᠠᠯᠢ ᠡᠶ᠎ᠡ ᠵᠤᠬᠢᠴᠠᠯᠲᠠᠢ ᠪᠠᠷ ᠬᠠᠮᠲᠤ ᠤᠷᠤᠰᠢᠬᠤ ᠦᠠᠲᠦᠷᠴᠡ ᠳᠤ ᠵᠤᠭᠰᠤᠨ ᠠᠵᠦ ᠠᠬᠤᠢ ᠨᠡᠶᠢᠭᠡᠮ ᠤᠨ ᠬᠦᠭᠵᠢᠯᠲᠠ ᠶᠢ ᠲᠦᠯᠦᠪᠵᠢᠭᠦᠯᠬᠦ ᠬᠡᠷᠡᠭᠲᠡᠢ᠃ ᠤᠯᠠᠠ ᠨᠡᠶᠢᠲᠡ ᠶᠢᠨ ᠡᠷᠡᠭᠦᠯ ᠬᠠᠮᠠᠭᠠᠯᠠᠯ ᠤᠨ ᠰᠢᠰᠲ᠋ᠧᠮ ᠤᠨ ᠪᠠᠶᠢᠭᠤᠯᠤᠯᠲᠠ ᠶᠢ ᠴᠢᠩᠭᠠᠳᠬᠠᠵᠦ᠂ ᠦᠵᠦ ᠲᠦᠯᠦᠪᠯᠡᠭᠡ ᠶᠢᠨ ᠲᠠᠯ᠎ᠠ ᠪᠠᠷ ᠤᠯᠠᠠ ᠨᠡᠶᠢᠲᠡ ᠶᠢᠨ ᠡᠷᠡᠭᠦᠯ ᠬᠠᠮᠠᠭᠠᠯᠠᠯ ᠤᠨ ᠰᠢᠰᠲ᠋ᠧᠮ ᠤᠨ ᠤᠯᠤᠰ ᠤᠨ ᠵᠠᠰᠠᠯᠲᠠ ᠶᠢᠨ ᠰᠢᠰᠲ᠋ᠧᠮ ᠳᠠᠬᠢ ᠪᠠᠶᠢᠷᠢ ᠰᠠᠭᠤᠷᠢ ᠶᠢ ᠲᠡᠭᠡᠭᠰᠢᠯᠡᠭᠦᠯᠬᠦ ᠭᠡᠷᠡᠭᠲᠡᠢ ᠭᠡᠵᠦ ᠵᠢᠭᠠᠵᠦ ᠭᠠᠷᠭᠠᠵᠠᠢ᠃    
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号