ᠦᠤᠰᠢᠨᠵᠦᠦ ᠪᠠᠯᠭᠠᠰᠤ ᠨᠢ ᠦᠦᠰᠢᠨ ᠬᠤᠰᠢᠭᠤᠨ ᠤ ᠬᠠᠮᠤᠭ ᠤᠨ ᠬᠤᠶᠢᠲᠤ ᠪᠡᠶ᠎ᠡ ᠳᠤ ᠪᠠᠶᠢᠷᠢᠯᠠᠵᠤ᠂ ᠬᠤᠶᠢᠲᠤ ᠲᠠᠯ᠎ᠠ ᠨᠢ ᠣᠳᠤᠭ ᠬᠤᠰᠢᠭᠤ ᠪᠠ | ᠬᠠᠩᠭᠢᠨ ᠬᠤᠰᠢᠭᠤ ᠲᠠᠢ ᠵᠠᠬ᠎ᠠ ᠨᠡᠶᠢᠯᠡᠵᠦ᠂ ᠵᠡᠭᠦᠨ ᠲᠠᠯ᠎ᠠ ᠨᠢ ᠡᠵᠡᠨ ᠬᠤᠷᠤᠭ᠎ᠠ ᠬᠤᠰᠢᠭᠤ ᠲᠠᠢ ᠬᠦᠷᠰᠢᠯᠡᠵᠦ ᠪᠠᠶᠢᠨ᠎ᠠ᠃ ᠪᠦᠬᠦ ᠪᠠᠯᠭᠠᠰᠤᠨ ᠤ ᠶᠡᠷᠦᠩᠬᠡᠶ | ᠲᠠᠯᠠᠪᠠᠢ ᠨᠢ 2000 ᠲᠡᠭᠰᠢ ᠳᠥᠷᠪᠡᠯᠵᠢᠨ ᠺᠢᠯᠣᠮᠧᠲᠷ᠂ ᠬᠠᠷᠢᠶᠠᠨ ᠳᠤ 2 ᠨᠡᠶᠢᠭᠡᠮ ᠲᠣᠭᠤᠷᠢᠭ᠂ 7 ᠭᠠᠴᠠᠭ᠎ᠠ ᠲᠣᠰᠬᠤᠨ᠂ 41 ᠮᠠᠯᠵᠢᠯ ᠤᠨ ᠬᠤᠷᠰᠢᠶ᠎ᠠ | ᠲᠠᠢ᠂ ᠶᠡᠷᠦᠩᠬᠡᠶ ᠬᠥᠮᠦᠨ ᠠᠮᠠ 15500 ︵ᠡᠭᠦᠨ ᠳᠤ ᠮᠠᠯᠵᠢᠬᠤ ᠲᠠᠷᠢᠶᠠᠯᠠᠬᠤ ᠤᠷᠤᠨ ᠤ ᠬᠥᠮᠦᠨ ᠠᠮᠠ 8844︶᠂ ᠡᠬᠦᠨ ᠳᠤ ᠮᠣᠩᠭᠤᠯ | ᠦᠨᠳᠦᠰᠦᠲᠡᠨ ᠤ ᠬᠦᠮᠦᠨ ᠠᠮᠠ ᠨᠢ 4343 ᠪᠠᠶᠢᠵᠦ᠂ ᠬᠢᠲᠠᠳ ᠦᠨᠳᠦᠰᠦᠲᠡᠨ ᠤ ᠬᠦᠮᠦᠨ ᠠᠮᠠ ᠨᠢ 11157᠂ ᠮᠣᠩᠭᠤᠯ ᠦᠨᠳᠦᠰᠦᠲᠡᠨ ᠢᠶᠠᠷ ᠭᠤᠣᠯ | ᠴᠣᠭᠴᠠ ᠪᠣᠯᠭᠠᠵᠤ ᠬᠢᠲᠠᠳ ᠦᠨᠳᠦᠰᠦᠲᠡᠨ ᠤ ᠬᠥᠮᠦᠨ ᠠᠮᠠ ᠣᠯᠠᠩᠬᠢ ᠲᠤᠭ᠎ᠠ ᠶᠢ ᠡᠵᠡᠯᠡᠵᠦ ᠪᠠᠶᠢᠭ᠎ᠠ ᠴᠥᠭᠡᠨ ᠲᠣᠭᠠᠲᠤ ᠦᠨᠳᠦᠰᠦᠲᠡᠨ ᠤ ᠲᠥᠪᠯᠡᠷᠡᠨ | ᠰᠠᠭᠤᠷᠢᠰᠢᠭᠰᠠᠨ ᠣᠷᠣᠨ ᠪᠣᠯᠤᠨ᠎ᠠ᠃ ᠥᠥᠰᠢᠨᠵᠦᠦ ᠰᠦᠮ᠎ᠡ ᠨᠢ ᠦᠦᠰᠢᠨᠵᠦᠦ ᠪᠠᠯᠭᠠᠰᠤᠨ ᠳᠤ ᠪᠠᠶᠢᠷᠢᠯᠠᠵᠦ ᠪᠠᠶᠢᠭ᠎ᠠ ᠤᠴᠢᠷ ᠠᠴᠠ ᠲᠤᠰ ᠨᠡᠷᠡᠶᠢᠳᠦᠯ ᠲᠠᠢ | ᠪᠤᠯᠵᠦ᠂ 1965 ᠣᠨ ᠤ 12 ᠰᠠᠷ᠎ᠠ ᠶᠢᠨ 2 ᠤᠨ ᠡᠳᠦᠷ ᠠᠷᠠᠳ ᠤᠨ ᠡᠳᠦᠷ ᠤᠨ ᠰᠣᠨᠢᠨ ᠭᠥᠸᠧ ᠰᠢᠶᠤᠤ ᠴᠤᠸᠠᠨ ᠤ ᠰᠤᠷᠪᠤᠯᠵᠢᠯᠠᠭᠰᠠᠨ ︽ᠮᠠᠯᠵᠢᠬᠤ | ᠳ᠋ᠠᠵᠠᠶ — ᠦᠦᠰᠢᠨᠵᠦᠦ︾ ᠶᠢ ᠨᠡᠶᠢᠲᠡᠯᠡᠪᠡ᠃ ᠡᠨᠡ ᠴᠢᠮᠡᠬᠡᠯᠡᠯ ᠨᠢ ᠦᠦᠰᠢᠨᠵᠦᠦ ᠶᠢᠨ ᠠᠯᠳᠠᠷ ᠨᠡᠷ᠎ᠡ ᠶᠢ ᠳᠡᠯᠡᠬᠡᠶ ᠳ᠋ᠠᠬᠢᠨ ᠳᠤ ᠲᠠᠭᠤᠷᠢᠰᠬᠠᠵᠦ | ᠪᠣᠷᠤᠯᠳᠠᠢ ᠪᠠᠷ ᠲᠥᠯᠥᠭᠡᠯᠡᠬᠦᠯᠦᠭᠰᠡᠨ ᠪᠣᠳᠠᠲᠠᠢ ᠠᠵᠢᠯᠯᠠᠭ᠎ᠠ ᠪᠠᠷ ᠡᠬᠡ ᠪᠠᠶᠢᠭᠠᠯᠢ ᠣᠷᠴᠢᠨ ᠲᠤᠭᠤᠷᠢᠨ ᠢᠶᠠᠨ ᠰᠠᠶᠢᠵᠢᠷᠠᠭᠤᠯᠤᠭᠰᠠᠨ ︽ᠮᠠᠯᠵᠢᠬᠤ ᠳ᠋ᠠᠵᠠᠢ︾ ᠶᠢᠨ | ᠵᠣᠷᠢᠭ ᠰᠠᠨᠠᠭ᠎ᠠ ᠶᠢ ᠪᠤᠢ ᠪᠣᠯᠭᠠᠵᠠᠢ᠃ | ᠦᠤᠰᠢᠨᠵᠦᠦ ᠪᠠᠯᠭᠠᠰᠤᠨ ᠤ ᠪᠦᠬᠦᠯᠢ ᠴᠣᠭᠴᠠ ᠶᠢᠨ ᠭᠠᠵᠠᠷ ᠤᠨ ᠪᠠᠶᠢᠴᠠ ᠨᠢ ᠪᠠᠷᠠᠭᠤᠨ ᠢᠶᠠᠨ ᠥᠨᠳᠥᠷ ᠵᠡᠭᠦᠨ ᠢᠶᠠᠨ ᠳᠣᠣᠷ᠎ᠠ᠂ ᠪᠠᠯᠭᠠᠰᠤᠨ ᠤ | ᠲᠥᠪ ᠨᠢ ᠬᠤᠲᠣᠭᠤᠷ ᠭᠠᠵᠠᠷ ᠪᠠᠶᠢᠷᠢᠯᠠᠵᠦ ᠪᠤᠢ᠃ ᠣᠳᠣ ᠪᠠᠶᠢᠭ᠎ᠠ ᠨᠤᠲᠤᠭ ᠪᠡᠯᠴᠢᠭᠡᠷ ᠤᠨ ᠪᠦᠬᠦ ᠲᠠᠯᠠᠪᠠᠢ ᠨᠢ 225 ᠲᠦᠮᠡᠨ ᠮᠦ᠂ ᠡᠭᠦᠨ ᠳᠤ ᠠᠰᠢᠭᠯᠠᠵᠤ | ᠪᠣᠯᠬᠤ ᠪᠡᠯᠴᠢᠭᠡᠷ ᠤᠨ ᠲᠠᠯᠠᠪᠠᠶ 145 ᠲᠦᠮᠡᠨ ᠮᠦ᠂ ᠡᠯᠡᠰᠦᠷᠬᠡᠭᠵᠢᠵᠦ ᠮᠠᠭᠤᠵᠢᠷᠠᠭᠰᠠᠨ ᠪᠡᠯᠴᠢᠭᠡᠷ ᠤᠨ ᠲᠠᠯᠠᠪᠠᠶ 80 ᠲᠦᠮᠡᠨ ᠮᠦ᠂ ᠠᠰᠢᠭᠯᠠᠵᠤ ᠪᠣᠯᠬᠤ | ᠪᠡᠯᠴᠢᠭᠡᠷ ᠤᠨ ᠲᠠᠯᠠᠪᠠᠢ ᠶᠢᠨ 55% ᠶᠢ ᠡᠵᠡᠯᠡᠨ᠎ᠡ᠃ ᠣᠳᠣ ᠪᠠᠶᠢᠭ᠎ᠠ ᠲᠠᠷᠢᠶᠠᠨ ᠭᠠᠵᠠᠷ ᠤᠨ ᠲᠠᠯᠠᠪᠠᠢ 5.73 ᠲᠦᠮᠡᠨ ᠮᠦ᠂ ᠣᠶᠢᠲᠤ ᠭᠠᠵᠠᠷ ᠤᠨ ᠲᠠᠯᠠᠪᠠᠶ | 143 ᠲᠦᠮᠡᠨ ᠮᠥ ︵ᠡᠭᠦᠨ ᠳᠤ ᠣᠶᠢᠲᠤ ᠭᠠᠵᠠᠷ 94 ᠲᠦᠮᠡᠨ ᠮᠥ᠂ ᠣᠶᠢᠵᠢᠭᠤᠯᠬᠤ ᠳᠤ ᠲᠣᠬᠢᠷᠠᠮᠵᠢᠲᠠᠶ ᠭᠠᠵᠠᠷ 49 ᠲᠦᠮᠡᠨ ᠮᠥ︶᠂ ᠪᠥᠬᠦ | ᠪᠠᠯᠭᠠᠰᠤᠨ ᠤ ᠠᠮᠢ ᠠᠬᠤᠶ ᠶᠢᠨ ᠵᠠᠰᠠᠯᠲᠠ ᠶᠢᠨ ᠶᠡᠷᠦᠩᠬᠡᠶ ᠬᠡᠪᠴᠢᠶ᠎ᠡ ᠨᠢᠭᠡᠨᠲᠡ 181 ᠲᠦᠮᠡᠨ ᠮᠥ ᠬᠦᠷᠴᠦ᠂ ᠤᠷᠭᠤᠮᠠᠯ ᠤᠨ ᠪᠦᠷᠬᠦᠴᠡ 74% ᠳᠤ | ᠬᠦᠷᠴᠦ᠂ ᠤᠢ ᠰᠢᠭᠤᠶ ᠶᠢᠨ ᠪᠦᠷᠬᠦᠴᠡ 33.29% ᠳᠤ ᠬᠦᠷᠴᠡᠶ᠃ ᠨᠠᠭᠤᠷ ᠴᠥᠭᠦᠷᠥᠮ᠂ ᠬᠠᠯᠠᠭᠤᠨ ᠷᠠᠰᠢᠶᠠᠨ᠂ ᠤᠨᠳᠤᠷᠤᠮᠠᠯ ᠬᠤᠳᠳᠤᠭ ᠵᠡᠷᠭᠡ ᠭᠠᠵᠠᠷ | ᠳᠡᠭᠡᠷᠡᠬᠢ ᠤᠰᠤ ᠪᠣᠯᠤᠨ ᠭᠠᠵᠠᠷ ᠳᠣᠣᠷᠠᠬᠢ ᠤᠰᠤᠨ ᠤ ᠡᠬᠢ ᠪᠠᠶᠠᠯᠢᠭ ᠡᠯᠪᠡᠭ ᠳᠡᠯᠪᠡᠭ ᠪᠠᠶᠢᠵᠦ᠂ ᠪᠠᠯᠭᠠᠰᠤᠨ ᠳᠠᠬᠢ ᠴᠢᠨᠠᠷ ᠰᠠᠶᠢᠲᠠᠶ ᠪᠠᠶᠢᠭᠠᠯᠢ ᠶᠢᠨ | ᠷᠠᠰᠢᠶᠠᠨ ᠤᠰᠤ ᠨᠢ ᠤᠯᠤᠰ ᠤᠨ ᠨᠤᠲᠤᠭ ᠲᠡᠪᠢᠰᠭᠡᠷ ᠡᠬᠢ ᠪᠠᠶᠠᠯᠢᠭ ᠤᠨ ᠶᠠᠮᠤᠨ ᠪᠣᠯᠤᠨ ᠥᠪᠡᠷᠲᠡᠭᠡᠨ ᠵᠠᠰᠠᠬᠤ ᠣᠷᠣᠨ ᠤ ᠤᠯᠤᠰ ᠤᠨ ᠭᠠᠵᠠᠷ ᠰᠢᠷᠣᠶ ᠡᠬᠢ | ᠪᠠᠶᠠᠯᠢᠭ ᠤᠨ ᠲᠢᠩᠬᠢᠮ ᠠᠴᠠ ᠪᠣᠬᠢᠷᠲᠤᠯ ᠥᠬᠡᠶ᠂ ᠳᠣᠤᠷ᠎ᠠ ᠡᠷᠦᠳᠡᠰᠦᠵᠢᠭᠰᠡᠨ᠂ ᠦᠨᠳᠦᠷ ᠨᠡᠭᠦᠷᠡᠰᠦᠬᠦᠴᠢᠯ — ᠨᠠᠲᠷᠢ ᠶᠢᠨ ᠮᠦᠩᠬᠦᠨ ᠴᠠᠭᠠᠨ | ᠠᠭᠤᠯᠤᠭᠰᠠᠨ ᠪᠠᠶᠢᠭᠠᠯᠢ ᠶᠢᠨ ᠤᠤᠭᠤᠵᠦ ᠪᠤᠯᠬᠤ ᠴᠢᠨᠠᠷ ᠰᠠᠶᠢᠲᠠᠶ ᠷᠠᠰᠢᠶᠠᠨ ᠤᠰᠤ ᠭᠡᠵᠦ ᠲᠣᠭᠲᠠᠭᠠᠪᠠ᠃ ᠪᠠᠰᠠ ᠤᠯᠠᠭᠠᠨ ᠰᠣᠩᠭᠢᠨ᠎ᠠ᠂ ᠲᠥᠮᠥᠰᠥ᠂ | ᠦᠤᠰᠢᠨ ᠮᠣᠷᠢ᠂ ᠲᠠᠯ᠎ᠠ ᠨᠤᠲᠤᠭ ᠤᠨ ᠤᠯᠠᠭᠠᠨ ᠦᠬᠡᠷ᠂ ᠣᠷᠳᠣᠰ ᠨᠠᠷᠢᠨ ᠨᠣᠣᠰᠣᠲᠤ ᠬᠤᠨᠢ ᠵᠡᠷᠭᠡ ᠪᠣᠬᠢᠷᠲᠤᠯ ᠥᠬᠡᠶ ᠴᠢᠨᠠᠷ ᠰᠠᠶᠢᠲᠠᠶ ᠲᠠᠷᠢᠶᠠᠯᠠᠩ ᠤᠨ | ᠪᠦᠲᠦᠭᠡᠭᠳᠡᠬᠦᠨ ᠮᠠᠯ ᠤᠨ ᠠᠰᠢᠭ ᠰᠢᠮ᠎ᠡ ᠶᠢᠨ ᠦᠢᠯᠡᠳᠬᠦᠨ ᠲᠠᠢ ᠪᠠᠶᠢᠵᠦ ᠪᠦᠬᠦ ᠪᠠᠯᠭᠠᠰᠤᠨ ᠳᠠᠬᠢ ᠨᠡᠭᠦᠷᠡᠰᠦ᠂ ᠪᠠᠶᠢᠭᠠᠯᠢ ᠶᠢᠨ ᠰᠢᠲᠠᠮᠠᠬᠠᠶ ᠬᠡᠢ ᠶᠢᠨ ᠡᠬᠢ | ᠪᠠᠶᠠᠯᠢᠭ ᠡᠯᠪᠡᠭ ᠳᠡᠯᠪᠡᠭ ᠪᠠᠶᠢᠭ᠎ᠠ ᠶᠤᠮ᠃ | ᠦᠤᠰᠢᠨᠵᠦᠦ ᠪᠠᠯᠭᠠᠰᠤ ᠪᠣᠬᠢᠷᠲᠤᠯ ᠦᠭᠡᠢ ᠬᠥᠭᠵᠢᠯᠲᠡ ᠶᠢᠨ ᠣᠶᠢᠯᠠᠭᠠᠭᠳᠠᠬᠤᠨ ᠢ ᠪᠠᠷᠢᠮᠲᠠᠯᠠᠨ ᠨᠢᠭᠡ ᠪᠦᠯᠦᠭ ᠣᠳᠣ ᠦᠶ᠎ᠡ ᠶᠢᠨ ᠭᠡᠷ ᠪᠦᠯᠢ ᠶᠢᠨ | ᠮᠠᠯᠵᠢᠯ ᠤᠨ ᠲᠠᠯᠠᠪᠠᠶ ᠶᠢᠨ ᠵᠢᠱᠢᠶᠡᠴᠢ ᠡᠷᠦᠬᠡ ᠶᠢ ᠲᠡᠳᠬᠦᠨ ᠭᠠᠷᠭᠠᠵᠤ ᠱᠤᠷᠠᠭᠯᠢᠭ ᠵᠠᠮᠠᠭ᠂ ᠤᠯᠠᠭᠠᠨ ᠰᠣᠩᠭᠢᠨ᠎ᠠ᠂ ᠬᠤᠨᠴᠢᠷ᠂ ᠭᠠᠭ᠋ᠠᠶ᠂ ᠡᠯᠵᠢᠭᠡ᠂ ᠲᠠᠬᠢᠶ᠎ᠠ | ᠵᠡᠷᠭᠡ ᠪᠣᠬᠢᠷᠲᠤᠯ ᠦᠭᠡᠶ ᠨᠡᠷᠡᠲᠦ ᠲᠡᠮᠳᠡᠭ ᠢ ᠪᠠᠶᠢᠭᠤᠯᠵᠦ ︽ᠡᠮᠤᠨ᠎ᠡ ᠪᠡᠶ᠎ᠡ ᠶᠢᠨ ᠭᠠᠵᠠᠷ ᠤᠷᠤᠨ ᠳᠤᠨᠢ ᠮᠠᠯ ᠠᠵᠦ ᠠᠬᠤᠢ ᠬᠦᠭᠵᠢᠵᠦ ᠬᠤᠶᠢᠳᠤ ᠪᠡᠶ᠎ᠡ ᠶᠢᠨ | ᠭᠠᠵᠠᠷ ᠤᠷᠤᠨ ᠳᠤᠨᠢ ᠲᠠᠷᠢᠶᠠᠯᠠᠩ ᠠᠵᠦ ᠠᠬᠤᠢ ᠦᠷᠨᠢᠵᠦ᠂ ᠪᠦᠬᠦ ᠣᠷᠣᠨ ᠪᠦᠰᠡ ᠪᠠᠷ ᠬᠤᠯᠪᠣᠭᠠᠯᠠᠨ ᠬᠥᠳᠡᠯᠦᠯᠴᠡᠵᠦ᠂ ᠳᠠᠷᠢᠵᠤ ᠲᠡᠵᠢᠭᠡᠬᠦ ᠪᠣᠷᠣᠯᠠᠭᠤᠯᠬᠤ | ᠵᠢᠭᠤᠯᠴᠢᠯᠠᠬᠤ ᠶᠢ ᠨᠢᠭᠡᠳᠦᠯᠲᠡᠶ ᠲᠥᠯᠥᠪᠯᠡᠨ ᠤᠶᠠᠯᠳᠤᠭᠤᠯᠵᠤ᠂ ᠨᠢᠭᠡ ᠬᠤᠶᠠᠷ ᠭᠤᠷᠪᠠᠳᠤᠭᠠᠷ ᠠᠵᠤ ᠦᠢᠯᠡᠰ ᠢ ᠭᠦᠨᠵᠡᠭᠡᠶ ᠠᠭᠤᠰᠤᠯᠴᠠᠭᠤᠯᠬᠤ︾ ᠠᠵᠤ | ᠦᠢᠯᠡᠰ ᠤᠨ ᠬᠥᠭᠵᠢᠯᠲᠡ ᠶᠢᠨ ᠪᠠᠶᠢᠷᠢᠰᠢᠯ ᠪᠦᠷᠢᠯᠳᠦᠪᠡ᠃ | ᠦᠤᠰᠢᠨᠵᠦᠦ ᠪᠠᠯᠭᠠᠰᠤ ᠪᠣᠯ ᠣᠷᠳᠣᠰ ᠬᠤᠲᠠ ᠶᠢᠨ ᠠᠵᠤ ᠦᠢᠯᠡᠳᠪᠤᠷᠢ ᠶᠢᠨ ᠪᠣᠯᠪᠠᠰᠤᠨ ᠤ ᠡᠭᠦᠰᠦᠭᠰᠡᠨ ᠭᠠᠵᠠᠷ ᠤᠨ ᠨᠢᠭᠡ ᠪᠣᠯᠤᠨ᠎ᠠ᠃ ᠰᠤᠪᠤᠷᠭ᠎ᠠ | ᠠᠵᠤ ᠠᠬᠤᠶ ᠶᠢᠨ ᠨᠡᠭᠡᠭᠡᠯᠲᠡ ᠶᠢᠨ ᠲᠣᠭᠤᠷᠢᠭ ᠤᠨ ᠦᠤᠰᠢᠨᠵᠦᠦ ᠶᠢᠨ ᠲᠥᠷᠥᠯ ᠵᠦᠢᠯ ᠤᠨ ᠲᠣᠭᠤᠷᠢᠭ ᠨᠢ ᠪᠠᠶᠢᠭᠠᠯᠢ ᠶᠢᠨ ᠰᠢᠲᠠᠮᠠᠬᠠᠶ ᠬᠡᠢ ᠬᠢᠮᠢ ᠶᠢᠨ ᠠᠵᠤ | ᠦᠢᠯᠡᠳᠪᠤᠷᠢ ᠪᠠᠷ ᠲᠣᠯᠣᠭᠠᠶᠢᠯᠠᠭᠤᠯᠵᠤ ᠨᠡᠭᠦᠷᠡᠰᠦᠨ ᠤ ᠬᠢᠮᠢ ᠶᠢᠨ ᠦᠢᠯᠡᠳᠪᠦᠷᠢ᠂ ᠬᠤᠵᠢᠷ ᠤᠨ ᠬᠢᠮᠢ ᠶᠢᠨ ᠦᠢᠯᠡᠳᠪᠦᠷᠢ ᠪᠠᠷ ᠬᠠᠷᠢᠯᠴᠠᠨ ᠨᠦᠬᠦᠪᠦᠷᠢᠯᠡᠨ | ᠠᠮᠢᠳᠤ ᠪᠣᠳᠠᠰ ᠢᠶᠠᠷ ᠴᠠᠬᠢᠯᠭᠠᠨ ᠭᠠᠷᠭᠠᠬᠤ ᠪᠠᠷ ᠰᠠᠭᠤᠷᠢ ᠪᠣᠯᠭᠠᠵᠤ ᠪᠣᠬᠢᠷᠲᠤᠯ ᠦᠭᠡᠶ ᠣᠷᠴᠢᠯᠲᠤ ᠬᠡᠯᠪᠡᠷᠢ ᠶᠢᠨ ᠠᠮᠢ ᠠᠬᠤᠶ ᠶᠢᠨ ᠠᠵᠤ ᠦᠢᠯᠡᠳᠪᠤᠷᠢ ᠶᠢᠨ | ᠠᠵᠤ ᠦᠢᠯᠡᠰ ᠢ ᠪᠦᠷᠢᠯᠳᠦᠭᠦᠯᠵᠡᠶ᠃ ᠤᠷᠢᠳ ᠬᠤᠵᠢᠳ ︽ᠳᠤᠮᠳᠠᠳᠤ ᠶᠢᠨ ᠣᠷᠴᠢᠨ ᠲᠣᠭᠤᠷᠢᠨ ᠨᠢ ᠨᠥᠬᠦᠷᠰᠡᠭ ᠬᠡᠯᠪᠡᠷᠢ ᠶᠢᠨ ᠬᠦᠷᠢᠶᠡᠯᠡᠩ ᠲᠣᠭᠤᠷᠢᠭ︾᠂ | ︽ᠦᠪᠡᠷᠳᠡᠭᠡᠨ ᠵᠠᠰᠠᠬᠤ ᠣᠷᠣᠨ ᠤ ᠳᠣᠤᠷ᠎ᠠ ᠨᠡᠭᠦᠷᠡᠰᠦᠲᠥ᠋ᠷᠥᠭᠴᠢᠲᠦ ᠣᠷᠴᠢᠯ ᠠᠵᠤ ᠠᠬᠤᠶ ᠶᠢᠨ ᠵᠢᠱᠢᠶᠡᠴᠢ ᠬᠦᠷᠢᠶᠡᠯᠡᠩ ᠲᠣᠭᠤᠷᠢᠭ︾ ᠤᠨ ᠨᠡᠷᠡᠶᠢᠳᠦᠯ ᠢ | ᠭᠥᠷᠳᠡᠪᠡ᠃ | ᠦᠤᠰᠢᠨᠵᠦᠦ ᠰᠦᠮ᠎ᠡ ᠶᠢᠨ AAAA ᠲᠠᠰ ᠤᠨ ᠵᠢᠭᠤᠯᠴᠢᠯᠠᠯ ᠤᠨ ᠦᠵᠡᠮᠵᠢ ᠶᠢᠨ ᠣᠷᠣᠨ ᠢ ᠪᠠᠶᠢᠭᠤᠯᠬᠤ ᠶᠢᠨ ᠬᠠᠮᠲᠤ ᠥᠪᠡᠷᠮᠢᠴᠡ ᠪᠠᠶᠢᠭᠠᠯᠢ ᠶᠢᠨ | ᠡᠬᠢ ᠪᠠᠶᠠᠯᠢᠭ ᠪᠠ ᠬᠥᠮᠦᠨ ᠨᠡᠶᠢᠭᠡᠮ ᠤᠨ ᠡᠬᠢ ᠪᠠᠶᠠᠯᠢᠭ ᠲᠤ ᠲᠦᠰᠢᠭᠯᠡᠨ ᠦᠤᠰᠢᠨᠵᠦᠦ ᠪᠠᠯᠭᠠᠰᠤ ᠰᠣᠶᠣᠯ ᠵᠢᠭᠤᠯᠴᠢᠯᠠᠯ ᠤᠨ ᠠᠵᠤ ᠦᠢᠯᠡᠰ ᠤᠨ | ᠬᠥᠭᠵᠢᠯᠲᠡ ᠶᠢ ᠴᠢᠷᠮᠠᠶᠢᠨ ᠠᠬᠢᠭᠤᠯᠪᠠ᠃ ᠣᠳᠣᠬᠠᠨ ᠳᠤ ᠪᠠᠭᠠᠨᠠᠭᠤᠷ ᠤᠨ ᠲᠠᠯ᠎ᠠ ᠨᠤᠲᠤᠭ — ᠪᠥᠸᠧ ᠶᠤᠸᠠᠨ ᠠᠮᠢ ᠠᠬᠤᠢ ᠶᠢᠨ ᠴᠡᠴᠡᠷᠯᠢᠭ — | ᠪᠦᠷᠢᠳᠦ ᠡᠯᠡᠰᠦᠨ ᠴᠦᠯ ᠨᠠᠭᠤᠷ ᠴᠦᠬᠦᠷᠦᠮ — ᠦᠦᠰᠢᠨᠵᠦᠦ ᠰᠦᠮ᠎ᠡ — ︽ᠮᠠᠯᠵᠢᠬᠤ ᠳ᠋ᠠᠵᠠᠢ︾ ᠶᠢᠨ ᠨᠠᠮ ᠤᠨ ᠭᠡᠰᠢᠭᠦᠨ ᠺᠠᠳ᠋ᠷ ᠤᠨ ᠪᠤᠯᠪᠠᠰᠤᠷᠠᠯ | ᠬᠥᠮᠦᠵᠢᠯ ᠤᠨ ᠰᠠᠭᠤᠷᠢᠨ ᠭᠠᠵᠠᠷ ᠤᠨ ᠵᠢᠭᠤᠯᠴᠢᠯᠠᠯ ᠤᠨ ᠲᠣᠭᠤᠷᠢᠭ ᠨᠢᠭᠡᠨᠲᠡ ᠠᠩᠬ᠎ᠠ ᠠᠯᠬᠤᠮ ᠬᠡᠯᠪᠡᠷᠢᠰᠢᠵᠦ ᠳᠠᠪᠠᠭᠠᠨᠠᠭᠤᠷ ᠤᠨ ᠬᠠᠨ ᠤᠯᠤᠰ ᠤᠨ | ᠦᠶ᠎ᠡ ᠶᠢᠨ ᠡᠷᠲᠡᠨ ᠤ ᠬᠤᠲᠠ ᠶᠢᠨ ᠪᠠᠭᠤᠷᠢ᠂ ᠴᠢᠩ ᠤᠯᠤᠰ ᠤᠨ ᠳᠤᠮᠳᠠᠴᠢ ᠦᠶ᠎ᠡᠶᠢᠨ ᠪᠤᠳ᠋ᠳ᠋ᠾᠠ ᠶᠢᠨ ᠱᠠᠰᠢᠨ ᠤ ᠴᠢᠯᠠᠭᠤᠨ ᠠᠭᠤᠢ᠂ ᠴᠢᠩ ᠤᠯᠤᠰ ᠤᠨ | ᠦᠶ᠎ᠡ ᠶᠢᠨ ᠠᠷᠠᠳ ᠤᠨ ᠣᠷᠣᠨ ᠰᠠᠭᠤᠴᠠ ᠶᠢᠨ ᠪᠦᠯᠦᠭᠯᠡᠯ ᠤᠨ ᠪᠠᠭᠤᠷᠢ᠂ ᠴᠢᠩ ᠤᠯᠤᠰ ᠤᠨ ᠦᠶ᠎ᠡ ᠶᠢᠨ ︽ᠦᠦᠰᠢᠨ ᠸᠠᠩ ᠤᠨ ᠣᠷᠳᠣᠨ︾᠂ | ᠤᠷᠳᠤᠰ ᠤᠨ ︽ᠲᠤᠯᠤᠭᠠᠨ ᠬᠤᠰᠢᠭᠤᠨ ᠤ ᠰᠠᠪᠠ ᠶᠢᠨ ᠭᠠᠵᠠᠷ︾᠂ ᠡᠯᠡᠰᠦᠨ ᠴᠦᠯ ᠤᠨ ᠠᠭᠠᠷ ᠢ ᠰᠡᠷᠭᠡᠶᠢᠯᠡᠬᠦ ᠠᠭᠤᠶ ᠵᠡᠷᠭᠡ ᠨᠢᠭᠡ ᠪᠦᠯᠦᠭ ᠲᠡᠦᠬᠡ ᠶᠢᠨ | ᠰᠣᠶᠣᠯ ᠤᠨ ᠥᠪ ᠢ ᠶᠠᠭ ᠨᠡᠭᠡᠭᠡᠨ ᠠᠭᠤᠳᠠᠯᠵᠦ ᠪᠠᠶᠢᠨ᠎ᠠ᠃ ᠶᠢᠰᠦᠨ ᠶᠡᠭᠡ ᠨᠠᠭᠤᠷ ᠴᠥᠭᠦᠷᠥᠮ᠂ ᠬᠠᠯᠠᠭᠤᠨ ᠷᠠᠰᠢᠶᠠᠨ᠂ ᠤᠨᠳᠤᠷᠤᠮᠠᠯ ᠬᠤᠳᠳᠤᠭ ᠵᠡᠷᠭᠡ | ᠪᠠᠶᠢᠭᠠᠯᠢ ᠶᠢᠨ ᠡᠬᠢ ᠪᠠᠶᠠᠯᠢᠭ ᠢ ᠨᠡᠭᠡᠭᠡᠨ ᠠᠰᠢᠭᠯᠠᠬᠤ ᠠᠵᠢᠯ ᠶᠠᠭ ᠵᠢᠷᠤᠭ ᠲᠥᠯᠥᠪᠯᠡᠭᠡ ᠬᠢᠵᠦ ᠪᠠᠶᠢᠨ᠎ᠠ᠃ ᠪᠠᠶᠢᠭᠠᠯᠢ ᠶᠢᠨ ᠣᠷᠴᠢᠨ ᠲᠣᠭᠤᠷᠢᠨ᠂ ᠱᠠᠰᠢᠨ | ᠰᠤᠷᠲᠠᠬᠤᠨ ᠤ ᠲᠠᠬᠢᠯᠭ᠎ᠠ᠂ ᠠᠮᠢ ᠠᠬᠤᠢ ᠶᠢᠨ ᠠᠵᠤ ᠦᠢᠯᠡᠳᠪᠤᠷᠢ᠂ ᠠᠮᠲᠠᠲᠤ ᠢᠳᠡᠭᠡᠨ ᠤ ᠣᠶᠢᠯᠡᠳᠬᠡᠯ᠂ ᠠᠷᠠᠳ ᠤᠨ ᠳᠤᠮᠳᠠᠬᠢ ᠤᠷᠠᠨ ᠲᠣᠭᠯᠠᠯᠲᠠ᠂ | ᠤᠷ᠎ᠠ ᠮᠡᠷᠭᠡᠵᠢᠯ ᠤᠨ ᠤᠷᠤᠯᠳᠤᠭᠠᠨ᠂ ᠪᠡᠶ᠎ᠡ ᠰᠤᠪᠢᠯᠠᠯᠲᠠ ᠰᠡᠯᠡᠭᠦᠴᠡᠯ ᠢ ᠨᠢᠭᠡ ᠴᠣᠭᠴᠠᠵᠢᠭᠤᠯᠤᠭᠰᠠᠨ ᠪᠣᠬᠢᠷᠲᠤᠯ ᠦᠭᠡᠢ ᠵᠢᠭᠤᠯᠴᠢᠯᠠᠯ ᠤᠨ ᠭᠠᠵᠠᠷ ᠢ | ᠪᠦᠷᠢᠯᠳᠦᠭᠦᠯᠦᠨ᠎ᠡ᠃ ᠤᠷᠢᠳ ᠬᠤᠵᠢᠳ ︽ᠪᠥᠬᠦ ᠤᠯᠤᠰ ᠤᠨ ᠨᠡᠭᠦᠷᠡᠰᠦᠲᠥ᠋ᠷᠥᠭᠴᠢ ᠪᠠᠭ᠎ᠠ ᠭᠠᠳᠠᠭᠰᠢᠯᠠᠭᠤᠯᠬᠤ ᠵᠢᠭᠤᠯᠴᠢᠯᠠᠯ ᠤᠨ ᠵᠢᠱᠢᠶᠡᠴᠢ ᠭᠠᠵᠠᠷ︾᠂ ︽ | ᠪᠥᠬᠦ ᠤᠯᠤᠰ ᠤᠨ ᠪᠣᠬᠢᠷᠲᠤᠯ ᠥᠬᠡᠶ ᠨᠠᠷᠠᠲᠤ ᠪᠠᠯᠭᠠᠰᠤ︾᠂ ︽ᠬᠤᠲᠠ ᠶᠢᠨ ᠲᠠᠰ ᠤᠨ ᠴᠡᠴᠡᠷᠯᠢᠭᠵᠢᠬᠦᠯᠦᠯᠲᠡ ᠨᠣᠭᠤᠭᠠᠷᠠᠭᠤᠯᠤᠯᠲᠠ ᠶᠢᠨ ᠵᠢᠱᠢᠶᠡᠴᠢ ᠬᠤᠲᠠ | ᠪᠠᠯᠭᠠᠰᠤ︾ ᠵᠡᠷᠭᠡ ᠢᠷᠠᠭᠤ ᠠᠯᠳᠠᠷ ᠤᠨ ᠴᠣᠯᠠ ᠭᠥᠷᠳᠡᠪᠡ᠃ |