ᠪᠠᠶᠠᠨᠰᠢᠯᠢ ᠭᠠᠴᠠᠭᠠᠨ ᠤ ︽3+1︾ ᠬᠠᠷᠢᠯᠴᠠᠨ ᠬᠠᠪᠰᠤᠷᠤᠯᠴᠠᠬᠤ ᠪᠠᠶᠢᠭᠤᠯᠭ᠎ᠠ ᠶᠢᠨ ᠬᠢᠨ ᠡᠯᠡᠰᠦ ᠶᠢ ᠲᠤᠬᠳᠠᠪᠤᠷᠢᠵᠢᠭᠤᠯᠬᠤ ᠠᠵᠢᠯᠯᠠᠭ᠎ᠠ ᠦᠷᠨᠢᠭᠦᠯᠪᠡ
ᠨᠡᠶᠢᠲᠡᠯᠡᠭᠰᠡᠨ ᠴᠠᠭ᠄
2020/11/9
    ᠤᠶᠢᠷ᠎ᠠ ᠶᠢᠨ ᠡᠳᠦᠷ᠂ ᠤᠯᠠᠭᠠᠨᠳᠤᠯᠤᠭᠠᠢ ᠪᠠᠯᠭᠠᠰᠤᠨ ᠤ ᠪᠠᠶᠠᠨᠰᠢᠯᠢ ᠭᠠᠴᠠᠭ᠎ᠠ ᠶᠢ ᠬᠠᠪᠰᠤᠷᠤᠨ ᠲᠡᠮᠵᠢᠬᠦ ᠪᠠᠶᠢᠭᠤᠯᠭ᠎ᠠ ᠪᠤᠯᠬᠤ ᠦᠤᠰᠢᠨ ᠬᠤᠰᠢᠭᠤᠨ ᠤ ᠤᠰᠤᠨ ᠠᠰᠢᠬᠯᠠᠯᠳᠠ ᠶᠢᠨ ᠲᠤᠪᠴᠢᠶ᠎ᠠ ᠨᠢ ᠪᠠᠶᠠᠨᠰᠢᠯᠢ ᠭᠠᠴᠠᠭᠠᠨ ᠳᠤ ᠭᠦᠨᠵᠠᠬᠡᠶᠢᠷᠡᠵᠤ ᠶᠠᠳᠠᠭᠤ ᠭᠦᠴᠢᠷᠳᠡᠯᠳᠡᠢ ᠡᠷᠦᠭᠡ ᠶᠢᠨ ᠭᠡᠷ ᠤᠨ ᠤᠶᠢᠷᠠᠯᠴᠠᠭᠠᠬᠢ ᠨᠡᠭᠦᠳᠡᠯ ᠡᠯᠡᠰᠦᠨ ᠲᠤᠪᠤ ᠶᠢᠨ ᠡᠯᠡᠰᠦ ᠶᠢ ᠲᠤᠬᠳᠠᠪᠤᠷᠢᠵᠢᠭᠤᠯᠬᠤ ᠠᠵᠢᠯᠯᠠᠭ᠎ᠠ ᠦᠷᠨᠢᠭᠦᠯᠵᠦ ᠶᠠᠭᠠᠷᠠᠯᠳᠠᠶᠢᠬᠠᠨ ᠠᠵᠢᠯᠯᠠᠵᠤ ᠪᠠᠶᠢᠪᠠ᠃      ᠤᠰᠤᠨ ᠠᠰᠢᠬᠯᠠᠯᠳᠠ ᠶᠢᠨ ᠲᠤᠪᠴᠢᠶᠠᠨ ᠤ ᠨᠠᠮ ᠤᠨ ᠭᠡᠰᠢᠭᠦᠳ ᠠᠵᠢᠯ ᠢᠶᠠᠨ ᠬᠤᠪᠢᠶᠠᠷᠢᠯᠠᠨ ᠬᠠᠷᠢᠯᠴᠠᠨ ᠬᠠᠪᠰᠤᠷᠤᠯᠴᠠᠨ ᠬᠠᠮᠳᠤ ᠪᠠᠷ ᠭᠦᠳᠦᠯᠦᠯᠴᠡᠵᠤ᠂ 4000 ᠭᠠᠷᠤᠢ ᠮᠧᠲᠷ ᠤᠨ ︽ᠡᠪᠡᠰᠤᠨ ᠲᠡᠭᠡᠰᠦ︾ ᠶᠢ ᠨᠠᠰᠤᠨᠴᠢᠮᠡᠭ ᠤᠨ 10 ᠭᠠᠷᠤᠢ ᠮᠦ ᠡᠯᠡᠰᠦᠨ ᠲᠤᠪᠤ ᠲᠡᠭᠡᠷ᠎ᠡ ᠦᠷᠦᠨ ᠲᠡᠯᠭᠡᠵᠤ ᠪᠠᠶᠢᠷᠢᠯᠠᠭᠤᠯᠤᠭᠠᠳ ᠡᠯᠡᠰᠦ ᠶᠢ ᠲᠤᠬᠳᠠᠪᠤᠷᠢᠵᠢᠭᠤᠯᠬᠤ ᠪᠦᠳᠦᠮᠵᠢᠳᠡᠢ ᠠᠷᠭ᠎ᠠ ᠠᠪᠤᠬᠰᠠᠨ ᠪᠠᠶᠢᠨ᠎ᠠ᠃ ᠦᠩᠭᠡᠷᠡᠭᠰᠡᠨ ᠵᠢᠯ ᠤᠨ ᠲᠤᠷᠰᠢᠯᠭ᠎ᠠ ᠠᠴᠠ ᠪᠠᠨ ︽ᠡᠪᠡᠰᠤᠨ ᠲᠡᠭᠡᠰᠦ︾ ᠪᠠᠷ ᠡᠯᠡᠰᠦ ᠶᠢ ᠲᠤᠬᠳᠠᠪᠤᠷᠢᠵᠢᠭᠤᠯᠬᠤ ᠳᠤ ᠤᠷᠴᠢᠨ ᠲᠤᠭᠤᠷᠢᠨ ᠳᠤ ᠪᠤᠬᠢᠷᠳᠦᠯ ᠦᠬᠡᠢ ᠮᠦᠷᠳᠡᠭᠡᠨ ︽ᠡᠪᠡᠰᠤᠨ ᠲᠡᠭᠡᠰᠦ︾ ᠨᠢ ᠢᠯᠵᠢᠷᠠᠨ ᠭᠦᠷᠦᠰᠦᠨ ᠤ ᠢᠯᠵᠢᠷᠠᠯ ᠢ ᠨᠡᠮᠡᠭᠳᠡᠭᠦᠯᠵᠦ ᠡᠪᠡᠰᠦ ᠤᠷᠭᠤᠮᠠᠯ ᠤᠨ ᠤᠷᠭᠤᠯᠳᠠ ᠳᠤ ᠰᠢᠮ᠎ᠡ ᠲᠡᠵᠢᠬᠡᠯᠳᠦ ᠪᠤᠳᠠᠰ ᠨᠦᠭᠦᠪᠤᠷᠢᠯᠡᠵᠤ᠂ ᠡᠪᠡᠰᠦ ᠤᠷᠭᠤᠮᠠᠯ ᠤᠨ ᠤᠷᠭᠤᠯᠳᠠ ᠳᠤ ᠠᠰᠢᠬᠳᠠᠢ ᠪᠠᠶᠢᠬᠤ ᠶᠢ ᠮᠡᠳᠡᠭᠰᠡᠨ ᠠᠵᠢᠯᠳᠠᠳ ᠤᠯᠠᠮ ᠢᠶᠠᠷ ᠲᠤᠷᠰᠢᠯᠭ᠎ᠠ ᠲᠠᠢ ᠪᠣᠯᠵᠤ᠂ ᠠᠯᠢ ᠲᠡᠯ᠎ᠠ ᠳᠤᠨᠢ ᠶᠠᠭᠠᠬᠢᠵᠤ ᠪᠠᠶᠢᠷᠢᠯᠠᠭᠤᠯᠪᠠᠯ ᠨᠡᠩ ᠶᠡᠭᠡ ᠠᠰᠢᠬᠯᠠᠮᠵᠢ ᠲᠠᠢ ᠪᠣᠯᠬᠤ ᠶᠢ ᠠᠯᠳᠠᠯ ᠦᠬᠡᠢ ᠰᠠᠶᠢᠨ ᠤᠶᠢᠯᠠᠭᠠᠳᠠᠭ ᠠᠴᠠ ᠨᠠᠷᠢᠯᠢᠭ ᠨᠢᠮᠪᠡᠢ ᠠᠵᠢᠯᠯᠠᠵᠤ᠂ ᠭᠦᠴᠢᠷᠳᠡᠯᠳᠡᠢ ᠡᠷᠦᠭᠡ ᠶᠢᠨ ᠡᠯᠡᠰᠦ ᠮᠠᠩᠬ᠎ᠠ ᠶᠢ ᠵᠠᠰᠠᠬᠤ ᠭᠦᠴᠢᠷᠳᠡᠯ ᠢ ᠰᠢᠢᠳᠪᠤᠷᠢᠯᠡᠭᠰᠡᠨ ᠪᠠᠶᠢᠨ᠎ᠠ᠃      ᠤᠶᠢᠷ᠎ᠠ ᠶᠢᠨ ᠵᠢᠯ ᠠᠴᠠ ᠦᠤᠰᠢᠨ ᠬᠤᠰᠢᠭᠤ ᠡᠯᠡᠰᠦ ᠶᠢ ᠵᠠᠰᠠᠬᠤ ᠠᠵᠢᠯ ᠢ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠪᠠ ᠬᠦᠳᠡᠭᠡ ᠲᠤᠰᠬᠤᠨ ᠤ ᠠᠵᠤ ᠠᠬᠤᠢ ᠨᠠᠶᠢᠭᠡᠮ ᠤᠨ ᠭᠦᠭᠵᠢᠯᠳᠡ ᠶᠢᠨ ᠴᠢᠬᠤᠯᠠ ᠪᠠᠶᠢᠯᠳᠤᠬᠤ ᠪᠤᠳᠣᠯᠭ᠎ᠠ ᠶᠢᠨ ᠡᠭᠦᠷᠭᠡ ᠪᠠᠨ ᠪᠣᠯᠭᠠᠵᠤ᠂ ᠦᠤᠰᠢᠨ ᠬᠤᠰᠢᠭᠤᠨ ᠤ ᠤᠰᠤᠨ ᠠᠰᠢᠬᠯᠠᠯᠳᠠ ᠶᠢᠨ ᠲᠤᠪᠴᠢᠶ᠎ᠠ ᠨᠢ ᠡᠯᠡᠰᠦ ᠶᠢ ᠵᠠᠰᠠᠬᠤ ᠡᠯᠡᠰᠦ ᠶᠢ ᠰᠡᠷᠭᠡᠶᠢᠯᠡᠬᠦ ᠪᠠ ᠶᠠᠳᠠᠭᠤ ᠶᠢ ᠲᠡᠳᠭᠦᠭᠦ ᠶᠢ ᠨᠢᠭᠲᠠ ᠤᠶᠠᠯᠳᠤᠭᠤᠯᠵᠤ᠂ ᠶᠠᠳᠠᠭᠤ ᠭᠦᠴᠢᠷᠳᠡᠯᠳᠡᠢ ᠡᠷᠦᠬᠡ ᠶᠢᠨ ᠨᠤᠳᠤᠭ ᠪᠡᠯᠴᠢᠭᠡᠷ ᠤᠨ ᠡᠯᠡᠰᠦᠷᠭᠡᠭᠵᠢᠨ ᠲᠠᠴᠢᠷᠰᠢᠬᠤ ᠶᠢ ᠵᠤᠬᠢᠰᠳᠡᠢ ᠪᠠᠷ ᠰᠢᠢᠳᠪᠤᠷᠢᠯᠠᠵᠤ ᠦᠭᠭᠦᠭᠰᠡᠨ ᠪᠠᠶᠢᠨ᠎ᠠ᠃  
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号