ᠮᠠᠨ ᠤ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠰᠢᠨ᠎ᠡ ᠨᠢᠬᠡᠨ ᠳᠡᠭᠳᠡᠢ ᠲᠤ ᠭᠠᠷᠪᠠ
ᠨᠡᠶᠢᠲᠡᠯᠡᠭᠰᠡᠨ ᠴᠠᠭ᠄
2020/12/9
      ᠮᠠᠨ ᠤ ᠬᠤᠰᠢᠭᠤ 2014 ᠤᠨ ᠠᠴᠠ ᠨᠠᠭᠠᠰᠢ᠂ ᠡᠯ᠎ᠡ ᠲᠦᠷᠤᠯ ᠶᠢᠨ ᠲᠠᠷᠢᠶᠠᠯᠠᠩ ᠮᠠᠯ ᠠᠵᠤ ᠠᠬᠤᠢ ᠶᠢᠨ ᠮᠠᠰᠢᠨ ᠢ 7630 ᠭᠠᠷᠤᠢ ᠲᠠᠷᠬᠠᠭᠠᠵᠤ᠂ 5362 ᠡᠷᠤᠬᠡ ᠲᠤ ᠠᠰᠢᠭ ᠬᠦᠷᠲᠡᠬᠡᠵᠣ᠂ ᠲᠦᠷᠦᠯ ᠵᠦᠢᠯ ᠤᠨ ᠨᠦᠬᠦᠪᠤᠷᠢ ᠶᠢᠨ ᠪᠡᠯᠡ ᠮᠦᠩᠭᠦ ᠶᠢ ᠨᠡᠶᠢᠲᠡ 2 ᠳ᠋ᠦᠩᠰᠢᠭᠤᠷ ᠭᠠᠷᠤᠢ ᠲᠦᠭᠦᠷᠢᠭ ᠲᠡᠮᠡᠴᠡᠨ ᠤᠯᠵᠤ᠂ ᠪᠦᠬᠦ ᠬᠤᠲᠠ ᠶᠢᠨ ᠲᠡᠷᠢᠭᠦᠨ ᠡᠩᠨᠡᠭᠡ ᠳᠤ ᠲᠤᠳᠤᠷᠠᠪᠠ᠃ ᠲᠠᠷᠢᠶᠠᠯᠠᠩ ᠮᠠᠯ ᠠᠵᠤ ᠠᠬᠤᠢ ᠶᠢᠨ ᠮᠠᠰᠢᠨ ᠤ ᠶᠡᠷᠤᠩᠬᠡᠢ ᠬᠦᠳᠡᠯᠭᠡᠭᠴᠢ ᠬᠦᠴᠦᠨ 469230.71 ᠺᠢᠯᠤᠸᠠᠲ ᠬᠦᠷᠴᠤ᠂ ᠮᠠᠰᠢᠨ ᠢᠶᠠᠷ ᠬᠠᠭᠠᠯᠬᠤ ᠨᠤᠷᠮ᠎ᠠ᠂ ᠮᠠᠰᠢᠨ ᠢᠶᠠᠷ ᠲᠠᠷᠢᠬᠤ ᠨᠤᠷᠮ᠎ᠠ ᠪᠤᠯᠤᠨ ᠮᠠᠰᠢᠨ ᠢᠶᠠᠷ ᠬᠤᠷᠢᠶᠠᠬᠤ ᠨᠤᠷᠮ᠎ᠠ ᠨᠢ ᠲᠤᠰᠪᠤᠷᠢ 100 %᠂ 89% ᠪᠤᠯᠤᠨ 69% ᠬᠦᠷᠴᠤ᠂ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠲᠦᠪᠰᠢᠨ ᠨᠢ 2012 ᠤᠨ ᠤ 63% ᠳᠤ ᠬᠦᠷᠬᠦ ᠦᠭᠡᠢ ᠪᠠᠶᠢᠭᠰᠠᠨ ᠠᠴᠠ ᠤᠳᠤ ᠶᠢᠨ 87% ᠪᠤᠯᠤᠨ ᠨᠠᠮᠡᠭᠳᠡᠭᠰᠡᠨ ᠪᠠᠶᠢᠨ᠎ᠠ᠃ 1 ᠬᠦᠮᠦᠨ ᠨᠢ《 ᠪᠦᠬᠦ ᠤᠯᠤᠰ ᠤᠨ ᠲᠠᠷᠢᠶᠠᠯᠠᠩ ᠠᠵᠤ ᠠᠬᠤᠢ ᠶᠢᠨ ᠲᠡᠷᠢᠭᠦᠨ ᠤ ᠬᠤᠪᠢ ᠬᠦᠮᠦᠨ》 ᠤ ᠢᠷᠠᠭᠤ ᠠᠯᠳᠠᠷ ᠢ ᠬᠦᠷᠲᠡᠵᠤ ︵ᠮᠠᠨ ᠤ ᠬᠤᠲᠠ ᠶᠢᠨ ᠲᠠᠷᠢᠶᠠᠯᠠᠩ ᠮᠠᠯ ᠠᠵᠤ ᠠᠬᠤᠢ  ᠶᠢᠨ ᠮᠠᠰᠢᠨᠴᠢᠯᠡᠯᠲᠡ ᠶᠢᠨ ᠡᠩᠨᠡᠭᠡᠨ ᠤ ᠠᠩᠬᠠᠳᠠᠭᠴᠢ ) 5 ᠬᠦᠮᠦᠨ ᠨᠢ《 ᠪᠦᠬᠦ ᠤᠷᠤᠨ ᠤ ᠲᠠᠷᠢᠶᠠᠯᠠᠩ ᠮᠠᠯ ᠠᠵᠤ ᠠᠬᠤᠢ ᠶᠢᠨ ᠦᠢᠯᠡᠰ ᠤᠨ ᠲᠡᠷᠢᠭᠦᠨ ᠤ ᠬᠤᠪᠢ ᠬᠦᠮᠦᠨ》 ᠢᠶᠠᠷ ᠦᠨᠡᠯᠡᠭᠲᠡᠵᠡᠢ᠃ ᠤᠷᠢᠳ ᠬᠤᠵᠢᠳ ᠪᠤᠯᠪᠠᠰᠤᠷᠠᠯ ᠤᠨ ᠠᠩᠬᠢ 30 ᠤᠳᠠᠭ᠎ᠠ ᠵᠤᠬᠢᠶᠠᠨ ᠪᠠᠶᠢᠭᠤᠯᠵᠤ᠂ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠮᠡᠷᠭᠡᠵᠢᠯᠲᠡᠨ ᠢ 2160 ᠬᠦᠮᠦᠨ ᠤᠳᠠᠭ᠎ᠠ ᠳᠤ ᠪᠤᠯᠪᠠᠰᠤᠷᠠᠯ ᠬᠦᠷᠲᠡᠭᠡᠵᠡᠢ︔ 6 ᠤᠳᠠᠭᠠᠨ ᠤ 300 ᠤᠷᠴᠢᠮ ᠤᠨ ᠲᠠᠷᠢᠶᠠᠴᠢᠨ ᠮᠠᠯᠴᠢᠳ ᠢ ᠵᠤᠬᠢᠶᠠᠨ ᠪᠠᠶᠢᠭᠤᠯᠵᠤ ᠱᠠᠨᠳᠦ᠋ᠩ᠂ ᠰᠢᠨᠵᠢᠶᠠᠩ᠂ ᠬᠠᠷᠠᠮᠦ᠋ᠷᠡᠨ ᠵᠡᠷᠭᠡ ᠭᠠᠵᠠᠷ ᠢᠶᠠᠷ ᠲᠤᠭᠤᠷᠢᠨ ᠰᠤᠷᠤᠯᠴᠠᠵᠤ᠂ 22 ᠨᠡᠷ᠎ᠡ ᠲᠠᠷᠢᠶᠠᠴᠢᠨ ᠮᠠᠯᠴᠢᠳ ᠤᠨ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠮᠡᠷᠭᠡᠵᠢᠯᠲᠡᠨ ( ᠡᠮᠡᠭᠲᠠᠢ 2 ᠨᠡᠷ᠎ᠡ ) ᠢ ᠰᠤᠩᠭᠤᠨ ᠤᠷᠳᠤᠰ ᠬᠤᠳᠠ  ᠶᠢ ᠲᠦᠯᠦᠭᠡᠯᠡᠨ ᠪᠦᠬᠦ ᠤᠷᠤᠨ ᠴᠢᠨᠠᠭᠰᠢᠯᠠᠪᠡᠯ ᠪᠦᠬᠦ ᠤᠯᠤᠰ ᠤᠨ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠮᠡᠷᠭᠡᠵᠢᠯᠲᠡᠨ ᠤ ᠤᠷᠤᠯᠳᠤᠭᠠᠨ  ᠳᠤ ᠤᠯᠠᠨ ᠤᠳᠠᠭ᠎ᠠ ᠤᠷᠤᠯᠴᠠᠪᠠ᠃ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠬᠤᠷᠰᠢᠶᠠᠵᠢᠯ ᠢ 28 ᠰᠠᠭᠤᠷᠢ ᠲᠦᠪᠯᠡᠷᠡᠭᠦᠯᠦᠨ ᠬᠦᠮᠦᠵᠢᠭᠦᠯᠵᠤ᠂ ᠡᠭᠦᠨ ᠲᠤ ᠤᠯᠤᠰ ᠤᠨ ᠳᠡᠰ ᠤᠨ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠬᠤᠷᠰᠢᠶᠠᠵᠢᠯ 1 ᠰᠠᠭᠤᠷᠢ᠂ ᠤᠷᠤᠨ ᠤ ᠳᠡᠰ  ᠤᠨ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠬᠤᠷᠰᠢᠶᠠᠵᠢᠯ 2 ᠰᠠᠭᠤᠷᠢ᠃ ᠤᠷᠢᠳᠤᠪᠡᠶ᠎ᠡ ᠰᠢᠶᠠᠩ ᠶᠢᠨ ᠲᠠᠷᠢᠶᠠᠴᠢᠨ ᠷᠧᠨ ᡁᠢ ᠰᠢᠶᠠᠩ ᠶᠢᠨ ᠰᠤᠳᠤᠯᠤᠨ ᠦᠢᠯᠡᠳᠤᠭ᠍ᠰᠡᠨ《 ᠭᠡᠷ ᠤᠨ ᠲᠡᠵᠢᠭᠡᠪᠤᠷᠢ ᠶᠢᠨ ᠬᠠᠰᠢᠶ᠎ᠠ ᠰᠠᠷᠠᠪᠴᠢ ᠪᠤᠷᠳᠤᠭᠤᠷ ᠰᠠᠴᠤᠬᠤ ᠮᠠᠰᠢᠨ 》ᠪᠤᠯᠤᠨ《 ᠰᠢᠷᠤᠢ ᠨᠡᠮᠡᠨ ᠴᠢᠬᠢᠭ ᠢ ᠪᠠᠲᠤᠯᠠᠬᠤ ᠲᠠᠷᠢᠶ᠎ᠠ ᠠᠷᠴᠢᠬᠤ ᠮᠠᠰᠢᠨ 》 ᠨᠢ ᠲᠤᠰᠬᠠᠢ ᠠᠰᠢᠭ ᠬᠦᠷᠲᠡᠵᠤ᠂ ᠤᠳᠤ ᠶᠠᠭ ᠬᠠᠮᠢᠶ᠎ᠠ ᠪᠦᠬᠦᠢ ᠺᠤᠮᠫᠠᠨᠢ ᠲᠠᠢ ᠪᠦᠭᠡᠮ ᠢᠶᠠᠷ ᠦᠢᠯᠡᠳᠪᠤᠷᠢᠯᠡᠬᠦ ᠪᠠᠷ ᠵᠦᠪᠳᠡᠯᠴᠡᠵᠤ ᠪᠠᠶᠢᠨ᠎ᠠ︔ ᠰᠦᠯᠲᠠ ᠰᠤᠮᠤᠨ ᠤ ᠮᠠᠯᠴᠢᠨ ᠰᠤᠶᠤᠯᠳᠠᠯᠠᠢ ᠶᠢᠨ ᠰᠤᠳᠤᠯᠤᠨ ᠦᠢᠯᠡᠳᠤᠭ᠍ᠰᠡᠨ ᠪᠦᠷᠢᠨ ᠠᠦ᠋ᠲ᠋ᠤ᠋ ᠮᠠᠯ ᠤᠨ ᠤᠰᠤ ᠲᠦᠭᠡᠭᠡᠬᠦ ᠮᠠᠰᠢᠨ  ᠨᠢ ᠨᠢᠭᠡᠨᠲᠡ 2016 ᠤᠨ ᠤ ᠦᠪᠡᠷᠲᠡᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠨᠦᠬᠦᠪᠤᠷᠢ ᠶᠢᠨ ᠨᠡᠷᠡᠰ ᠲᠤ ᠤᠷᠤᠵᠤ᠂ ᠤᠳᠤ ᠨᠢᠭᠡᠨᠲᠡ ᠪᠦᠬᠦ ᠤᠷᠤᠨ ᠤ ᠬᠡᠪᠴᠢᠶᠡᠨ ᠲᠤ ᠳᠡᠯᠭᠡᠷᠡᠭᠦᠯᠤᠨ ᠬᠡᠷᠡᠭᠯᠡᠭᠰᠡᠨ ᠪᠠᠶᠢᠨ᠎ᠠ᠃ ᠨᠢᠭᠡ ᠪᠦᠯᠦᠭ ᠮᠡᠷᠭᠡᠵᠢᠯ᠂ ᠡᠵᠡᠩᠨᠡᠯᠲᠡ᠂ ᠬᠠᠮᠢᠶᠠᠷᠤᠯᠲᠠ ᠳᠤ ᠨᠡᠪᠲᠡᠷᠡᠭᠰᠡᠨ ᠰᠢᠨ᠎ᠡ ᠴᠠᠭ ᠤᠨ ᠲᠠᠷᠢᠶᠠᠯᠠᠩ ᠮᠠᠯ ᠠᠵᠤ ᠠᠬᠤᠢ ᠶᠢᠨ ᠮᠠᠰᠢᠨᠴᠢᠯᠡᠯᠲᠡ ᠶᠢᠨ ᠮᠡᠷᠭᠡᠵᠢᠯᠲᠡᠨ ᠨᠠᠷ ᠬᠦᠳᠡᠭᠡ ᠲᠤᠰᠬᠤᠨ ᠮᠠᠯᠵᠢᠬᠤ ᠤᠷᠤᠨ ᠳᠤ ᠡᠷᠡᠯᠭᠡᠭᠯᠡᠨ ᠳᠠᠮᠠᠴᠠᠵᠣ ᠮᠠᠯᠴᠢᠨ ᠲᠠᠷᠢᠶᠠᠴᠢᠳ ᠤᠨ ᠬᠤᠷᠢᠶᠠᠯᠲᠠ ᠪᠠᠨ ᠨᠡᠮᠡᠭᠳᠡᠭᠦᠯᠦᠨ ᠴᠢᠨᠡᠭᠡᠯᠢᠭ ᠵᠠᠮ ᠢᠶᠠᠷ ᠵᠠᠮᠨᠠᠬᠤ ᠳᠠᠭᠠᠭᠤᠯᠤᠭᠴᠢ ᠬᠦᠴᠦᠨ ᠪᠤᠯᠤᠭᠰᠠᠨ ᠪᠠᠶᠢᠨ᠎ᠠ᠃
ᠢᠷᠡᠯᠲᠡ᠄ ᠦᠤᠰᠢᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶ᠎ᠠ