ᠦᠪᠠᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠠᠯᠪᠠᠨ ᠲᠢᠩᠬᠢᠮ ᠮᠡᠳᠡᠭᠳᠡᠯ ᠪᠠᠭᠤᠯᠭᠠᠵᠤ ᠠᠵᠥ ᠠᠬᠤᠢᠢᠯᠠᠯ ᠤᠨ ᠠᠵᠢᠯ ᠢᠶᠠᠨ ᠰᠡᠷᠬᠦᠬᠡᠬᠦ ᠰᠤᠷᠭᠠᠭᠤᠯᠢ ᠶᠢᠨ ᠰᠤᠷᠤᠯᠭ᠎ᠠ ᠡᠬᠢᠯᠡᠬᠦ ᠴᠠᠭ ᠢ ᠬᠤᠶᠢᠰᠢᠯᠠᠭᠤᠯᠵᠥ ᠵᠠᠰᠠᠭ ᠵᠠᠬᠢᠷᠭ᠎ᠠ ᠠᠵᠢᠯ ᠦᠢᠯᠡᠰ ᠤᠨ ᠨᠢᠬᠡᠴᠢ ᠳᠤ ᠠᠮᠢᠳᠤᠯᠢᠭ ᠠᠵᠢᠯᠯᠠᠬᠤ ᠲᠦᠷᠢᠮ ᠢ ᠬᠡᠷᠡᠭᠵᠢᠬᠦᠯᠬᠦ ᠬᠡᠷᠡᠭᠳᠡᠢ ᠭᠡᠵᠦ ᠱᠠᠭᠠᠷᠳᠠᠪᠠ
ᠨᠡᠶᠢᠲᠡᠯᠡᠭᠰᠡᠨ ᠴᠠᠭ᠄
2020-02-01
    ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠤᠷᠢᠯᠠᠬᠰᠠᠠ ᠠᠭᠤᠰᠬᠢᠨ ᠤ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠵᠢᠯ ᠢ ᠦᠨᠡᠨ ᠬᠦ ᠴᠢᠩᠭᠠᠳᠬᠠᠵᠥ᠂ ᠬᠠᠯᠳᠠᠪᠤᠷᠢᠯᠠᠯ ᠤᠨ ᠢᠷᠡᠯᠳᠡ ᠶᠢ ᠡᠷᠡᠰ ᠰᠢᠭᠤᠷᠬᠠᠢ ᠬᠦᠴᠦᠳᠠᠢ ᠬᠤᠷᠢᠬᠯᠠᠵᠥ᠂ ᠠᠶᠤᠯ ᠲᠦᠭᠰᠢᠬᠦᠷᠢ ᠶᠢᠨ ᠢᠷᠡᠯᠳᠡ ᠶᠢ ᠲᠠᠰᠤᠯᠵᠥ᠂ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠵᠥ ᠬᠤᠷᠢᠬᠯᠠᠨ ᠠᠷᠢᠯᠭᠠᠬᠤ ᠲᠠᠶᠢᠯᠠᠯᠳᠤᠭᠠᠨ ᠤ ᠢᠯᠠᠯᠳᠠ ᠶᠢ ᠤᠯᠵᠥ᠂ ᠠᠷᠠᠳ ᠤᠯᠠᠨ ᠤ ᠠᠮᠢ ᠨᠠᠰᠤᠨ ᠤ ᠠᠮᠤᠷ ᠲᠦᠪᠰᠢᠨ ᠪᠤᠯᠤᠨ ᠪᠡᠶ᠎ᠡ ᠮᠠᠬᠠᠪᠤᠳ ᠤᠨ ᠡᠷᠡᠬᠦᠯ ᠮᠡᠨᠳᠤ ᠶᠢ ᠨᠡᠩ ᠰᠠᠶᠢᠨ ᠪᠠᠳᠤᠯᠠᠬᠤ ᠶᠢᠨ ᠲᠦᠯᠥᠬᠡ᠂ ᠨᠠᠮ ᠤᠨ ᠲᠦᠪ ᠬᠤᠷᠢᠶ᠎ᠡ᠂ ᠲᠦᠷᠦ ᠶᠢᠨ ᠶᠠᠪᠤᠳᠠᠯ ᠤᠨ ᠬᠤᠷᠢᠶᠡᠨ ᠤ ᠰᠡᠷᠬᠡᠶᠢᠯᠡᠨ ᠡᠵᠡᠮᠳᠡᠬᠦ ᠠᠵᠢᠯ ᠤᠨ ᠪᠠᠶᠢᠷᠢᠯᠠᠭᠤᠯᠤᠯᠳᠠ ᠶᠤᠰᠤᠭᠠᠷ᠂ ᠬᠠᠮᠢᠶ᠎ᠠ ᠪᠦᠬᠦᠢ ᠬᠠᠤᠯᠢ ᠴᠠᠭᠠᠵᠠ ᠬᠠᠤᠯᠢ ᠲᠤᠭᠳᠠᠭᠠᠯ ᠪᠤᠯᠤᠨ ᠲᠦᠷᠢᠮ ᠲᠤᠭᠳᠠᠭᠠᠯ ᠢ ᠦᠨᠳᠦᠰᠦᠯᠡᠨ᠂ ᠦᠪᠡᠷᠳᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠮᠡᠳᠡᠭᠳᠡᠯ ᠪᠠᠭᠤᠯᠭᠠᠵᠥ᠂ ᠠᠵᠥ ᠠᠬᠤᠢᠢᠯᠠᠯ ᠤᠨ ᠠᠵᠢᠯ ᠢᠶᠠᠨ ᠰᠡᠷᠬᠦᠬᠡᠬᠦ᠂ ᠰᠤᠷᠭᠠᠭᠤᠯᠢ ᠶᠢᠨ ᠰᠤᠷᠤᠯᠭ᠎ᠠ ᠡᠬᠢᠯᠡᠬᠦ ᠴᠠᠭ ᠢ ᠬᠤᠶᠢᠰᠢᠯᠠᠭᠤᠯᠵᠥ᠂ ᠵᠠᠰᠠᠭ ᠵᠠᠬᠢᠷᠭ᠎ᠠ ᠠᠵᠢᠯ ᠦᠢᠯᠡᠰ ᠤᠨ ᠨᠢᠬᠡᠴᠢ ᠳᠤ ᠠᠮᠢᠳᠤᠯᠢᠭ ᠠᠵᠢᠯᠯᠠᠬᠤ ᠲᠦᠷᠢᠮ ᠢ ᠬᠡᠷᠡᠭᠵᠢᠬᠦᠯᠬᠦ ᠬᠡᠷᠡᠭᠳᠡᠢ ᠬᠡᠵᠥ ᠱᠠᠭᠠᠷᠳᠠᠪᠠ᠃     ᠮᠡᠳᠡᠭᠳᠡᠯ ᠳᠤ᠂ ᠦᠪᠡᠷᠳᠡᠭᠡᠨ ᠵᠠᠰᠠᠬᠤ ᠤᠷᠤᠨ ᠤ ᠡᠯ᠎ᠡ ᠲᠦᠷᠦᠯ ᠤᠨ ᠠᠵᠥ ᠠᠬᠤᠢᠢᠯᠠᠯ 2 ᠰᠠᠷ᠎ᠠ ᠶᠢᠨ 9 ᠤ ᠡᠳᠤᠷ ᠤᠨ 24 ᠠᠴᠠ ᠡᠮᠤᠨ᠎ᠡ ᠠᠵᠢᠯ ᠢᠶᠠᠨ ᠰᠡᠷᠬᠦᠬᠡᠵᠥ ᠪᠤᠯᠬᠤ ᠦᠭᠡᠢ᠂ ᠤᠯᠠᠨ ᠨᠡᠶᠢᠳᠡ ᠶᠢᠨ ᠠᠵᠢᠯ ᠦᠢᠯᠡᠰ ᠤᠨ ᠴᠢᠬᠤᠯᠠ ᠪᠦᠬᠦᠢ ᠬᠡᠷᠡᠭᠴᠡᠭᠡ ︵ᠤᠰᠤ ᠬᠠᠩᠭᠠᠬᠤ᠂ ᠬᠡᠢ ᠬᠠᠨᠭ᠍ᠭᠠᠬᠤ᠂ ᠲᠤᠯᠠᠭᠠᠯᠠᠭ᠎ᠠ ᠬᠠᠩᠭᠠᠬᠤ᠂ ᠴᠢᠮᠡᠭᠡ ᠬᠤᠯᠪᠤᠭ᠎ᠠ ᠵᠡᠷᠬᠡ ᠠᠵᠢᠯ ᠲᠦᠷᠦᠯ︶᠂ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠴᠢᠬᠤᠯᠠ ᠪᠦᠬᠦᠢ ᠬᠡᠷᠡᠭᠴᠡᠭᠡ ︵ᠡᠮᠴᠢᠯᠡᠬᠡᠨ ᠤ ᠪᠠᠭᠠᠵᠢ ᠬᠡᠷᠡᠭᠰᠡᠯ᠂ ᠡᠮ ᠤᠨ ᠵᠦᠢᠯ᠂ ᠬᠠᠮᠠᠭᠠᠯᠠᠯᠳᠠ ᠶᠢᠨ ᠪᠤᠳᠠᠰ ᠤᠨ ᠦᠢᠯᠡᠳᠪᠤᠷᠢᠯᠡᠯ ᠪᠤᠯᠤᠨ ᠪᠤᠷᠤᠯᠠᠭᠤᠯᠭ᠎ᠠ ᠵᠡᠷᠬᠡ ᠶᠢᠨ ᠠᠵᠢᠯ ᠲᠦᠷᠦᠯ︶᠂ ᠤᠯᠠᠨ ᠲᠦᠮᠡᠨ ᠤ ᠠᠮᠢᠳᠤᠷᠠᠯ ᠤᠨ ᠬᠡᠷᠡᠭᠴᠡᠭᠡ ︵ᠬᠠᠮ ᠲᠡᠯᠬᠡᠬᠦᠷ᠂ ᠢᠳᠡᠬᠡᠨ ᠤ ᠦᠢᠯᠡᠳᠪᠤᠷᠢᠯᠡᠯ ᠪᠤᠯᠤᠨ ᠬᠠᠩᠭᠠᠯᠭ᠎ᠠ ᠵᠡᠷᠬᠡ ᠠᠵᠢᠯ ᠲᠦᠷᠦᠯ︶ ᠳᠤ ᠬᠤᠯᠪᠤᠭᠳᠠᠭᠰᠠᠠ ᠵᠢᠴᠢ ᠪᠤᠰᠤᠳ ᠤᠯᠤᠰ ᠤᠨ ᠡᠳ᠋ ᠤᠨ ᠵᠠᠰᠠᠭ ᠠᠷᠠᠳ ᠤᠨ ᠠᠮᠢᠳᠤᠷᠠᠯ ᠳᠤ ᠬᠤᠯᠪᠤᠭᠳᠠᠭᠰᠠᠠ ᠠᠵᠥ ᠠᠬᠤᠢᠢᠯᠠᠯ ᠪᠠᠭᠳᠠᠬᠤ ᠦᠬᠡᠢ᠃ ᠠᠵᠥ ᠠᠬᠤᠢᠢᠯᠠᠯ ᠤᠨ ᠬᠢᠨ ᠠᠵᠢᠯᠳᠠᠨ ᠠᠵᠢᠯᠴᠢᠨ ᠤ ᠪᠠᠨ ᠬᠠᠤᠯᠢ ᠶᠤᠰᠤᠨ ᠤ ᠡᠷᠬᠡ ᠠᠰᠢᠬ ᠢ ᠬᠠᠤᠯᠢ ᠶᠤᠰᠤᠭᠠᠷ ᠪᠠᠳᠤᠯᠠᠵᠥ᠂ ᠠᠵᠢᠯ ᠢᠶᠠᠨ ᠰᠡᠷᠬᠦᠬᠡᠬᠦ ᠠᠴᠠ ᠡᠮᠤᠨ᠎ᠡ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠭᠰᠡᠡ ᠪᠠᠶᠢᠳᠠᠯ ᠢ ᠦᠨᠳᠦᠰᠦᠯᠡᠨ᠂ ᠬᠢᠵᠢᠭ ᠢ ᠰᠢᠯᠭᠠᠨ ᠪᠠᠶᠢᠴᠠᠭᠠᠬᠤ ᠪᠤᠯᠤᠨ ᠡᠷᠡᠬᠦᠯ ᠮᠡᠨᠳᠤ ᠶᠢ ᠬᠠᠮᠠᠭᠠᠯᠠᠬᠤ ᠶᠢ ᠬᠡᠷᠡᠭᠵᠢᠬᠦᠯᠵᠥ᠂ ᠠᠮᠤᠷ ᠲᠦᠪᠰᠢᠨ ᠢᠶᠠᠷ ᠠᠵᠢᠯ ᠢᠶᠠᠨ ᠰᠡᠷᠬᠦᠬᠡᠬᠦ ᠶᠢ ᠪᠠᠳᠤᠯᠠᠬᠤ ᠬᠡᠷᠡᠭᠳᠡᠢ ᠬᠡᠵᠥ ᠱᠠᠭᠠᠷᠳᠠᠪᠠ᠃     ᠦᠪᠡᠷᠳᠡᠬᠡᠨ ᠵᠠᠰᠠᠬᠤ ᠤᠷᠤᠨ ᠤ ᠲᠤᠳᠤᠷᠠᠬᠢ ᠡᠯ᠎ᠡ ᠱᠠᠳᠤᠨ ᠤ ᠡᠯ᠎ᠡ ᠲᠦᠷᠦᠯ ᠤᠨ ᠰᠤᠷᠭᠠᠭᠤᠯᠢ ︵ᠲᠤᠮᠳᠠᠳᠤ ᠪᠠᠭ᠎ᠠ ᠰᠤᠷᠭᠠᠭᠤᠯᠢ᠂ ᠲᠤᠮᠳᠠ ᠵᠡᠷᠬᠡ ᠶᠢᠨ ᠠᠵᠢᠯ ᠮᠡᠷᠬᠡᠵᠢᠯ ᠤᠨ ᠰᠤᠷᠭᠠᠭᠤᠯᠢ᠂ ᠬᠡᠤᠬᠡᠳ ᠤᠨ ᠴᠡᠴᠡᠷᠯᠢᠭ︶ ᠶᠢᠨ ᠬᠠᠪᠤᠷ ᠤᠨ ᠤᠯᠠᠷᠢᠯ ᠤᠨ ᠬᠤᠭᠤᠴᠠᠭᠠᠨ ᠤ ᠰᠤᠷᠤᠯᠭ᠎ᠠ ᠡᠬᠢᠯᠡᠬᠦ ᠴᠠᠭ ᠨᠢ 3 ᠰᠠᠷ᠎ᠠ ᠶᠢᠨ 1 ᠤ ᠡᠳᠤᠷ ᠠᠴᠠ ᠡᠮᠤᠨ᠎ᠡ ᠪᠠᠶᠢᠵᠥ ᠪᠤᠯᠬᠤ ᠦᠬᠡᠢ᠃ ᠤᠷᠤᠨ ᠤ ᠲᠤᠳᠤᠷ᠎ᠠ ᠭᠠᠳᠠᠨᠠᠬᠢ ᠶᠡᠭᠡ ᠲᠡᠬᠡᠳᠤ ᠰᠤᠷᠭᠠᠭᠤᠯᠢ ᠶᠢᠨ ᠤᠷᠠᠯᠢᠭ ᠤᠨ ᠲᠦᠷᠦᠯ ᠤᠨ ᠲᠤᠰᠬᠠᠢ ᠮᠡᠷᠬᠡᠵᠢᠯ ᠤᠨ ᠤᠨᠴᠠᠭᠠᠢ ᠲᠦᠷᠦᠯ ᠤᠨ ᠰᠤᠷᠤᠭᠴᠢ ᠡᠯᠰᠡᠬᠦ ᠰᠢᠯᠭᠠᠯᠳᠡ ᠶᠢᠨ ᠨᠡᠷ᠎ᠡ ᠮᠡᠳᠡᠬᠦᠯᠬᠦ ᠪᠤᠯᠤᠨ ᠰᠢᠯᠭᠠᠬᠤ ᠴᠠᠭ ᠢ ᠬᠤᠶᠢᠰᠢᠯᠠᠭᠤᠯᠤᠨ᠎ᠠ᠃ ᠪᠤᠳᠠᠳᠠᠢ ᠰᠤᠷᠭᠠᠭᠤᠯᠢ ᠡᠬᠢᠯᠡᠬᠦ ᠴᠠᠬ ᠬᠤᠭᠤᠴᠠᠭ᠎ᠠ ᠪᠤᠯᠤᠨ ᠨᠡᠷ᠎ᠠ ᠮᠡᠳᠡᠬᠦᠯᠬᠦ᠂ ᠰᠢᠯᠭᠠᠬᠤ ᠴᠠᠬ ᠢ ᠬᠢᠵᠢᠭ ᠤᠨ ᠪᠠᠶᠢᠳᠠᠯ ᠢ ᠰᠡᠷᠬᠡᠶᠢᠯᠠᠨ ᠡᠵᠡᠮᠳᠡᠭᠰᠡᠨ ᠪᠠᠶᠢᠳᠠᠯ ᠢ ᠦᠨᠳᠤᠰᠤᠯᠠᠵᠤ᠂ ᠰᠢᠨᠵᠢᠯᠡᠬᠦ ᠤᠬᠠᠭᠠᠨᠴᠢ ᠪᠠᠷ ᠦᠨᠡᠯᠠᠨ ᠨᠤᠳᠠᠯᠠᠬᠰᠠᠨ ᠤ ᠲᠠᠷᠠᠭ᠎ᠠ᠂ ᠦᠪᠡᠷᠳᠡᠬᠡᠨ ᠵᠠᠰᠠᠬᠤ ᠤᠷᠤᠨ ᠤ ᠰᠤᠷᠭᠠᠨ ᠬᠦᠮᠤᠵᠢᠯ ᠤᠨ ᠲᠢᠩᠬᠢᠮ ᠠᠴᠠ ᠤᠷᠢᠳᠴᠢᠯᠠᠨ ᠨᠡᠶᠢᠬᠡᠮ ᠨᠡᠶᠢᠳᠠ ᠳᠤ ᠨᠡᠶᠢᠳᠠᠯᠠᠨ᠎ᠠ᠃ ᠡᠬᠦᠨ ᠠᠴᠠ ᠡᠮᠤᠨ᠎ᠠ᠂ ᠰᠤᠷᠭᠠᠭᠤᠯᠢ ᠶᠢᠨ ᠬᠢᠨ ᠰᠤᠷᠤᠬᠴᠢ ᠶᠢ ᠵᠤᠬᠢᠶᠠᠨ ᠪᠠᠶᠢᠭᠤᠯᠵᠤ ᠰᠤᠷᠭᠠᠭᠤᠯᠢ ᠳᠠᠭᠠᠨ ᠪᠤᠴᠠᠬᠤ ᠪᠠ ᠶᠠᠮᠠᠷᠪᠠ ᠬᠡᠯᠪᠡᠷᠢ ᠶᠢᠨ ᠰᠦᠯᠵᠢᠶᠡᠨ ᠠᠴᠠ ᠭᠠᠳᠠᠭᠤᠷᠬᠢ ᠲᠦᠪᠯᠡᠷᠡᠭᠰᠡᠨ ᠵᠢᠭᠠᠨ ᠰᠤᠷᠭᠠᠯᠳᠠ ᠶᠢᠨ ᠠᠵᠢᠯᠯᠠᠭ᠎ᠠ ᠪᠤᠯᠤᠨ ᠬᠠᠮᠳᠤ ᠶᠢᠨ ᠠᠵᠢᠯᠯᠠᠭ᠎ᠠ ᠦᠷᠨᠢᠬᠦᠯᠵᠤ ᠪᠤᠯᠬᠤ ᠦᠬᠡᠢ᠃ ᠡᠯ᠎ᠠ ᠱᠠᠳᠤᠨ ᠤ ᠡᠯ᠎ᠠ ᠲᠦᠷᠤᠯ ᠤᠨ ᠪᠤᠯᠪᠠᠰᠤᠷᠠᠯ ᠤᠨ ᠪᠠᠶᠢᠭᠤᠯᠤᠮᠵᠢ ︵ᠲᠤᠬᠠᠢᠢᠯᠠᠬᠰᠠᠨ ᠠᠵᠢᠯ ᠤᠨ ᠤᠷ᠎ᠠ ᠮᠡᠷᠬᠡᠵᠢᠯ᠂ ᠬᠡᠤᠬᠡᠳ ᠤᠨ ᠠᠩᠬᠠᠨ ᠤ ᠬᠦᠮᠤᠵᠢᠯ ᠤᠨ ᠲᠦᠪ᠂ ᠬᠡᠤᠬᠡᠳ ᠤᠨ ᠴᠡᠴᠡᠷᠯᠢᠭ ᠵᠡᠷᠬᠡ︶ ᠵᠦᠪᠰᠢᠶᠡᠷᠡᠯ ᠦᠬᠡᠢ ᠪᠠᠷ ᠪᠤᠯᠪᠠᠰᠤᠷᠠᠯ ᠤᠨ ᠠᠵᠢᠯᠯᠠᠭ᠎ᠠ ᠦᠷᠨᠢᠬᠦᠯᠵᠤ ᠪᠤᠯᠬᠤ ᠦᠬᠡᠢ᠃     ᠦᠪᠡᠷᠳᠡᠬᠡᠨ ᠵᠠᠰᠠᠬᠤ ᠤᠷᠤᠨ ᠤ ᠳᠤᠳᠤᠷᠠᠬᠢ ᠡᠯ᠎ᠠ ᠱᠠᠳᠤᠨ ᠤ ᠡᠯ᠎ᠠ ᠲᠦᠷᠤᠯ ᠤᠨ ᠵᠠᠰᠠᠬ ᠵᠠᠬᠢᠷᠭ᠎ᠠ ᠠᠵᠢᠯ ᠤᠢᠢᠯᠡᠰ ᠤᠨ ᠨᠢᠬᠡᠴᠢ ᠶᠢᠨ ᠬᠢᠨ 2 ᠰᠠᠷ᠎ᠠ ᠶᠢᠨ 3 ᠤ ᠡᠳᠤᠷ ᠬᠡᠪ ᠢᠶᠠᠷ ᠠᠵᠢᠯᠯᠠᠬᠰᠠᠨ ᠤ ᠲᠠᠷᠠᠭ᠎ᠠ᠂ ᠬᠢᠵᠢᠭ ᠤᠨ ᠪᠠᠶᠢᠳᠠᠯ ᠢ ᠰᠡᠷᠬᠡᠶᠢᠯᠠᠨ ᠡᠵᠡᠮᠳᠡᠬᠦ ᠠᠵᠢᠯ ᠤᠨ ᠬᠡᠪ ᠤᠨ ᠦᠷᠨᠢᠯᠳᠠ ᠪᠤᠯᠤᠨ ᠪᠠᠶᠢᠭᠤᠯᠭ᠎ᠠ ᠨᠢᠬᠡᠴᠢ ᠶᠢᠨ ᠡᠳᠤᠷ ᠲᠤᠳᠤᠮ ᠤᠨ ᠠᠵᠢᠯᠯᠠᠭᠠᠨ ᠢ ᠪᠠᠳᠤᠯᠠᠬᠰᠠᠨ ᠰᠠᠭᠤᠷᠢᠨ ᠲᠡᠭᠡᠷ᠎ᠠ᠂ 2 ᠰᠠᠷ᠎ᠠ ᠶᠢᠨ 9 ᠤ ᠡᠳᠤᠷ ᠪᠤᠯᠳᠠᠯ᠎ᠠ ᠬᠦᠳᠡᠯᠤᠩᠬᠦᠢ ᠴᠢᠨᠠᠷᠳᠠᠢ ᠠᠵᠢᠯ ᠤᠨ ᠲᠦᠷᠢᠮ ᠢ ᠭᠡᠷᠡᠭᠵᠢᠬᠦᠯᠤᠨ᠎ᠠ᠃ ᠤᠳᠠᠰᠤ᠂ ᠭᠠᠷ ᠤᠳᠠᠰᠤ᠂ ᠰᠦᠯᠵᠢᠶ᠎ᠠ᠂ ᠸᠢᠳᠢᠣ᠋ ᠵᠡᠷᠬᠡ ᠠᠷᠭ᠎ᠠ ᠬᠡᠯᠪᠡᠷᠢ ᠪᠠᠷ ᠠᠯᠪᠠᠯᠠᠵᠤ ᠪᠤᠯᠤᠨ᠎ᠠ᠃ ᠤᠷᠬᠢᠯ ᠤᠨ ᠬᠤᠭᠤᠴᠠᠭ᠎ᠠ ᠶᠢ ᠵᠦᠷᠢᠬᠦᠯᠤᠨ ᠠᠵᠢᠯ ᠠᠴᠠ ᠪᠠᠨ ᠪᠠᠭᠤᠬᠤ ᠪᠠ ᠠᠵᠢᠯ ᠳᠤ ᠭᠠᠷᠴᠤ᠂ ᠪᠤᠯᠬᠤ ᠶᠢᠨ ᠳᠤᠳᠤᠷ᠎ᠠ ᠬᠤᠷᠠᠯ ᠬᠤᠢ ᠪᠤᠯᠤᠨ ᠬᠦᠮᠤᠨ ᠬᠠᠷ᠎ᠠ ᠴᠤᠬᠯᠠᠷᠠᠬᠤ ᠶᠢ ᠪᠠᠭᠠᠰᠬᠠᠵᠤ᠂ ᠤᠷᠤᠯᠴᠠᠬᠤ ᠬᠦᠮᠤᠰ ᠤᠨ ᠬᠡᠪᠴᠢᠶ᠎ᠠ ᠪᠤᠯᠤᠨ ᠲᠤᠭ᠎ᠠ ᠶᠢ ᠪᠦᠳᠤᠮᠵᠢᠳᠠᠢ ᠬᠢᠵᠠᠭᠠᠷᠯᠠᠬᠤ ᠭᠡᠷᠡᠭᠳᠠᠢ᠃     ᠦᠨᠡᠨ ᠬᠦ ᠠᠵᠢᠯ ᠤᠨ ᠬᠡᠷᠡᠭᠴᠡᠭᠡ ᠠᠴᠠ ᠪᠤᠯᠵᠤ ᠦᠪᠡᠷᠳᠡᠬᠡᠨ ᠵᠠᠰᠠᠬᠤ ᠤᠷᠤᠨ ᠳᠤ ᠪᠤᠴᠠᠬᠤ ᠴᠢᠬᠤᠯᠠ ᠲᠠᠢ ᠬᠦᠮᠤᠰ ᠲᠤ ᠡᠯ᠎ᠠ ᠭᠠᠵᠠᠷ ᠤᠷᠤᠨ᠂ ᠡᠯ᠎ᠠ ᠬᠤᠯᠪᠤᠬᠳᠠᠯ ᠪᠦᠬᠦᠢ ᠰᠠᠯᠠᠭ᠎ᠠ ᠮᠦᠴᠢᠷ ᠵᠢᠴᠢ ᠪᠠᠶᠢᠭ᠎ᠠ ᠨᠢᠬᠡᠴᠢ ᠶᠢᠨ ᠬᠢᠨ ᠬᠢᠵᠢᠭ ᠤᠨ ᠪᠠᠶᠢᠳᠠᠯ ᠤᠨ ᠪᠠᠶᠢᠴᠠᠭᠠᠯᠳᠠ ᠪᠤᠯᠤᠨ ᠡᠷᠡᠬᠦᠯ ᠮᠠᠨᠳᠤ ᠶᠢᠨ ᠰᠡᠷᠬᠡᠶᠢᠯᠠᠯᠳᠠ ᠬᠠᠮᠠᠭᠠᠯᠠᠯᠳᠠ ᠪᠠᠨ ᠴᠢᠩᠭᠠᠳᠬᠠᠵᠤ᠂ ᠪᠠᠶᠢᠭ᠎ᠠ ᠨᠢᠬᠡᠴᠢ ᠶᠢᠨ ᠬᠢᠨ ᠬᠤᠯᠪᠤᠬᠳᠠᠯ ᠪᠦᠬᠦᠢ ᠮᠡᠳᠡᠭᠡ ᠵᠠᠩᠬᠢ ᠶᠢ ᠴᠠᠬ ᠲᠤᠬᠠᠢ ᠳᠤᠨᠢ ᠮᠡᠳᠡᠬᠦᠯᠬᠦ ᠭᠡᠷᠡᠭᠳᠠᠢ︔ ᠬᠢᠵᠢᠭ ᠲᠡᠯᠬᠡᠷᠡᠭᠰᠡᠨ ᠭᠤᠤᠯᠳᠠᠯᠭ᠎ᠠ ᠲᠠᠢ ᠭᠠᠵᠠᠷ ᠠᠴᠠ ᠢᠷᠡᠭᠰᠡᠨ ᠪᠤᠶᠤ ᠤᠴᠢᠬᠰᠠᠨ ᠬᠦᠮᠤᠰ ᠵᠢᠴᠢ ᠪᠤᠰᠤᠳ ᠨᠢᠬᠳᠠ ᠤᠢᠢᠷᠠᠳᠤᠬᠰᠠᠳ ᠲᠤ ᠲᠤᠭᠳᠠᠭᠠᠯ ᠶᠤᠰᠤᠭᠠᠷ ᠡᠮᠴᠢᠯᠡᠬᠡᠨ ᠤ ᠠᠵᠢᠬᠯᠠᠬᠤ᠂ ᠲᠤᠰᠠᠭᠠᠷᠯᠠᠬᠤ ᠵᠡᠷᠬᠡ ᠠᠷᠭ᠎ᠠ ᠬᠡᠮᠵᠢᠶ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠪᠦᠬᠦ ᠲᠠᠯ᠎ᠠ ᠶᠢ ᠪᠦᠷᠬᠦᠬᠦᠯᠬᠦ᠂ ᠭᠤᠭᠤᠵᠢᠬᠳᠠᠭᠤᠯᠬᠤ ᠦᠬᠡᠢ ᠪᠠᠶᠢᠬᠤ ᠶᠢ ᠪᠠᠳᠤᠯᠠᠬᠤ ᠭᠡᠷᠡᠭᠳᠠᠢ︔ ᠦᠨᠡᠨᠬᠦ ᠬᠢᠵᠢᠭ ᠤᠨ ᠪᠠᠶᠢᠳᠠᠯ ᠤᠨ ᠬᠢᠵᠠᠭᠠᠷᠯᠠᠯ ᠪᠤᠯᠤᠨ ᠠᠵᠢᠯ ᠤᠨ ᠭᠡᠷᠡᠭᠴᠡᠭᠡ ᠠᠴᠠ ᠪᠤᠯᠵᠤ ᠬᠠᠷᠢᠵᠤ ᠢᠷᠡᠵᠤ ᠲᠡᠶᠢᠯᠬᠦ ᠦᠬᠡᠢ ᠠᠵᠢᠯᠳᠠᠨ ᠪᠠᠶᠢᠭ᠎ᠠ ᠨᠢᠬᠡᠴᠢ ᠳᠡᠭᠡᠨ ᠴᠠᠬ ᠲᠤᠬᠠᠢ ᠳᠤᠨᠢ ᠴᠢᠯᠤᠬᠡ ᠡᠷᠢᠬᠦ ᠬᠦᠢᠴᠡᠳᠬᠡᠯ ᠬᠢᠵᠤ᠂ ᠦᠪᠡᠷ ᠤᠨ ᠪᠡᠶ᠎ᠠ ᠶᠢᠨ ᠬᠤᠯᠪᠤᠬᠳᠠᠯ ᠪᠦᠬᠦᠢ ᠬᠢᠵᠢᠭ ᠤᠨ ᠪᠠᠶᠢᠳᠠᠯ ᠢᠶᠠᠨ ᠮᠡᠳᠡᠭᠳᠡᠬᠦ ᠭᠡᠷᠡᠭᠳᠠᠢ᠃     ᠡᠯ᠎ᠠ ᠭᠠᠵᠠᠷ ᠤᠷᠤᠨ ᠤ ᠬᠢᠨ ᠳᠤᠬᠳᠠᠭᠤᠨ ᠪᠠᠶᠢᠬᠤ ᠶᠢ ᠲᠡᠷᠢᠬᠦᠨ ᠳᠤ ᠲᠠᠯᠪᠢᠵᠤ᠂ ᠬᠠᠷᠢᠶ᠎ᠠ ᠤᠷᠤᠨ ᠤ ᠬᠠᠷᠢᠭᠤᠴᠠᠯᠭ᠎ᠠ ᠪᠠᠨ ᠨᠠᠶᠢᠳᠠᠪᠤᠷᠢᠵᠢᠭᠤᠯᠵᠤ᠂ ᠲᠦᠷᠤᠯ ᠬᠤᠪᠢᠶᠠᠨ ᠵᠢᠯᠤᠭᠤᠳᠬᠤ ᠪᠠᠨ ᠴᠢᠩᠭᠠᠳᠬᠠᠵᠤ᠂ ᠲᠤᠰ ᠭᠠᠵᠠᠷ ᠤᠷᠤᠨ ᠤ ᠠᠵᠤ ᠠᠬᠤᠢᠢᠯᠠᠯ᠂ ᠰᠤᠷᠭᠠᠭᠤᠯᠢ ᠪᠤᠯᠤᠨ ᠵᠠᠰᠠᠬ ᠵᠠᠬᠢᠷᠭ᠎ᠠ ᠠᠵᠢᠯ ᠤᠢᠢᠯᠡᠰ ᠤᠨ ᠨᠢᠬᠡᠴᠢ ᠶᠢᠨ ᠬᠢᠨ ᠭᠤᠤᠯ ᠴᠤᠬᠴᠠ ᠶᠢᠨ ᠬᠠᠷᠢᠭᠤᠴᠠᠯᠭ᠎ᠠ ᠪᠠᠨ ᠬᠦᠢᠴᠡᠳᠬᠡᠬᠦ ᠶᠢ ᠱᠠᠯᠠᠪᠳᠠᠭᠤᠯᠤᠨ ᠱᠠᠭᠠᠷᠳᠠᠵᠤ᠂ ᠡᠯ᠎ᠠ ᠵᠦᠢᠯ ᠤᠨ ᠰᠡᠷᠬᠡᠶᠢᠯᠠᠨ ᠡᠵᠡᠮᠳᠡᠬᠦ ᠪᠠ ᠤᠢᠢᠯᠡᠴᠢᠯᠡᠬᠦ ᠪᠠᠳᠤᠯᠠᠬᠤ ᠠᠷᠭ᠎ᠠ ᠬᠡᠮᠵᠢᠶ᠎ᠠ ᠶᠢ ᠲᠤᠭᠤᠰᠢᠳᠠᠢ ᠨᠠᠷᠢᠯᠢᠬ ᠨᠠᠶᠢᠳᠠᠪᠤᠷᠢᠵᠢᠭᠤᠯᠵᠤ᠂ ᠨᠡᠶᠢᠬᠡᠮ ᠤᠨ ᠠᠮᠤᠷ ᠲᠤᠭᠳᠠᠭᠤᠨ ᠡᠮᠬᠢ ᠲᠢᠭᠯᠢᠮ ᠲᠠᠢ ᠪᠠᠶᠢᠬᠤ ᠶᠢ ᠪᠠᠳᠤᠯᠠᠬᠤ ᠭᠡᠷᠡᠭᠳᠠᠢ᠃
 
ᠢᠷᠡᠯᠲᠡ᠄ ᠲᠤᠮᠳᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠬᠡᠨ ᠤ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号