ᠮᠤᠩᠭᠤᠯᠴᠤᠳ ᠤᠨ ᠰᠢᠨ᠎ᠠ ᠶᠢᠨ ᠨᠢᠭᠡᠨ ᠤ ᠢᠷᠦᠭᠡᠯ ᠪᠡᠯᠭᠡᠳᠡᠯ ᠤᠨ ᠦᠭᠡᠰ
ᠨᠡᠶᠢᠲᠡᠯᠡᠭᠰᠡᠨ ᠴᠠᠭ᠄
2020-02-01
︽ᠮᠤᠩᠭᠤᠯ ᠬᠦᠮᠦᠨ ᠤ ᠠᠮᠠᠨ ᠪᠡᠯᠭᠡ᠂ ᠬᠢᠳᠠᠳ ᠬᠦᠮᠦᠨ ᠤ ᠠᠯᠠᠭᠠᠨ ᠪᠢᠴᠢᠭ︾ ᠭᠡᠳᠡᠭᠴᠢᠯᠡᠨ ᠮᠤᠩᠭᠤᠯᠴᠤᠳ ᠤᠨ ᠰᠢᠨᠡᠯᠡᠬᠦ ᠶᠤᠰᠤᠨ ᠳᠤ ᠶᠡᠭᠡ ᠤᠯᠠᠨ ᠵᠦᠩ ᠪᠡᠯᠭᠡᠳᠦ ᠦᠯᠵᠡᠶᠢᠳᠦ ᠢᠷᠦᠭᠡᠯ ᠤᠨ ᠦᠭᠡᠰ ᠢ ᠡᠩ ᠲᠡᠷᠢᠭᠦᠨ ᠳᠤ ᠬᠡᠯᠡᠵᠤ᠂ ᠰᠠᠶᠢᠨ ᠰᠠᠶᠢᠬᠠᠨ ᠤ ᠪᠡᠯᠭᠡᠳᠡᠯ ᠪᠤᠯᠭᠠᠨ ᠰᠢᠨ᠎ᠠ ᠵᠢᠯ ᠤᠨ ᠠᠩᠬ᠎ᠠ ᠠᠭᠤᠯᠵᠠᠨ ᠤᠴᠠᠷᠠᠭᠰᠠᠨ ︽ᠰᠢᠨ᠎ᠠ ᠶᠢᠨ ᠡᠬᠢᠯᠡᠯᠳᠡ︾ ᠪᠠᠨ ᠪᠤᠯᠭᠠᠳᠠᠭ ᠨᠢ ᠶᠠᠭᠤᠨ ᠠᠴᠠ ᠴᠤ ᠡᠷᠬᠢᠮ ᠪᠢᠯᠡ᠃     ᠡᠭᠦᠨ ᠳᠤ᠄     — ᠠᠮᠤᠷ︕     — ᠠᠮᠤᠷ︕     —  ᠠᠮᠤᠷ ᠰᠠᠶᠢᠨ ᠰᠢᠨᠡᠯᠡᠪᠡ ᠤᠤ︖     — ᠰᠠᠶᠢᠨ ᠰᠢᠨᠡᠯᠡᠯ᠎ᠠ᠂ ᠲᠠ ᠪᠦᠬᠦᠳᠡ ᠰᠠᠶᠢᠨ ᠰᠢᠨᠡᠯᠡᠪᠡ ᠤᠤ︖     — ᠰᠠᠶᠢᠨ ᠰᠠᠶᠢᠨ︕ ᠰᠢᠨ᠎ᠠ ᠵᠢᠯ ᠤᠨ ᠰᠢᠨᠵᠢ ᠶᠢ ᠶᠠᠭᠤ ᠪᠠᠷ ᠲᠤᠩᠭᠠᠪᠠ︖     — ᠰᠠᠶᠢᠨ ᠰᠠᠶᠢᠨ︕ ᠲᠦᠮᠡᠨ ᠤ ᠲᠤᠯᠤᠭᠠᠢ ᠭᠡᠳᠡᠶᠢᠵᠤ᠂ ᠲᠦᠮᠦᠰᠦ ᠲᠠᠷᠢᠶ ᠎ᠠ ᠡᠯᠪᠡᠭᠰᠢᠬᠦ᠂ ᠤᠷᠴᠢᠯᠠᠩ ᠲᠠᠶᠠᠭᠠᠷ ᠲᠤ ᠤᠨᠢᠶᠠᠷ ᠲᠠᠢ᠂ ᠤᠭᠳᠠᠷᠭᠤᠢ ᠲᠦᠭᠦᠷᠡᠩ ᠡᠭᠦᠯᠡ ᠲᠠᠢ ᠰᠠᠶᠢᠨ ᠪᠡᠯᠭᠡ ᠲᠠᠢ ᠪᠠᠶᠢᠨ᠎ᠠ᠃     — ᠵᠤᠯᠠ ᠪᠠᠨ ᠡᠷᠳᠡ ᠮᠠᠨᠳᠤᠭᠤᠯᠪᠠ ᠤᠤ︖     — ᠲᠠᠶᠠᠭᠠᠷ ᠤᠨ ᠲᠠᠯᠢᠮ ᠢᠶᠠᠷ ᠲᠦᠴᠢ ᠶᠢᠰᠦᠨ ᠭᠤᠤᠯ ᠲᠠᠢ ᠪᠠᠷ᠂ ᠡᠪᠦᠭᠡᠳ ᠤᠨ ᠦᠭᠡ ᠪᠠᠷ᠂ ᠦᠷ ᠴᠠᠶᠢᠬᠤ ᠶᠢᠨ ᠠᠯᠳᠠᠰ ᠢᠶᠠᠷ ᠮᠠᠨᠳᠤᠭᠤᠯᠤᠭᠰᠠᠨ᠃     — ᠰᠠᠩ ᠵᠤᠯᠠ ᠶᠢᠨ ᠮᠠᠨᠳᠤᠯᠳᠠ ᠰᠠᠶᠢᠨ︖     — ᠰᠠᠶᠢᠨ᠂ ᠰᠠᠶᠢᠨ︕ ᠲᠠᠶᠢᠵᠢ ᠨᠠᠷ ᠤᠨ ᠮᠢᠩᠭᠠᠨ ᠵᠤᠯᠠ᠂ ᠲᠠᠷᠪᠠᠭᠠᠴᠢᠨ ᠤ ᠭᠤᠷᠪᠠᠨ ᠵᠠᠭᠤ ᠵᠢᠷᠠᠨ ᠨᠢᠭᠡᠨ ᠵᠤᠯᠠ᠂ ᠠᠯᠢ ᠶᠢ ᠨᠢ ᠰᠢᠨᠵᠢᠭᠰᠡᠨ ᠴᠤ ᠠᠰᠤᠷᠤ ᠶᠡᠭᠡ ᠰᠠᠶᠢᠨ᠃ ᠲᠦᠷᠦ ᠲᠦᠪᠰᠢᠷᠡᠵᠤ᠂ ᠲᠦᠮᠡᠨ ᠠᠮᠤᠷᠵᠢᠬᠤ ᠶᠢᠨ ᠪᠡᠯᠭᠡ ᠪᠠᠶᠢᠨ᠎ᠠ᠃     — ᠰᠠᠯᠬᠢ ᠪᠤᠷᠤᠭᠠᠨ ᠤ ᠰᠢᠨᠵᠢᠯᠡᠭᠡ ᠰᠠᠶᠢᠨ ᠪᠠ︖     — ᠰᠠᠶᠢᠨ᠂ ᠰᠠᠶᠢᠨ᠂ ᠬᠠᠩᠰᠢ ᠳᠤ ᠨᠤᠭᠤᠭ᠎ᠠ ᠲᠠᠢ᠂ ᠬᠠᠯᠠᠭᠤᠨ ᠳᠤ ᠪᠤᠷᠤᠭᠠᠨ ᠲᠠᠢ᠂ ᠰᠠᠭᠠᠯᠢ ᠡᠷᠳᠡ᠂ ᠰᠠᠪᠠ ᠲᠦᠭᠦᠷᠡᠩ᠃      — ᠫᠤᠤ ᠶᠢᠨ ᠲᠠᠭᠤᠨ ᠰᠠᠶᠢᠨ︕     — ᠰᠠᠶᠢᠨ᠂ ᠰᠠᠶᠢᠨ︕ ᠪᠠᠶᠠᠨ ᠲᠦᠭᠦᠮ ᠪᠠᠷᠬᠢᠯᠵᠤ᠂ ᠪᠠᠢ ᠶᠢᠨ ᠠᠭᠤᠯᠠ ᠨᠦᠷᠬᠢᠯᠵᠤ᠂ ᠪᠠᠯᠠᠷ ᠲᠤ ᠲᠠᠯᠪᠢᠭᠰᠠᠨ ᠫᠤᠤ ᠨᠢ ᠪᠠᠭ᠎ᠠ ᠴᠢᠷᠭ᠎ᠠ ᠳᠤ ᠰᠤᠨᠤᠰᠳᠠᠵᠤ᠂ ᠰᠢᠯᠢ ᠳᠤ ᠲᠠᠯᠪᠢᠭᠰᠠᠨ ᠫᠤᠤ ᠨᠢ ᠰᠢᠷᠢᠳᠡᠭ ᠤᠨ ᠴᠠᠶᠢᠳᠠᠮ ᠳᠤ ᠰᠤᠨᠤᠰᠳᠠᠭᠰᠠᠨ ᠪᠠᠶᠢᠬ᠎ᠠ᠃     — ᠪᠤᠤᠰᠠ ᠶᠢᠨ ᠠᠮᠳᠠ ᠰᠠᠶᠢᠨ︖     — ᠰᠠᠶᠢᠨ᠂ ᠰᠠᠶᠢᠨ︕ ᠲᠡᠷᠭᠡᠳᠡᠬᠢ ᠬᠦᠮᠦᠨ ᠳᠤ ᠢᠳᠡᠭᠦᠯᠦᠮ ᠎ᠠ ᠦᠭᠡᠢ᠂ ᠲᠡᠭᠡᠳᠦ ᠤᠷᠤᠭᠤᠯ ᠳᠠᠭᠠᠨ ᠬᠦᠷᠭᠡᠮ᠎ᠠ ᠦᠭᠡᠢ ᠠᠮᠳᠠ ᠲᠠᠢ ᠭᠡᠭᠴᠢ ᠠᠷᠭ᠎ᠠ ᠦᠭᠡᠢ᠃     — ᠠᠷᠠᠵᠠ ᠬᠤᠤᠷᠠᠵᠠ ᠶᠢᠨ ᠰᠢᠷ᠎ᠠ ᠮᠠᠩᠭᠤᠷ ᠰᠠᠶᠢᠨ ᠪᠠ︖ ᠠᠭᠳᠠ ᠬᠦᠯᠦᠭ ᠤᠨ ᠠᠮᠠᠨ ᠭᠠᠯᠵᠠᠭᠤ ᠰᠠᠶᠢᠨ ᠪᠠ︖ ᠠᠶᠢᠯᠴᠢᠨ ᠭᠡᠶᠢᠴᠢᠨ ᠤ ᠭᠡᠶᠢᠮᠤᠷᠢ ᠯᠤᠩᠳᠠ ᠰᠠᠶᠢᠨ ᠪᠢᠵᠠ︖     — ᠰᠠᠶᠢᠨ᠂ ᠰᠠᠶᠢᠨ︕ ᠪᠤᠭᠳᠠ ᠴᠢᠩᠬᠢᠰ ᠤᠨ ᠨᠠᠭᠠᠯ ᠤᠨ ᠭᠡᠰᠢᠭ᠂ ᠪᠤᠷᠤᠳᠤᠬᠤᠢ ᠶᠢᠨ ᠠᠮᠤ ᠶᠢᠨ ᠰᠢᠮ᠎ᠠ᠂ ᠬᠠᠭᠠᠨ ᠱᠠᠩ ᠤᠨ ᠬᠤᠷ ᠠᠵᠢᠷᠭ᠎ᠠ᠂ ᠬᠠᠷ᠎ᠠ ᠬᠤᠳᠠ ᠶᠢᠨ ᠰᠢᠪᠠᠷ ᠯᠤᠩᠬᠤ ᠭᠡᠵᠤ ᠮᠡᠳᠡ︕     — ᠵᠠ᠂ ᠡᠪᠦᠭᠡ ᠲᠡᠭᠡᠳᠦᠰ ᠤᠨ ᠦᠭᠯᠢᠭᠡ ᠶᠢᠨ ᠭᠡᠰᠢᠭ ᠠᠷᠪᠢᠨ ᠪᠠ︖     — ᠠᠷᠪᠢᠨ᠂ ᠠᠷᠪᠢᠨ᠂ ᠴᠠᠶᠢᠭᠰᠠᠨ ᠴᠠᠭᠠᠨ ᠢᠳᠡᠭᠡ᠂ ᠤᠯᠠᠶᠢᠭᠰᠠᠨ ᠤᠯᠠᠭᠠᠨ ᠢᠳᠡᠭᠡ᠂ ᠪᠤᠳᠤᠩ ᠪᠤᠳᠤᠩ ᠠᠶᠢᠷᠠᠭ᠂ ᠲᠡᠪᠰᠢ ᠲᠡᠪᠰᠢ ᠰᠢᠭᠦᠰᠦ᠂ ᠫᠢᠯᠠ ᠲᠦᠭᠦᠷᠡᠩ ᠪᠤᠭᠤᠷᠰᠤᠭ᠂ ᠠᠶᠠᠭ᠎ᠠ ᠲᠦᠭᠦᠷᠡᠩ ᠠᠮᠤ ᠪᠦᠷ ᠪᠠᠶᠢᠨ᠎ᠠ᠃     — ᠦᠭᠡᠯᠵᠢᠨ ᠰᠠᠷ᠎ᠠ ᠶᠢᠨ ᠭᠠᠯ ᠤᠨ ᠭᠡᠰᠢᠭ᠂ ᠡᠪᠴᠢᠭᠦᠦ᠂ ᠬᠠᠯᠢᠮ ᠤᠨ ᠬᠤᠪᠢ ᠠᠷᠪᠢᠨ ᠪᠢᠵᠠ︖     — ᠠᠷᠪᠢᠨ᠂ ᠠᠷᠪᠢᠨ︕ ᠦᠳᠭᠡᠷᠡᠭᠦᠯᠦᠭᠰᠡᠨ ᠡᠪᠴᠢᠭᠦᠦ᠂ ᠦᠭᠡᠭᠦᠯᠦᠭᠦᠯᠦᠭᠰᠡᠨ ᠪᠠᠶᠠᠨ ᠲᠦᠷᠦᠭᠦᠤ᠂ ᠭᠠᠯ ᠤᠨ ᠪᠤᠳᠠᠭ᠎ᠠ᠂ ᠭᠠᠷᠠᠬᠠᠨ ᠪᠤᠭᠤᠷᠰᠤᠭ ᠪᠦᠷᠢᠨ ᠪᠠᠶᠢᠨ᠎ᠠ᠃     — ᠵᠠ᠂ ᠦᠭᠡ ᠤᠯᠠᠳᠠᠯ᠎ᠠ᠂ ᠦᠭᠡᠷ ᠬᠤᠯᠠᠳᠠᠯ᠎ᠠ᠃ ᠴᠢᠩᠬᠢᠶ᠎ᠠ᠂ ᠰᠢᠨ᠎ᠠ ᠶᠢᠨ ᠬᠦᠮᠦᠨ ᠳᠤ ᠰᠦᠨᠢ ᠡᠳᠦᠷ ᠦᠭᠡᠢ᠂ ᠰᠢᠬᠢᠷᠴᠡᠭ ︵ᠴᠢᠬᠢᠷᠡᠰᠦᠨ︶ ᠮᠠᠯᠠᠭᠠᠢ ᠳᠤ ᠡᠮᠦᠨ᠎ᠠ ᠬᠤᠶᠢᠨ᠎ᠠ ᠦᠭᠡᠢ᠃ ᠲᠡᠭᠡᠵᠢ ᠪᠠᠨ ᠲᠠᠯᠪᠢᠶ᠎ᠠ᠃ ᠬᠤᠷᠳᠤᠨ ᠫᠢᠯᠠ ᠪᠠᠨ︕     — ᠰᠢᠨ᠎ᠠ ᠶᠢᠨ ᠪᠤᠳᠠᠭ᠎ᠠ ᠠᠴᠠ ᠵᠤᠭᠤᠭᠯᠠ︕ ᠰᠢᠨᠵᠢ ᠪᠡᠯᠭᠡ ᠶᠢ ᠲᠤᠩᠭ᠎ᠠ︕ ᠶᠠᠭᠠᠷᠠᠯ ᠦᠭᠡᠢ ᠰᠠᠭᠠᠳᠠ ︕ ᠶᠠᠩ ᠦᠭᠡᠢ ᠵᠤᠭᠤᠭᠯᠠ︕     ᠭᠡᠵᠤ ᠶᠡᠬᠡᠮᠡᠳ ᠬᠦᠮᠦᠰ ᠠᠶᠢᠯᠴᠢᠯᠠᠵᠤ ᠢᠷᠡᠭᠰᠡᠨ ᠬᠦᠮᠦᠰ ᠲᠠᠢ ᠪᠠᠨ ᠨᠠᠷᠬᠢᠨ ᠨᠠᠭᠠᠳᠴᠤ ᠡᠯᠭᠦᠭᠡ ᠬᠤᠯᠪᠤᠭ᠎ᠠ ᠲᠠᠢ ᠬᠡᠯᠡᠯᠴᠡᠵᠤ ᠰᠠᠭᠤᠳᠠᠭ᠃     ᠤᠯᠠᠩᠬᠢ ᠳᠠᠭᠠᠨ ᠠᠬᠠᠰ ᠵᠠᠬᠠᠰ ᠲᠤᠮᠤᠭᠠᠴᠤᠳ ᠨᠢ ᠠᠴᠢᠦᠷ ᠭᠡᠦᠭᠡᠳ᠂ ᠠᠩᠭ᠎ᠠ ᠲᠡᠭᠦᠦ ᠨᠠᠷ ᠲᠠᠭᠠᠨ ᠢᠷᠦᠭᠡᠯ ᠬᠠᠶᠢᠷᠠᠯᠠᠵᠤ ᠬᠤᠪᠢ ᠦᠭᠳᠡᠭ᠃     — ᠮᠦᠷᠭᠦᠭᠰᠡᠨ ᠲᠤᠯᠤᠭᠠᠢ ᠨᠢ ᠮᠦᠩᠭᠡ᠂ ᠮᠦᠩᠭᠦ ᠵᠤᠭᠤᠰ ᠢᠶᠠᠷ ᠡᠯᠪᠡᠭ ᠪᠤᠯᠳᠤᠭᠠᠢ︕     — ᠬᠤᠨᠢᠨ ᠠᠴᠠ ᠨᠤᠮᠤᠬᠠᠨ ᠪᠤᠯ︕ ᠬᠤᠭᠤᠷᠮᠠᠭ ᠠᠴᠠ ᠵᠦᠭᠡᠯᠡᠨ ᠪᠤᠯ︕     — ᠠᠳᠤᠭᠤ ᠮᠠᠯ ᠢᠶᠠᠷ ᠠᠷᠪᠢᠨ ᠶᠠᠪᠤ︕ ᠠᠮᠤᠷ ᠲᠦᠪᠰᠢᠨ ᠵᠢᠷᠭᠠᠵᠤ ᠶᠠᠪᠤ︕     — ᠡᠳ᠋ ᠡᠷᠳᠡᠨᠢ ᠲᠠᠢ ᠪᠠᠶᠠᠨ ᠪᠤᠯ ᠡᠷᠳᠡᠮ ᠨᠤᠮ ᠲᠠᠢ ᠮᠡᠷᠭᠡᠳ ᠪᠤᠯ︕     — ᠪᠠᠶᠠᠨ ᠡᠯᠪᠡᠭ ᠵᠢᠷᠭᠠᠵᠤ ᠶᠠᠪᠤ︕ ᠪᠠᠭᠠᠳᠤᠷ ᠴᠤᠯᠠ ᠪᠠᠨ ᠮᠠᠨᠳᠤᠭᠤᠯᠵᠤ ᠶᠠᠪᠤ︕     — ᠲᠦᠷᠦ ᠤᠯᠤᠰ ᠲᠠᠭᠠᠨ ᠵᠢᠳᠭᠦᠯᠳᠡᠢ ᠶᠠᠪᠤ︕ ᠲᠦᠮᠡᠨ ᠤᠯᠠᠨ ᠳᠠᠭᠠᠨ ᠲᠤᠰᠠᠳᠠᠢ ᠶᠠᠪᠤ︕     — ᠠᠳᠤᠭᠤ ᠮᠠᠯ ᠴᠢᠨᠢ ᠵᠤᠵᠠᠭᠠᠨ ᠪᠤᠯᠳᠤᠭᠠᠢ︕ ᠠᠴᠢᠦᠷ ᠬᠡᠦᠭᠡᠳ ᠴᠢᠨᠢ ᠪᠠᠶᠠᠨ ᠪᠤᠯᠳᠤᠭᠠᠢ︕     ᠡᠷᠡᠭᠳᠡᠢ᠂ ᠡᠮᠡᠭᠳᠡᠢ ᠵᠠᠯᠠᠭᠤᠰ ᠲᠠᠭᠠᠨ ᠶᠡᠬᠡᠴᠤᠳ ᠠᠴᠠ ᠢᠷᠦᠭᠡᠯ ᠬᠠᠶᠢᠷᠠᠯᠠᠬᠤ ᠳᠤ᠄     ᠡᠮᠡᠭᠳᠡᠢ ᠬᠦᠮᠦᠨ ᠳᠤ ᠪᠤᠯ᠄     — ᠨᠠᠷᠠᠨ ᠰᠠᠷᠠᠨ ᠮᠡᠳᠦ ᠤᠬᠠᠭᠠᠨ ᠲᠤᠩᠭᠠᠯᠠᠭ ᠶᠠᠪᠤ︕ ᠨᠠᠭᠤᠷ ᠤᠨ ᠯᠢᠩᠬᠸ᠎ᠠ ᠮᠡᠳᠦ ᠦᠵᠡᠰᠭᠦᠯᠡᠩ ᠭᠡᠭᠡᠨᠴᠢᠷ ᠶᠠᠪᠤ︕     — ᠠᠷᠤ ᠶᠢᠨ ᠨᠤᠭᠤᠭ᠎ᠠ ᠮᠡᠳᠦ ᠨᠠᠶᠢᠭᠤᠨ ᠵᠢᠷᠭᠠᠵᠤ᠂ ᠠᠷᠪᠠᠨ ᠲᠠᠪᠤᠨ ᠤ ᠰᠠᠷᠠᠨ ᠮᠡᠳᠦ ᠲᠦᠭᠦᠷᠡᠩ ᠵᠢᠷᠭᠠᠬᠤ ᠪᠤᠯᠳᠤᠭᠠᠢ︕     — ᠠᠯᠠᠭ ᠮᠤᠷᠢ ᠪᠠᠨ ᠤᠨᠤᠨ ᠵᠢᠷᠭ᠎ᠠ︕ ᠠᠯᠴᠢᠭᠤᠷ ᠬᠠᠳᠠᠭ ᠢᠶᠠᠨ ᠵᠡᠭᠦᠨ ᠵᠢᠷᠭ᠎ᠠ︕     — ᠲᠦᠮᠡᠨ ᠴᠠᠭᠠᠨ ᠬᠤᠨᠢ ᠲᠠᠢ ᠪᠤᠯ︕ ᠲᠦᠨᠳᠦᠭᠡᠷ ᠴᠠᠭᠠᠨ ᠬᠦᠦ ᠲᠠᠢ ᠪᠤᠯ︕     — ᠮᠢᠩᠭᠠᠨ ᠴᠠᠭᠠᠨ ᠬᠤᠨᠢ ᠲᠠᠢ ᠪᠤᠯ︕ ᠮᠡᠯᠳᠡᠭᠡᠷ ᠴᠠᠭᠠᠨ ᠬᠡᠦᠭᠡᠳ ᠲᠠᠢ ᠪᠤᠯ︕     — ᠬᠠᠳᠠᠨ ᠲᠠᠭᠠᠨ ᠲᠤᠳᠤᠨᠤᠰᠤᠭ᠂ ᠬᠠᠨᠢ ᠳᠠᠭᠠᠨ ᠡᠯᠢᠭᠡᠰᠡᠭ᠂ ᠦᠢᠯᠨ ᠳᠤ ᠤᠷᠠᠨ᠂ ᠦᠭᠡᠨ ᠳᠤ ᠰᠡᠴᠡᠨ ᠪᠤᠯᠳᠤᠭᠠᠢ︕     — ᠪᠠᠶᠠᠨ ᠬᠦᠮᠦᠨ ᠤ ᠪᠡᠷᠢ ᠪᠤᠯ︕ ᠪᠠᠨᠳᠠᠩ ᠶᠡᠭᠡ ᠱᠢᠷᠦ ᠵᠡᠭᠦ︕     ᠡᠷᠡᠭᠳᠡᠢ ᠬᠦᠮᠦᠨ ᠳᠤ ᠬᠡᠯᠡᠬᠦ ᠢᠷᠦᠭᠡᠯ ᠳᠤ᠄     — ᠬᠦᠳᠡᠭᠡ ᠪᠠᠷ ᠲᠦᠭᠦᠷᠡᠩ ᠮᠠᠯ ᠲᠠᠢ᠂ ᠬᠦᠨᠵᠢᠯᠡ ᠪᠠᠷ ᠲᠦᠭᠦᠷᠡᠩ ᠬᠡᠦᠭᠡᠳ ᠲᠠᠢ ᠪᠤᠯ︕     — ᠡᠩᠭᠡ ᠶᠠᠪᠤ᠂ ᠮᠦᠩᠭᠡ ᠵᠢᠷᠭ᠎ᠠ᠂ ᠡᠷᠳᠡᠨᠢ ᠶᠢᠨ ᠱᠠᠩ ᠳᠠᠭᠠᠨ ᠲᠤᠭᠳᠠᠨ ᠵᠢᠷᠭ᠎ᠠ︕     — ᠪᠠᠶᠠᠨ ᠨᠡᠷ᠎ᠠ ᠲᠠᠢ ᠪᠤᠯ︕ ᠪᠠᠭᠠᠳᠤᠷ ᠴᠤᠯᠠ ᠲᠠᠢ ᠪᠤᠯ︕     — ᠱᠧᠩ ᠱᠧᠩ ᠠᠯᠳᠠᠨ ᠲᠠᠢ᠂ ᠰᠢᠯᠢ ᠰᠢᠯᠢ ᠠᠳᠤᠭᠤ ᠲᠠᠢ ᠪᠤᠯᠳᠤᠭᠠᠢ︕     — ᠲᠠᠶᠢᠨ ᠳᠤ ᠪᠠᠭᠠᠳᠤᠷ᠂ ᠲᠠᠯᠠᠢ ᠳᠤ ᠤᠰᠤᠴᠢ᠂ ᠠᠪᠠᠨ ᠳᠤ ᠮᠡᠷᠭᠡᠨ᠂ ᠠᠷᠢᠬᠢᠨ ᠳᠤ ᠨᠤᠮᠤᠬᠠᠨ ᠪᠤᠯᠳᠤᠭᠠᠢ︕     — ᠲᠦᠮᠡᠨ ᠤᠯᠠᠨ ᠳᠠᠭᠠᠨ ᠢᠳᠡᠭᠡᠯ ᠲᠠᠢ ᠶᠠᠪᠤ︕ ᠲᠦᠷᠦ ᠤᠯᠤᠰ ᠲᠠᠭᠠᠨ ᠵᠢᠳᠭᠦᠯ ᠲᠠᠢ ᠶᠠᠪᠤ︕     — ᠨᠠᠰᠤ ᠪᠠᠷ ᠤᠷᠳᠤ᠂ ᠪᠤᠶᠠᠨ ᠢᠶᠠᠷ ᠠᠷᠪᠢᠨ᠂ ᠲᠡᠭᠰᠢ ᠲᠡᠯᠭᠡᠷᠡᠵᠤ᠂ ᠲᠦᠪᠰᠢᠨ ᠵᠢᠷᠭ᠎ᠠ︕     ᠡᠭᠦᠨ ᠠᠴᠠ  ᠭᠠᠳᠠᠨ᠎ᠠ ᠤᠬᠠᠭᠠᠨ ᠴᠡᠴᠡᠨ ᠲᠤᠮᠤᠭᠠᠳᠠᠨ ᠬᠡᠯᠡᠮᠦᠷᠴᠢᠳ ᠠᠭᠤᠯᠵᠠᠵᠤ ᠤᠴᠠᠷᠠᠭᠰᠠᠭᠠᠷ ᠦᠭᠡ ᠭᠡᠭᠴᠢ ᠶᠢ ᠤᠭᠰᠠᠷᠠᠭ᠎ᠠ ᠬᠤᠯᠪᠤᠭ᠎ᠠ ᠪᠠᠷ ᠪᠡᠯᠡᠨ ᠤᠷᠤᠰᠬᠠᠵᠤ ᠬᠡᠯᠡᠳᠡᠭ ᠨᠢ ᠮᠤᠩᠭᠤᠯ ᠬᠦᠮᠦᠨ ᠤ ᠬᠡᠯᠡ ᠮᠡᠷᠭᠡᠨ ᠭᠡᠬᠦᠳᠡᠭ ᠲᠠᠨᠢᠭᠦᠨ᠂ ᠰᠡᠴᠡᠨ ᠵᠦᠩᠴᠢ᠂ ᠰᠡᠷᠭᠦᠯᠡᠩ ᠤᠬᠠᠭᠠᠨᠴᠢ ᠶᠢᠨ ᠰᠢᠯᠳᠠᠭᠠᠨ ᠪᠤᠯᠠᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号