ᠪᠠᠶᠢᠭᠠᠯᠢ ᠳᠡᠯᠡᠭᠡᠢ ᠳᠤ ᠣᠷᠢᠬᠠᠨ ᠬᠠᠪᠣᠷ ᠰᠠᠭᠠᠳᠠᠵᠣ ᠠᠭᠤᠷ ᠠᠮᠢᠰᠬᠤᠯ ᠠᠭᠠᠵᠢᠮ ᠢᠶᠠᠷ ᠲᠤᠯᠠᠭᠠᠷᠠᠵᠤ | ᠡᠬᠢᠯᠡᠬᠦ ᠪᠠᠷ ᠮᠠᠨ ᠤ ᠬᠤᠰᠢᠭᠤᠨ ᠤ ᠬᠠᠮᠤᠭ ᠤᠨ ᠶᠡᠭᠡ ᠳᠠᠷᠢᠶᠠᠯᠠᠬᠤ ᠪᠠᠯᠭᠠᠰᠣ ᠪᠣᠯᠬᠤ ᠰᠢᠷᠬᠤᠰᠣᠨ ᠪᠠᠯᠭᠠᠰᠣ ᠨᠢ | ᠬᠢᠵᠢᠭ ᠡᠪᠡᠳᠴᠢᠨ ᠢ ᠰᠡᠷᠭᠡᠶᠢᠡᠯᠨ ᠡᠵᠡᠮᠳᠡᠬᠦ ᠠᠵᠢᠯ ᠢᠶᠠᠨ ᠯᠠᠪᠳᠠᠭᠤᠨ ᠪᠡᠳᠣᠳᠡᠢ ᠬᠢᠬᠦ ᠶᠢᠨ ᠬᠠᠮᠲᠣ ᠬᠠᠪᠣᠷ ᠤᠨ | ᠲᠠᠷᠢᠶᠠᠯᠠᠭ᠎ᠠ ᠶᠢᠨ ᠪᠡᠯᠡᠳᠭᠡᠯ ᠠᠵᠢᠯ ᠢᠶᠠᠨ ᠪᠦᠬᠦ ᠲᠠᠯ᠎ᠠ ᠪᠠᠷ ᠡᠬᠢᠯᠡᠭᠦᠯᠵᠣ ᠪᠠᠶᠢᠨ᠎ᠠ᠃ | | | | | | ᠰᠢᠷᠬᠤᠰᠣᠨ ᠪᠠᠯᠭᠠᠰᠣᠨ ᠤ ᠮᠣᠣᠪᠣᠯᠠᠭ ᠳᠣᠰᠬᠤᠨ ᠨᠢᠭᠡᠳᠣᠯᠳᠡᠢ ᠳᠦᠯᠣᠪᠵᠢᠭᠦᠯᠭᠡ ᠲᠤᠬᠢᠷᠠᠭᠤᠯᠤᠯᠲᠠ ᠬᠢᠵᠥ | ᠲᠠᠷᠢᠶᠠᠴᠢᠳ ᠤᠨ ᠨᠢᠭᠡ ᠪᠦᠯᠣᠭ᠌ ᠲᠠᠷᠢᠶᠠᠨ ᠭᠠᠵᠠᠷ ᠢ ᠨᠡᠶᠢᠯᠡᠭᠦᠯᠣᠨ ᠨᠢᠭᠡᠳᠭᠡᠵᠣ 1500 ᠮᠦ ᠶᠢᠨ ᠦᠨᠳᠣᠷ | ᠪᠠᠷᠢᠮᠵᠢᠶᠠᠲᠣ ᠣᠳᠣᠬᠢᠴᠢᠯᠠᠭᠰᠠᠨ ᠳᠠᠷᠢᠶᠠᠯᠠᠩ ᠤᠨ ᠳᠦᠷᠣᠯ ᠵᠣᠶᠢᠯ ᠢ ᠬᠡᠷᠡᠭᠵᠢᠭᠦᠯᠣᠭ᠍ᠰᠡᠨ ᠠᠴᠠ ᠲᠡᠭᠦᠨ ᠳᠤ ᠣᠯᠡᠨ | ᠲᠠᠯ᠎ᠠ ᠶᠢᠨ ᠠᠰᠢᠭ ᠳᠣᠰᠠ ᠶᠢ ᠠᠪᠴᠢᠷᠠᠬᠤ ᠪᠣᠯᠣᠭᠰᠠᠨ ᠪᠠᠶᠢᠨ᠎ᠠ᠃ ᠮᠣᠣᠪᠣᠯᠠᠭ ᠳᠣᠰᠬᠤᠨ ᠳᠤ ᠨᠠᠮᠣᠭᠯᠢᠭ ᠭᠠᠵᠠᠷ | ᠶᠠᠭᠡᠩᠬᠢ ᠶᠢ ᠡᠵᠡᠯᠡᠵᠣ ᠲᠠᠷᠢᠶᠠᠨ ᠭᠠᠵᠠᠷ ᠪᠠᠭ᠎ᠠ ᠪᠠᠶᠢᠳᠠᠭ᠃ ᠮᠠᠯᠴᠢᠨ ᠳᠠᠷᠢᠶᠠᠴᠢᠳ ᠤᠨ ᠲᠠᠷᠢᠮᠠᠯ ᠤᠨ ᠠᠵᠣ | ᠣᠶᠢᠯᠡᠰ ᠢ ᠠᠭᠤᠰᠣᠯᠴᠠᠭᠤᠯᠣᠨ ᠬᠥᠭᠵᠢᠭᠦᠯᠵᠦ ᠣᠷᠣᠯᠭ᠎ᠠ ᠶᠢ ᠨᠢ ᠨᠡᠮᠡᠭᠳᠡᠭᠦᠯᠭᠦ ᠪᠠᠷ 5 ᠬᠤᠷᠰᠢᠶᠠᠨ ᠤ | 350 ᠭᠠᠷᠣᠢ ᠡᠷᠣᠭᠡ ᠢ ᠪᠠᠭᠳᠠᠭᠠᠭᠰᠠᠨ ᠦᠨᠳᠣᠷ ᠪᠠᠷᠢᠮᠵᠢᠶᠠᠲᠣ ᠣᠳᠣᠬᠢᠴᠢᠯᠠᠭᠰᠠᠨ ᠳᠠᠷᠢᠶᠠᠯᠠᠩ ᠤᠨ ᠳᠦᠷᠣᠯ | ᠵᠣᠶᠢᠯ ᠢ ᠬᠡᠷᠡᠭᠵᠢᠭᠦᠯᠵᠥ ᠣᠳᠣᠬᠠᠨ ᠳᠤ ᠨᠢᠭᠡᠨᠲᠠ 600 ᠭᠠᠷᠣᠢ ᠮᠦ ᠲᠠᠷᠢᠶᠠᠨ ᠭᠠᠵᠠᠷ ᠢ ᠦᠬᠡᠷᠡᠴᠢᠯᠡᠨ ᠵᠠᠰᠠᠵᠣ | ᠦᠯᠡᠳᠡᠭᠰᠡᠨ ᠭᠡᠰᠡᠭ ᠢ ᠰᠠᠷ᠎ᠠ ᠶᠢᠨ ᠰᠡᠭᠦᠯᠴᠢ ᠪᠠᠷ ᠳᠠᠭᠤᠰᠬᠠᠬᠤ ᠪᠠᠷ ᠪᠠᠶᠢᠨ᠎ᠠ᠃ ᠡᠭᠦᠨ ᠤ ᠬᠠᠮᠲᠣ ᠮᠣᠣᠪᠣᠯᠠᠭ | ᠳᠣᠰᠬᠤᠨ ᠨᠢ ᠪᠠᠶᠢᠭᠠᠯᠢᠯᠢᠭ ᠣᠰᠣᠨ ᠴᠦᠬᠦᠷᠣᠮ ᠢ ᠠᠰᠢᠭᠯᠠᠵᠣ ᠣᠰᠣᠨ ᠭᠠᠷᠣᠯᠳᠡ ᠶᠢᠨ ᠣᠶᠢᠯᠡᠰ ᠪᠠᠷ ᠭᠤᠣᠯ | ᠪᠣᠯᠭᠠᠭᠰᠠᠨ ᠬᠦᠳᠡᠭᠡ ᠨᠣᠳᠤᠭ ᠤᠨ ᠵᠣᠭᠠᠴᠠᠯ ᠤᠨ ᠣᠶᠢᠯᠡᠰ ᠢ ᠭᠦᠭᠵᠢᠭᠦᠯᠵᠦ ᠬᠤᠣᠰ ᠠᠰᠢᠭ ᠭᠦᠷᠲᠡᠭᠡᠬᠦ ᠪᠠᠷ | ᠪᠠᠶᠢᠨ᠎ᠠ᠃ | | | | | | ᠰᠢᠷᠬᠤᠰᠣᠨ ᠭᠤᠣᠯ ᠪᠠᠯᠭᠠᠰᠣᠨ ᠤ ᠸᠠᠩ ᠶᠣᠣ ᠸᠠᠨ ᠳᠣᠰᠬᠤᠨ ᠨᠢ ᠱᠠᠨᠰᠢ ᠮᠤᠵᠢ ᠶᠢᠨ ᠲᠡᠮᠡᠭᠡᠲᠣ | ᠬᠤᠲᠠ ᠶᠢᠨ ᠵᠠᠮᠪᠠ ᠶᠢᠨ ᠲᠠᠯ᠎ᠠ ᠲᠠᠢ ᠬᠦᠷᠰᠢᠯᠠᠵᠣ ᠬᠢᠵᠢᠭ ᠡᠪᠡᠳᠴᠢᠨ ᠰᠡᠷᠭᠡᠶᠢᠯᠡᠨ ᠡᠵᠡᠮᠳᠡᠬᠦ ᠡᠭᠦᠷᠭᠡ ᠬᠦᠨᠳᠦ | ᠪᠠᠶᠢᠭᠰᠠᠨ ᠴᠦ ᠳᠣᠰᠬᠤᠨ ᠤ ᠵᠦᠪᠯᠠᠯ ᠠᠴᠠ ᠬᠠᠪᠣᠷ ᠤᠨ ᠲᠠᠷᠢᠶᠠᠯᠠᠭ᠎ᠠ ᠪᠠᠨ ᠡᠷᠲᠡ ᠠᠴᠠ ᠪᠠᠶᠢᠷᠢᠯᠡᠭᠤᠯᠵᠣ ᠳᠦᠷᠪᠡᠨ | ᠳᠣᠯᠠᠭᠠᠨ ᠬᠦᠯᠠᠮᠵᠢ ᠳᠤ 220 ᠭᠠᠷᠣᠢ ᠳᠦᠮᠡᠨ ᠢᠳᠡᠰᠢᠨ ᠨᠣᠭᠤᠭᠠᠨ ᠤ ᠰᠣᠶᠤᠭ᠎ᠠ ᠪᠣᠶᠢᠵᠢᠭᠤᠯᠣᠭᠰᠠᠨ ᠤ ᠬᠠᠮᠲᠣ | ᠳᠣᠣᠷ᠎ᠠ ᠣᠨᠠᠯᠲᠠ ᠲᠠᠢ ᠳᠠᠷᠢᠶᠠᠨ ᠭᠠᠵᠠᠷ ᠢ ᠦᠭᠡᠷᠡᠴᠢᠯᠡᠨ ᠵᠠᠰᠠᠬᠤ᠂ ᠲᠠᠷᠢᠶᠠᠨ ᠭᠠᠵᠠᠷ ᠲᠤ ᠪᠣᠷᠳᠣᠭᠤᠷ ᠬᠦᠷᠭᠡᠬᠦ | ᠵᠡᠷᠭᠡ ᠪᠡᠯᠡᠳᠭᠡᠯ ᠠᠵᠢᠯ ᠢᠶᠠᠨ ᠡᠬᠢᠯᠡᠭᠦᠯᠣᠭ᠍ᠰᠠᠨ ᠪᠠᠶᠢᠨ᠎ᠠ᠃ | | |