ᠮᠠᠨ ᠤ ᠬᠤᠰᠢᠭᠤᠨ ᠤ ᠨᠠᠶᠢᠬᠡᠮ ᠤᠨ ᠡᠯ᠎ᠡ ᠡᠳᠡᠭᠡᠳ ᠬᠤᠰᠢᠭᠤ ᠤᠯᠠᠭᠠᠨ ᠵᠠᠭᠠᠯᠮᠠᠶᠢᠲᠠᠨ ᠤ ᠨᠡᠶᠢᠬᠡᠮᠯᠢᠭ  ᠲᠤ 53 ᠳᠦᠮᠡᠨ ᠳᠦᠬᠦᠷᠢᠭ ᠬᠠᠨᠳᠢᠪᠯᠠᠯ᠎ᠠ
ᠨᠡᠶᠢᠲᠡᠯᠡᠭᠰᠡᠨ ᠴᠠᠭ᠄
2020-02-06
     ᠰᠢᠨ᠎ᠡ ᠬᠡᠯᠪᠡᠷᠢ ᠶᠢᠨ ᠲᠢᠳᠢᠮᠯᠢᠭ ᠸᠢᠷᠦ᠋ᠰ ᠠᠴᠠ ᠬᠠᠯᠳᠠᠪᠦᠷᠢᠯᠠᠭᠰᠠᠨ ᠠᠭᠤᠰᠬᠢᠨ ᠦᠷᠪᠢᠰᠦᠯ ᠤᠨ ᠬᠢᠵᠢᠭ ᠡᠭᠦᠰᠣᠨ ᠳᠡᠯᠭᠡᠷᠡᠭᠰᠡᠨ ᠠᠴᠠ ᠨᠠᠰᠢ ᠬᠤᠰᠢᠭᠤ ᠨᠠᠮ ᠤᠨ ᠬᠤᠷᠢᠶ᠎ᠠ ᠵᠠᠰᠠᠭ ᠤᠨ ᠣᠷᠳᠣᠨ ᠠᠴᠠ ᠬᠢᠵᠢᠭ ᠤᠨ ᠪᠠᠶᠢᠳᠡᠯ  ᠢ ᠤᠨᠴᠠᠭᠠᠶᠢᠯᠠᠨ ᠠᠩᠬᠠᠷᠴᠣ ᠤᠯᠡᠨ ᠣᠳᠠᠭᠠᠨ ᠤ ᠪᠠᠴᠢᠮ ᠬᠤᠷᠠᠯ ᠶᠢ ᠬᠤᠷᠠᠯᠳᠣᠭᠤᠯᠣᠨ ᠬᠢᠵᠢᠭ ᠤᠨ ᠪᠠᠶᠢᠳᠡᠯ ᠢ ᠰᠡᠷᠭᠡᠶᠢᠯᠡᠨ ᠡᠵᠡᠮᠳᠡᠬᠦ ᠣᠳᠣᠷᠢᠳᠬᠤ ᠳᠣᠭᠤᠶᠢᠯᠠᠩ ᠢ ᠪᠠᠶᠢᠭᠤᠯᠣᠭᠰᠠᠨ ᠤ ᠬᠠᠮᠳᠣ ᠡᠮᠣᠨ᠎ᠡ ᠹᠷᠤᠨᠲ ᠳᠡᠭᠡᠷ᠎ᠡ ᠭᠠᠪᠰᠢᠭᠠᠶᠢᠯᠠᠨ ᠠᠵᠢᠯᠯᠠᠵᠣ ᠪᠠᠶᠢᠭ᠎ᠠ ᠺᠠᠳ᠋ᠷ ᠠᠵᠢᠯᠳᠡᠨ ᠤ ᠠᠮᠢ ᠨᠠᠰᠣᠨ ᠤ ᠡᠷᠡᠭᠦᠯ ᠮᠡᠨᠳᠤ ᠪᠣᠯᠣᠨ ᠠᠮᠣᠷ ᠳᠦᠪᠰᠢᠨ  ᠢ ᠪᠦᠬᠦ ᠲᠠᠯ᠎ᠠ ᠪᠠᠷ ᠪᠠᠳᠣᠯᠠᠬᠤ ᠶᠢᠨ ᠳᠦᠯᠣᠭᠡ ᠬᠢᠵᠢᠭ ᠰᠡᠷᠭᠡᠶᠢᠯᠡᠯᠲᠡ ᠶᠢᠨ ᠳᠣᠰᠠᠯᠠᠨ ᠳᠡᠮᠵᠢᠬᠦ ᠳᠦᠯᠣᠪᠯᠡᠭᠡ ᠳᠣᠭᠳᠠᠭᠠᠨ ᠨᠠᠶᠢᠬᠡᠮ ᠤᠨ ᠡᠯ᠎ᠡ ᠡᠳᠡᠭᠡᠳ ᠤᠨ ᠬᠢᠨ ᠬᠢᠵᠢᠭ ᠤᠨ ᠪᠠᠶᠢᠳᠡᠯ ᠶᠢ ᠰᠡᠷᠭᠡᠶᠢᠯᠡᠨ ᠡᠵᠡᠮᠳᠡᠬᠦ ᠠᠵᠢᠯ ᠳᠣᠮᠲᠠ ᠨᠡᠮᠡᠷᠢ ᠬᠠᠨᠳᠢᠪ ᠡᠷᠭᠦᠬᠦ ᠶᠢ ᠣᠷᠢᠶᠠᠯᠠᠭᠰᠠᠨ ᠪᠠᠶᠢᠨ᠎ᠠ᠃
     ᠬᠢᠵᠢᠭ ᠤᠨ ᠪᠠᠶᠢᠳᠡᠯ ᠪᠣᠯ ᠵᠠᠷᠯᠢᠭ᠂ ᠰᠠᠷᠭᠡᠶᠢᠯᠡᠨ ᠡᠵᠡᠮᠳᠡᠬᠦ ᠨᠢ ᠬᠠᠷᠢᠭᠤᠴᠠᠯᠭ᠎ᠠ ᠭᠡᠳᠡᠭ ᠢᠶᠠᠷ 2 ᠰᠠᠷ᠎ᠠ ᠶᠢᠨ 4 ᠤ ᠡᠳᠣᠷ᠂ ᠮᠠᠨ ᠤ ᠬᠤᠰᠢᠭᠤᠨ ᠤ ᠣᠯᠠᠭᠠᠨ ᠵᠠᠭᠠᠯᠮᠠᠶᠢᠳᠡᠨ ᠤ ᠨᠠᠶᠢᠬᠡᠮᠯᠢᠭ ᠤᠨ ᠵᠤᠬᠢᠶᠠᠨ ᠪᠠᠶᠢᠭᠤᠯᠵᠤ ᠶᠠᠪᠣᠭᠳᠠᠭᠤᠯᠣᠭᠰᠠᠨ ᠬᠠᠨᠳᠢᠪ ᠤᠨ ᠠᠵᠢᠯᠯᠠᠭ᠎ᠠ ᠳᠤ ᠨᠠᠷᠢᠡᠭᠤᠤᠯ ᠠᠵᠣ ᠣᠶᠢᠯᠡᠳᠪᠣᠷᠢ ᠶᠢᠨ ᠳᠣᠭᠤᠷᠢᠭ ᠲᠤ ᠰᠠᠭᠤᠷᠢᠰᠢᠵᠣ ᠪᠠᠶᠢᠭ᠎ᠠ ᠮᠸᠡᠭ ᠳ᠋ᠠ ᠠᠭᠤᠷᠬᠠᠢ ᠶᠢᠨ ᠣᠶᠢᠯᠡᠰ ᠤᠨ ᠺᠣᠮᠫᠡᠨᠢ᠂ ᠣᠯᠠᠭᠠᠨᠳᠣᠯᠣᠭᠠᠢ ᠪᠠᠯᠭᠠᠰᠣᠨ ᠳᠤ ᠰᠠᠭᠤᠷᠢᠰᠢᠵᠣ ᠪᠠᠶᠢᠭ᠎ᠠ ᠱᠢ ᠯᠢᠨ ᠬᠢᠮᠢ ᠶᠢᠨ ᠣᠶᠢᠯᠡᠳᠪᠣᠷᠢ ᠶᠢᠨ ᠺᠣᠮᠫᠠᠨᠢ᠂ ᠮᠠᠨ ᠤ ᠬᠤᠰᠢᠭᠤᠨ ᠤ ᠲᠠᠮᠠᠬᠢ ᠳᠣᠰᠬᠠᠢ ᠬᠤᠳᠠᠯᠳᠣᠬᠤ ᠳᠣᠪᠴᠢᠶ᠎ᠠ ᠵᠡᠷᠭᠡ ᠠᠵᠣ ᠠᠬᠤᠶᠢᠯᠠᠯ ᠪᠣᠯᠣᠨ ᠶᠸᠤ ᠱᠢ ᠯᠢᠨ ᠵᠡᠷᠭᠡ ᠨᠡᠶᠢᠬᠡᠮ ᠤᠨ ᠡᠯ᠎ᠡ ᠡᠲᠡᠭᠡᠳ ᠨᠡᠶᠢᠲᠡ 34.3 ᠳᠦᠮᠡᠨ ᠳᠦᠬᠦᠷᠢᠭ ᠤᠨ ᠪᠡᠯᠡᠨ ᠮᠦᠡᠭᠬᠦ ᠬᠠᠨᠳᠢᠪᠯᠠᠭᠰᠠᠨ ᠪᠠᠶᠢᠨ᠎ᠠ᠃
     ᠣᠶᠢᠯᠠᠭᠠᠭᠰᠠᠨ ᠢᠶᠠᠷ ᠡᠨ᠋ᠨ ᠵᠢᠯ ᠤᠨ 1 ᠰᠠᠷ᠎ᠠ ᠶᠢᠨ 28 ᠤ ᠡᠳᠣᠷ ᠠᠴᠠ 2 ᠰᠠᠷ᠎ᠠ ᠶᠢᠨ 4 ᠤ ᠡᠳᠣᠷ ᠤᠨ 12 ᠴᠠᠭ ᠪᠣᠯᠲᠠᠯ᠎ᠠ ᠮᠠᠨ ᠤ ᠬᠤᠰᠢᠭᠤᠨ ᠤ ᠣᠯᠠᠭᠠᠨ ᠵᠠᠭᠠᠯᠮᠠᠶᠢᠳᠡᠨ ᠤ ᠨᠡᠶᠢᠬᠡᠮᠯᠢᠭ ᠨᠢ ᠪᠦᠬᠦ ᠬᠤᠰᠢᠭᠤᠨ ᠤ ᠨᠠᠶᠢᠬᠡᠮ ᠤᠨ ᠡᠯ᠎ᠡ ᠡᠳᠡᠭᠡᠳ ᠤᠨ ᠬᠠᠯᠠᠭᠤᠨ ᠰᠡᠳᠬᠢᠯᠳᠤ ᠬᠦᠮᠣᠰ ᠤᠨ 53 ᠳᠦᠮᠡᠨ ᠳᠦᠬᠦᠷᠢᠭ ᠤᠨ ᠬᠠᠨᠳᠢᠪ ᠤᠨ ᠮᠦᠡᠭᠬᠦ ᠶᠢ ᠲᠤᠰᠤᠨ ᠬᠤᠷᠢᠶᠠᠵᠣ ᠬᠢᠵᠢᠭ ᠤᠨ ᠪᠠᠶᠢᠳᠡᠯ ᠢ ᠰᠡᠷᠭᠡᠶᠢᠯᠡᠨ ᠡᠵᠡᠮᠳᠡᠬᠦ ᠠᠵᠢᠯ ᠳᠤ ᠵᠠᠷᠣᠴᠠᠭᠤᠯᠣᠨ ᠬᠢᠵᠢᠭ ᠡᠪᠡᠳᠴᠢᠨ ᠢ ᠰᠡᠷᠭᠡᠶᠢᠯᠡᠨ ᠡᠵᠡᠮᠳᠡᠬᠦ ᠢᠯᠡᠯᠳᠡ ᠶᠢᠨ ᠳᠠᠶᠢᠨ ᠳᠤ ᠳᠣᠰᠠᠯᠠᠵᠣ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号