ᠰᠢ ᠶᠢᠨ ᠫᠢᠩ ᠬᠤᠪᠸᠢ ᠮᠤᠵᠢ ᠳᠤ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠠᠵᠢᠯ ᠢ ᠰᠢᠨᠵᠢᠯᠡᠨ ᠪᠠᠶᠢᠴᠠᠭᠠᠵᠦ ᠡᠮᠤᠨ᠎ᠡ ᠹᠷᠦᠨᠲ ᠲᠤ ᠡᠷᠡᠯᠬᠡᠭᠯᠡᠨ ᠲᠡᠮᠡᠴᠡᠵᠦ ᠪᠠᠶᠢᠭ᠎ᠠ | ᠡᠮᠴᠢᠯᠡᠭᠡᠨ ᠤ ᠠᠵᠢᠯᠳᠠᠳ ᠴᠢᠯᠦᠭᠡᠯᠡᠬᠦ ᠴᠡᠷᠢᠭ ᠤᠨ ᠵᠢᠯᠤᠭᠤᠳᠤᠭᠴᠢ ᠪᠠᠶᠢᠯᠳᠤᠭᠴᠢᠳ ᠨᠡᠶᠢᠭᠡᠮ ᠲᠤᠭᠤᠷᠢᠭ ᠤᠨ | ᠠᠵᠢᠯᠳᠠᠳ ᠲᠤᠳᠤᠭᠠᠳᠤ ᠶᠢ ᠬᠠᠮᠠᠭᠠᠯᠠᠬᠤ ᠺᠠᠳ᠋ᠷ ᠴᠠᠭᠳᠠᠭ᠎ᠠ ᠨᠠᠷ ᠦᠨᠳᠦᠰᠦᠨ ᠱᠠᠳᠤᠨ ᠤ ᠺᠠᠳ᠋ᠷᠴᠤᠳ ᠦᠨᠳᠦᠰᠦᠨ | ᠱᠠᠳᠤᠨ ᠳᠤ ᠬᠦᠨᠵᠡᠭᠡᠶᠢᠷᠡᠭᠰᠡᠨ ᠺᠠᠳ᠋ᠷᠴᠤᠳ ᠰᠠᠶᠢᠨ ᠳᠤᠷᠠᠴᠤᠳ ᠪᠤᠯᠤᠨ ᠰᠠᠭᠤᠭᠠᠯᠢ ᠠᠷᠠᠳ ᠢ ᠡᠷᠭᠢᠨ ᠦᠵᠡᠵᠦ | ᠲᠤᠬᠤᠨᠢᠭᠤᠯᠬᠤ ᠳᠠᠭᠠᠨ ᠡᠯ᠎ᠡ ᠵᠦᠢᠯ ᠤᠨ ᠰᠡᠷᠭᠡᠶᠢᠯᠡᠨ ᠡᠵᠡᠮᠳᠡᠬᠦ ᠠᠵᠢᠯ ᠢ ᠤᠭᠲᠤ ᠰᠤᠯᠠᠷᠠᠭᠤᠯᠤᠯ ᠦᠭᠡᠢ ᠪᠠᠷ | ᠴᠢᠩᠭ᠎ᠠ ᠠᠳᠬᠤᠵᠦ ᠨᠠᠷᠢᠯᠢᠭ ᠠᠳᠬᠤᠵᠦ ᠬᠤᠪᠸᠢ ᠶᠢ ᠬᠠᠮᠠᠭᠠᠯᠠᠬᠤ ᠳᠠᠶᠢᠯᠠᠯᠳᠤᠭᠠᠨ ᠦᠬᠠᠨ ᠢ ᠬᠠᠮᠠᠭᠠᠯᠠᠬᠤ | ᠳᠠᠶᠢᠯᠠᠯᠳᠤᠭᠠᠨ ᠤ ᠢᠯᠠᠯᠲᠠ ᠶᠢ ᠡᠷᠡᠰ ᠤᠯᠬᠤ ᠬᠡᠷᠡᠭᠳᠡᠢ ᠬᠡᠵᠠᠢ᠃ | | | | | | | 3 ᠰᠠᠷ᠎ᠠ ᠶᠢᠨ 10 ᠤ ᠡᠳᠦᠷ᠂ ᠨᠠᠮ ᠤᠨ ᠲᠦᠪ ᠬᠤᠷᠢᠶᠠᠨ ᠤ ᠶᠡᠷᠦᠩᠭᠡᠢ ᠱᠦᠵᠢ᠂ ᠤᠯᠤᠰ ᠤᠨ | ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠰᠢ ᠶᠢᠨ ᠫᠢᠩ ᠬᠤᠪᠸᠢ | ᠮᠤᠵᠢ ᠶᠢᠨ ᠦᠬᠠᠨ ᠬᠤᠳᠠ ᠳᠤ ᠲᠤᠰᠬᠠᠢᠢᠯᠠᠨ ᠬᠦᠷᠴᠦ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤᠨ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠢᠨᠵᠢᠯᠡᠨ ᠪᠠᠶᠢᠴᠠᠭᠠᠪᠠ᠃ ᠵᠢᠷᠤᠭ ᠪᠤᠯ ᠰᠢ ᠶᠢᠨ ᠫᠢᠩ | ᠡᡁᠦ᠋ᠸᠧ ᠱᠧᠨ ᠱᠠᠨ ᠡᠮᠨᠡᠯᠬᠡ ᠶᠢᠨ ᠬᠤᠷᠢᠶᠠᠨ ᠤ ᠵᠢᠯᠤᠭᠤᠳᠬᠤ ᠲᠦᠪ ᠲᠤ ᠬᠠᠯᠳᠠᠪᠤᠷᠢᠯᠠᠯ ᠤᠨ ᠰᠠᠯᠠᠭ᠎ᠠ ᠶᠢᠨ | ᠡᠪᠡᠳᠴᠢᠳᠡᠨ ᠤ ᠦᠷᠦᠭᠡ ᠶᠢᠨ ᠬᠢᠨ ᠲᠠᠢ ᠸᠢᠳᠢᠣ᠋ ᠪᠠᠷ ᠬᠠᠷᠢᠯᠴᠠᠵᠤ᠂ ᠡᠪᠡᠳᠴᠢᠳᠡᠨ ᠤ ᠦᠷᠦᠬᠡᠨ ᠳᠠᠬᠢ | ᠡᠪᠡᠳᠴᠢᠳᠡᠨ ᠪᠤᠯᠤᠨ ᠡᠮᠴᠢᠯᠡᠭᠡᠨ ᠤ ᠠᠵᠢᠯᠳᠠᠨ ᠲᠠᠢ ᠲᠤᠳᠤᠨᠤ ᠪᠠᠷ ᠶᠠᠷᠢᠯᠴᠠᠵᠤ ᠪᠠᠶᠢᠭ᠎ᠠ ᠨᠢ᠃ | ᠰᠢᠨᠬᠤᠸᠠ ᠬᠤᠷᠢᠶᠠᠨ ᠤ ᠰᠤᠷᠪᠤᠯᠵᠢᠯᠠᠭᠴᠢ ᠰᠢᠶᠧ ᠬᠤᠸᠠᠨ ᠤᠤᠢ ᠰᠡᠬᠦᠳᠡᠷᠯᠡᠪᠡ | | | | | | | 3 ᠰᠠᠷ᠎ᠠ ᠶᠢᠨ 10 ᠤ ᠡᠳᠦᠷ᠂ ᠨᠠᠮ ᠤᠨ ᠲᠦᠪ ᠬᠤᠷᠢᠶᠠᠨ ᠤ ᠶᠡᠷᠦᠩᠭᠡᠢ ᠱᠦᠵᠢ᠂ ᠤᠯᠤᠰ ᠤᠨ | ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ ᠲᠡᠷᠢᠬᠦᠯᠡᠭᠴᠢ ᠰᠢ ᠶᠢᠨ ᠫᠢᠩ ᠬᠤᠪᠸᠢ | ᠮᠤᠵᠢ ᠶᠢᠨ ᠦᠬᠠᠨ ᠬᠤᠳᠠ ᠳᠤ ᠲᠤᠰᠬᠠᠢᠢᠯᠠᠨ ᠬᠦᠷᠴᠦ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤᠨ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠢᠨᠵᠢᠯᠡᠨ ᠪᠠᠶᠢᠴᠠᠭᠠᠪᠠ᠃ ᠵᠢᠷᠤᠭ ᠪᠤᠯ ᠰᠢ ᠶᠢᠨ ᠫᠢᠩ | ᠳ᠋ᠦᠩ ᠬᠤ᠋ ᠰᠢᠨ ᠴᠧᠩ ᠨᠡᠶᠢᠭᠡᠮ ᠲᠤᠭᠤᠷᠢᠭ ᠤᠨ ᠠᠮᠢᠳᠤᠷᠠᠯ ᠤᠨ ᠡᠳ᠋ ᠪᠠᠷᠠᠭ᠎ᠠ ᠶᠢ ᠲᠦᠪᠯᠡᠷᠡᠬᠦᠯᠦᠨ ᠬᠦᠷᠭᠡᠬᠦ | ᠴᠡᠭ ᠲᠤ᠂ ᠨᠡᠶᠢᠬᠡᠮ ᠲᠤᠭᠤᠷᠢᠭ ᠤᠨ ᠤᠯᠠᠨ ᠲᠦᠮᠡᠨ ᠤ ᠠᠮᠢᠳᠤᠷᠠᠯ ᠤᠨ ᠡᠳ᠋ ᠪᠤᠳᠠᠰ ᠬᠤᠳᠠᠯᠳᠤᠨ ᠠᠪᠴᠦ ᠪᠠᠶᠢᠭ᠎ᠠ | ᠪᠠ ᠡᠳ᠋ ᠪᠤᠳᠠᠰ ᠤᠨ ᠬᠠᠩᠭᠠᠯᠭ᠎ᠠ ᠶᠢᠨ ᠪᠠᠶᠢᠳᠠᠯ ᠢ ᠨᠠᠷᠢᠨ ᠠᠰᠠᠭᠤᠵᠦ ᠪᠠᠶᠢᠭ᠎ᠠ ᠨᠢ᠃ | ᠰᠢᠨᠬᠤᠸᠠ ᠬᠤᠷᠢᠶᠠᠨ ᠤ ᠰᠤᠷᠪᠤᠯᠵᠢᠯᠠᠭᠴᠢ ᠰᠢᠶᠧ ᠬᠤᠸᠠᠨ ᠤᠤᠢ ᠰᠡᠬᠦᠳᠡᠷᠯᠡᠪᠡ | | ᠰᠢᠨᠬᠤᠸᠠ ᠬᠤᠷᠢᠶᠠᠨ ᠤ ᠦᠬᠠᠨ ᠤ 3 ᠰᠠᠷ᠎ᠠ ᠶᠢᠨ 10 ᠤ ᠴᠠᠬᠢᠯᠭᠠᠨ ᠮᠡᠳᠡᠭᠡ ᠰᠢᠨ᠎ᠠ ᠳᠢᠳᠢᠮᠯᠢᠭ | ᠠᠭᠤᠰᠬᠢᠨ ᠦᠷᠪᠢᠰᠤᠯ ᠤᠨ ᠬᠢᠵᠢᠭ ᠲᠠᠢ ᠲᠡᠮᠡᠴᠡᠵᠦ ᠪᠠᠶᠢᠭ᠎ᠠ ᠵᠠᠩᠬᠢᠯᠠᠭ᠎ᠠ ᠶᠢᠨ ᠦᠶ᠎ᠡ ᠳᠤ᠂ ᠨᠠᠮ ᠤᠨ ᠲᠦᠪ | ᠬᠤᠷᠢᠶᠠᠨ ᠤ ᠶᠡᠷᠦᠩᠭᠡᠢ ᠱᠦᠵᠢ᠂ ᠤᠯᠤᠰ ᠤᠨ ᠲᠡᠷᠢᠬᠦᠯᠡᠭᠴᠢ᠂ ᠲᠦᠪ ᠤᠨ ᠴᠡᠷᠢᠭ ᠤᠨ ᠶᠠᠪᠤᠳᠠᠯ ᠤᠨ ᠬᠤᠷᠢᠶᠠᠨ ᠤ | ᠲᠡᠷᠢᠬᠦᠯᠡᠭᠴᠢ ᠰᠢ ᠶᠢᠨ ᠫᠢᠩ 10 ᠤ ᠡᠳᠦᠷ ᠬᠤᠪᠸᠢ ᠮᠤᠵᠢ ᠶᠢᠨ ᠦᠬᠠᠨ ᠬᠤᠳᠠ ᠳᠤ ᠲᠤᠰᠬᠠᠢᠢᠯᠠᠨ ᠬᠦᠷᠴᠦ | ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠢᠨᠵᠢᠯᠡᠨ ᠪᠠᠶᠢᠴᠠᠭᠠᠪᠠ᠃ ᠲᠡᠷᠡ᠂ ᠬᠤᠪᠸᠢ ᠪᠤᠯᠤᠨ | ᠦᠬᠠᠨ ᠪᠤᠯ ᠡᠨᠡ ᠤᠳᠠᠭ᠎ᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠡᠮᠡᠴᠡᠯ ᠳᠠᠬᠢ ᠭᠤᠤᠯᠳᠠᠯᠭ᠎ᠠ ᠶᠢᠨ | ᠳᠤᠳᠤᠷᠠᠬᠢ ᠭᠤᠤᠯᠳᠠᠯᠭ᠎ᠠ ᠪᠠ ᠰᠢᠢᠳᠪᠤᠷᠢᠳᠦ ᠢᠯᠠᠯᠳᠠ ᠶᠢ ᠤᠯᠬᠤ ᠭᠠᠵᠠᠷ ᠮᠦᠨ᠃ ᠰᠢᠷᠭᠠᠭᠤ ᠬᠠᠳᠠᠭᠤᠵᠢᠯᠳᠠᠢ | ᠴᠢᠷᠮᠠᠶᠢᠯᠭ᠎ᠠ ᠪᠠᠷ ᠳᠠᠮᠵᠢᠨ ᠬᠤᠪᠸᠢ ᠪᠤᠯᠤᠨ ᠦᠬᠠᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠠᠨᠳᠤᠰᠢ | ᠪᠠᠶᠢᠲᠠᠯ ᠢᠳᠡᠪᠬᠢᠳᠠᠢ ᠪᠠᠷ ᠰᠠᠶᠢᠵᠢᠷᠠᠬᠤ ᠲᠡᠶᠢᠰᠢ ᠬᠤᠪᠢᠷᠠᠵᠦ ᠱᠠᠳᠤᠴᠢ ᠴᠢᠨᠠᠷᠳᠠᠢ ᠴᠢᠬᠤᠯᠠ ᠦᠷ᠎ᠠ ᠪᠦᠳᠦᠮᠵᠢ | ᠤᠯᠪᠠ᠂ ᠭᠡᠪᠡᠴᠦ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠬᠦᠷᠭᠡ ᠮᠦᠨ ᠬᠦ ᠪᠡᠷᠭᠡ ᠬᠠᠳᠠᠭᠤᠵᠢᠯᠳᠠᠢ | ᠬᠦᠨᠳᠦ ᠨᠦᠰᠡᠷ ᠪᠠᠶᠢᠨ᠎ᠠ᠃ ᠡᠶᠢᠨ ᠬᠦ ᠴᠠᠭ ᠦᠶ᠎ᠠ ᠳᠤ ᠲᠡᠷᠢᠬᠢ ᠲᠤᠯᠤᠭᠠᠢ ᠪᠠᠨ ᠨᠡᠩ ᠰᠡᠷᠭᠡᠭ ᠪᠠᠶᠢᠯᠭᠠᠨ᠂ | ᠢᠮᠠᠬᠳᠠ ᠬᠢᠨᠠᠭᠤᠷ ᠪᠤᠯᠭᠤᠮᠵᠢᠳᠠᠢ ᠪᠠᠶᠢᠵᠦ᠂ ᠴᠢᠷᠮᠠᠶᠢᠬᠰᠠᠨ ᠳᠡᠭᠡᠷ᠎ᠠ ᠪᠠᠨ ᠲᠠᠬᠢᠨ ᠴᠢᠷᠮᠠᠶᠢᠵᠦ ᠴᠢᠳᠠᠮᠠᠭᠠᠢ ᠠᠵᠢᠯᠯᠠᠨ | ᠦᠷ᠎ᠠ ᠪᠦᠳᠦᠮᠵᠢ ᠭᠠᠷᠭᠠᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠢ ᠤᠳᠤᠬᠠᠨ ᠤ ᠲᠡᠷᠢᠬᠦᠨ ᠴᠢᠬᠤᠯᠠ | ᠲᠤᠮᠤ ᠶᠠᠪᠤᠳᠠᠯ ᠪᠠ ᠬᠠᠮᠤᠭ ᠤᠨ ᠴᠢᠬᠤᠯᠠ ᠠᠵᠢᠯ ᠢᠶᠠᠨ ᠪᠤᠯᠭᠠᠨ᠂ ᠠᠯᠮᠠᠶᠢᠷᠡᠨ ᠲᠠᠶᠢᠪᠤᠰᠢᠷᠠᠬᠤ ᠦᠭᠡᠢ᠂ | ᠲᠠᠶᠢᠯᠠᠯᠲᠤᠬᠤ ᠠᠴᠠ ᠬᠠᠯᠠᠰᠢᠷᠠᠬᠤ ᠦᠭᠡᠢ᠂ ᠡᠷᠴᠢᠮ ᠢᠶᠠᠨ ᠰᠤᠯᠠᠷᠠᠭᠤᠯᠬᠤ ᠦᠭᠡᠢ ᠪᠠᠶᠢᠵᠦ᠂ ᠡᠯ᠎ᠠ ᠵᠦᠢᠯ ᠤᠨ | ᠰᠡᠷᠭᠡᠶᠢᠯᠡᠨ ᠡᠵᠡᠮᠳᠡᠬᠦ ᠠᠵᠢᠯ ᠢ ᠤᠬᠳᠤ ᠰᠤᠯᠠᠷᠠᠭᠤᠯᠤᠯ ᠦᠭᠡᠢ ᠪᠠᠷ ᠴᠢᠩᠭ᠎ᠠ ᠠᠳᠬᠤᠵᠦ ᠪᠤᠳᠠᠳᠠᠢ ᠠᠳᠬᠤᠨ | ᠨᠠᠷᠢᠯᠢᠭ ᠠᠳᠬᠤᠵᠦ᠂ ᠬᠤᠪᠸᠢ ᠶᠢ ᠬᠠᠮᠠᠭᠠᠯᠠᠬᠤ ᠲᠠᠶᠢᠯᠠᠯᠳᠤᠭᠠᠨ᠂ ᠦᠬᠠᠨ ᠢ ᠬᠠᠮᠠᠭᠠᠯᠠᠬᠤ ᠲᠠᠶᠢᠯᠠᠯᠳᠤᠭᠠᠨ ᠤ | ᠢᠯᠠᠯᠳᠠ ᠶᠢ ᠡᠷᠡᠰ ᠤᠯᠬᠤ ᠭᠡᠷᠡᠭᠲᠡᠢ ᠭᠡᠵᠦ ᠴᠢᠬᠤᠯᠠᠴᠢᠯᠠᠪᠠ᠃ | ᠰᠢ ᠶᠢᠨ ᠫᠢᠩ᠂ ᠡᠨᠡ ᠬᠦ ᠪᠡᠷᠭᠡ ᠬᠠᠳᠠᠭᠤᠵᠢᠯᠳᠠᠢ ᠲᠠᠮᠡᠴᠡᠯ ᠳᠤᠮᠳᠠ᠂ ᠬᠤᠪᠸᠢ ᠶᠢᠨ ᠡᠯ᠎ᠠ ᠱᠠᠳᠤᠨ ᠤ | ᠨᠠᠮ ᠤᠨ ᠵᠤᠬᠢᠶᠠᠨ ᠪᠠᠶᠢᠭᠤᠯᠤᠯᠳᠠ ᠪᠠ ᠦᠷᠭᠡᠨ ᠤᠯᠠᠨ ᠨᠠᠮ ᠤᠨ ᠭᠡᠰᠢᠬᠦᠨ᠂ ᠺᠠᠳ᠋ᠷ ᠡᠮᠦᠨ᠎ᠠ ᠨᠢ ᠬᠤᠰᠢᠭᠤᠷᠠᠨ | ᠲᠠᠭᠠᠷᠢᠵᠦ ᠡᠷᠡᠯᠭᠡᠭᠯᠡᠨ ᠲᠡᠮᠡᠴᠡᠪᠠ᠂ ᠪᠦᠬᠦ ᠮᠤᠵᠢ ᠶᠢᠨ ᠡᠮᠴᠢᠯᠡᠭᠡᠨ ᠤ ᠠᠵᠢᠯᠳᠠᠳ ᠪᠤᠯᠤᠨ ᠬᠤᠪᠸᠢ ᠶᠢ ᠲᠤᠰᠠᠯᠠᠬᠤ | ᠡᠮᠴᠢᠯᠡᠭᠡᠨ ᠤ ᠠᠩᠬᠢ ᠶᠢᠨ ᠭᠡᠰᠢᠬᠦᠳ ᠴᠠᠭᠠᠨ ᠬᠤᠶᠠᠭ ᠲᠤᠭᠤᠯᠠᠭ᠎ᠠ ᠬᠡᠲᠡᠷᠤᠨ ᠠᠶᠤᠯ ᠢ ᠰᠦᠷᠴᠦ ᠤᠷᠤᠬᠰᠢᠯᠠᠨ | ᠲᠠᠶᠢᠨ ᠳᠤ ᠮᠤᠷᠳᠠᠪᠠ᠂ ᠠᠷᠠᠳ ᠤᠨ ᠴᠢᠯᠦᠭᠡᠯᠡᠬᠦ ᠴᠡᠷᠢᠭ ᠤᠨ ᠵᠢᠯᠤᠭᠤᠳᠤᠬᠴᠢ ᠪᠠᠶᠢᠯᠳᠤᠬᠴᠢᠳ ᠵᠠᠷᠯᠢᠭ ᠢ | ᠰᠤᠨᠤᠰᠤᠮᠠᠭᠴᠠ ᠪᠠᠨ ᠪᠠᠷᠢᠨ ᠬᠦᠳᠡᠯᠦᠯᠴᠠᠵᠦ ᠬᠦᠨᠳᠦ ᠡᠬᠦᠷᠭᠡ ᠶᠢ ᠵᠤᠷᠢᠬᠳᠠᠢ ᠡᠬᠦᠷᠭᠡᠯᠡᠪᠡ᠂ ᠦᠷᠭᠡᠨ ᠤᠯᠠᠨ | ᠨᠡᠶᠢᠭᠡᠮ ᠲᠤᠭᠤᠷᠢᠭ ᠤᠨ ᠠᠵᠢᠯᠳᠠᠳ᠂ ᠳᠤᠳᠤᠭᠠᠳᠦ ᠶᠢ ᠬᠠᠮᠠᠭᠠᠯᠠᠬᠤ ᠺᠠᠳ᠋ᠷ ᠴᠠᠭᠳᠠᠭ᠎ᠠ ᠨᠠᠷ᠂ ᠦᠨᠳᠦᠰᠦᠨ | ᠱᠠᠳᠤᠨ ᠤ ᠺᠠᠳ᠋ᠷᠴᠤᠳ᠂ ᠦᠨᠳᠦᠰᠦᠨ ᠱᠠᠳᠤᠨ ᠳᠤ ᠬᠦᠨᠵᠡᠭᠡᠶᠢᠷᠡᠭᠰᠡᠨ ᠺᠠᠳ᠋ᠷᠴᠤᠳ᠂ ᠰᠠᠶᠢᠨ ᠳᠤᠷᠠᠴᠤᠳ ᠰᠡᠯᠬᠢ | ᠪᠤᠷᠤᠭᠠᠨ ᠠᠴᠠ ᠡᠮᠢᠶᠡᠯ ᠦᠭᠡᠢ ᠪᠠᠷ ᠡᠮᠦᠨ᠎ᠠ ᠹᠷᠤᠨᠲ ᠢ ᠪᠠᠳᠤ ᠰᠠᠬᠢᠵᠦ᠂ ᠲᠦᠮᠡᠨ ᠤᠯᠠᠨ ᠢᠶᠠᠷ ᠢᠶᠠᠨ ᠲᠡᠮᠦᠷ ᠭᠡᠷᠡᠮ | ᠪᠤᠯᠵᠦ ᠢᠳᠡᠪᠬᠢᠳᠠᠢ ᠤᠷᠤᠯᠴᠠᠪᠡ᠂ ᠠᠳᠡ ᠨᠢᠭᠡ ᠪᠦᠯᠦᠭ ᠮᠠᠬᠳᠠᠨ ᠳᠠᠭᠤᠯᠠᠭᠤᠰᠢᠳᠠᠢ ᠲᠡᠷᠢᠬᠦᠨ ᠤ ᠨᠡᠶᠢᠳᠡᠯᠢᠭ | ᠵᠢᠱᠢᠶ᠎ᠠ ᠪᠠ ᠰᠡᠳᠬᠢᠯ ᠬᠦᠳᠡᠯᠭᠡᠮ᠎ᠠ ᠦᠢᠯᠡ ᠶᠠᠪᠤᠳᠠᠯ ᠴᠤᠯᠭᠤᠷᠠᠨ ᠭᠠᠷᠤᠭᠰᠠᠨ ᠪᠠᠶᠢᠨ᠎ᠠ ᠭᠡᠵᠦ ᠵᠢᠭᠠᠵᠦ ᠭᠠᠷᠭᠠᠪᠠ᠃ | ᠰᠢ ᠶᠢᠨ ᠫᠢᠩ᠂ ᠡᠨᠡ ᠬᠦ ᠪᠡᠷᠭᠡ ᠬᠠᠳᠠᠭᠤᠵᠢᠯᠳᠠᠢ ᠲᠡᠮᠡᠴᠡᠯ ᠳᠤᠮᠳᠠ᠂ ᠦᠬᠠᠨ ᠤ ᠠᠷᠠᠳ ᠲᠦᠮᠡᠨ ᠶᠡᠭᠡ | ᠶᠤᠰᠤ ᠶᠢ ᠠᠳᠬᠤᠵᠤ ᠶᠡᠭᠡ ᠲᠠᠯ᠎ᠠ ᠶᠢ ᠪᠤᠳᠤᠯᠬᠢᠯᠠᠨ᠂ ᠬᠦᠴᠢᠷ ᠪᠡᠷᠭᠡ ᠠᠴᠠ ᠡᠮᠢᠶᠡᠬᠦ ᠦᠭᠡᠢ ᠨᠤᠭᠤᠷᠠᠰᠢ ᠦᠭᠡᠢ | ᠪᠠᠶᠢᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠡᠭᠡ ᠲᠠᠯ᠎ᠠ ᠶᠢᠨ ᠭᠡᠷᠡᠭᠴᠡᠭᠡ ᠱᠠᠭᠠᠷᠳᠠᠯᠭ᠎ᠠ ᠶᠢ | ᠤᠬᠠᠮᠰᠠᠷ ᠠᠴᠠ ᠪᠠᠨ ᠳᠠᠭᠠᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠡᠮᠡᠴᠡᠯ ᠳᠤ | ᠰᠠᠨᠠᠭᠠᠴᠢᠯᠠᠭ᠎ᠠ ᠠᠴᠠ ᠪᠠᠨ ᠤᠷᠤᠯᠴᠠᠨ᠂ ᠴᠢᠬᠤᠯᠠ ᠶᠡᠭᠡ ᠬᠤᠪᠢ ᠨᠡᠮᠡᠷᠢ ᠦᠵᠡᠬᠦᠯᠵᠦ᠂ ᠪᠦᠬᠦ ᠤᠯᠤᠰ ᠪᠦᠬᠦ | ᠳᠡᠯᠡᠭᠡᠢ ᠳᠤ ᠦᠬᠠᠨ ᠤ ᠠᠷᠠᠳ ᠲᠦᠮᠡᠨ ᠤ ᠨᠤᠭᠤᠷᠠᠰᠢ ᠦᠭᠡᠢ ᠬᠠᠳᠠᠨ ᠵᠤᠷᠢᠭ ᠪᠤᠯᠤᠨ ᠡᠷᠬᠢᠮ ᠵᠠᠩᠰᠢᠯ ᠨᠠᠨᠳᠢᠨ | ᠮᠤᠷᠠᠯ ᠢᠶᠠᠨ ᠦᠵᠡᠬᠦᠯᠵᠠᠢ᠃ ᠦᠬᠠᠨ ᠤ ᠠᠷᠠᠳ ᠲᠦᠮᠡᠨ ᠤ ᠭᠠᠷᠭᠠᠭᠰᠠᠠ ᠦᠷᠡᠭᠳᠡᠯ ᠪᠠ ᠦᠵᠡᠬᠦᠯᠦᠭᠰᠡᠡ ᠬᠤᠪᠢ | ᠨᠡᠮᠡᠷᠢ ᠪᠠᠶᠢᠬᠰᠠᠨ ᠠᠴᠠ᠂ ᠦᠬᠠᠨ ᠤ ᠠᠷᠠᠳ ᠲᠦᠮᠨᠨ ᠤ ᠪᠠᠷᠢᠮᠳᠠᠯᠠᠯ ᠪᠠ ᠴᠢᠷᠮᠠᠶᠢᠯᠭ᠎ᠠ ᠪᠠᠶᠢᠭᠰᠠᠠ ᠠᠴᠠ᠂ | ᠦᠨᠦᠳᠦᠷ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠᠶᠢᠲᠠᠯ ᠰᠠᠶᠢ ᠢᠳᠡᠪᠬᠢᠳᠠᠢ ᠪᠠᠷ ᠰᠠᠶᠢᠵᠢᠷᠠᠬᠤ | ᠬᠠᠨᠳᠤᠰᠢ ᠲᠠᠢ ᠪᠤᠯᠵᠤ ᠴᠢᠳᠠᠭᠰᠠᠨ ᠶᠤᠮ᠃ ᠦᠬᠠᠨ ᠤ ᠠᠷᠠᠳ ᠲᠦᠮᠡᠨ ᠦᠪᠡᠷ ᠤᠨ ᠪᠤᠳᠠᠳᠦ ᠦᠢᠯᠡ | ᠠᠵᠢᠯᠯᠠᠭ᠎ᠠ ᠪᠠᠷ ᠢᠶᠠᠨ ᠳᠤᠮᠳᠠᠳᠤ ᠤᠯᠤᠰ ᠤᠨ ᠬᠦᠴᠦᠨ᠂ ᠳᠤᠮᠳᠠᠳᠤ ᠤᠯᠤᠰ ᠤᠨ ᠵᠤᠷᠢᠭ ᠰᠠᠨᠠᠭ᠎ᠠ ᠶᠢ ᠬᠠᠷᠠᠭᠤᠯᠵᠦ᠂ | ᠳᠤᠮᠳᠠᠳᠤ ᠶᠢᠨ ᠦᠨᠳᠦᠰᠦᠳᠡᠨ ᠤ ᠵᠢᠷᠭᠠᠯ ᠵᠤᠪᠠᠯᠠᠩ ᠢᠶᠠᠨ ᠬᠠᠮᠳᠤᠳᠬᠠᠨ ᠰᠠᠬᠢᠨ ᠪᠠᠷᠠᠯᠠᠵᠦ ᠬᠠᠷᠢᠯᠴᠠᠨ | ᠬᠠᠪᠰᠤᠷᠤᠯᠴᠠᠬᠤ ᠡᠬᠡ ᠤᠯᠤᠰ ᠢᠶᠠᠨ ᠭᠡᠬᠦ ᠬᠠᠶᠢᠷ᠎ᠠ ᠰᠡᠳᠬᠢᠯᠭᠡ ᠶᠢ ᠳᠡᠯᠭᠡᠨ ᠦᠵᠡᠬᠦᠯᠵᠡᠢ᠃ ᠦᠬᠠᠨ ᠨᠢ ᠪᠠᠭᠠᠳᠤᠷ | ᠬᠤᠳᠠ ᠭᠡᠰᠡᠨ ᠨᠡᠷ᠎ᠠ ᠳᠡᠭᠡᠨ ᠤᠰᠤᠯᠳᠠᠭᠰᠠᠨ ᠦᠭᠡᠢ᠂ ᠦᠬᠠᠨ ᠤ ᠠᠷᠠᠳ ᠲᠦᠮᠡᠨ ᠪᠠᠭᠠᠳᠤᠷᠯᠢᠬ ᠠᠷᠠᠳ ᠲᠦᠮᠡᠨ | ᠭᠡᠰᠡᠨ ᠨᠡᠷ᠎ᠠ ᠳᠡᠭᠡᠨ ᠤᠰᠤᠯᠳᠠᠭᠰᠠᠨ ᠦᠭᠡᠢ᠂ ᠯᠠᠪᠳᠠᠶ᠎ᠠ ᠰᠢᠨ᠎ᠠ ᠳᠢᠳᠢᠮᠯᠢᠭ ᠠᠭᠤᠰᠬᠢᠨ ᠦᠷᠪᠢᠰᠤᠯ ᠤᠨ | ᠬᠢᠵᠢᠭ ᠲᠠᠢ ᠲᠡᠮᠡᠴᠡᠬᠦ ᠢᠯᠠᠯᠳᠠ ᠶᠢ ᠤᠯᠵᠦ ᠲᠡᠦᠭᠡ ᠰᠤᠳᠤᠷ ᠲᠤ ᠲᠠᠬᠢᠨᠳᠠ ᠳᠡᠮᠳᠡᠭᠯᠡᠭᠳᠡᠬᠦ ᠨᠢ ᠭᠠᠷᠴᠠᠭ᠎ᠠ ᠦᠬᠡᠢ︕ | ᠪᠦᠬᠦ ᠨᠠᠮ ᠪᠦᠬᠦ ᠤᠯᠤᠰ ᠤᠨ ᠦᠨᠳᠦᠰᠦᠳᠡᠨ ᠨᠦᠭᠦᠳ ᠤᠨ ᠠᠷᠠᠳ ᠲᠦᠮᠡᠨ ᠴᠦᠮ ᠲᠠ ᠨᠠᠷ ᠤᠨ ᠲᠦᠯᠦᠭᠡ | ᠰᠡᠳᠬᠢᠯ ᠲᠤᠭᠳᠤᠯᠵᠦ᠂ ᠮᠠᠬᠳᠠᠨ ᠭᠠᠶᠢᠬᠠᠰᠢᠷᠠᠵᠦ ᠪᠠᠶᠢᠨ᠎ᠠ︕ ᠨᠠᠮ ᠪᠤᠯᠤᠨ ᠠᠷᠠᠳ ᠲᠦᠮᠡᠨ ᠦᠬᠠᠨ ᠤ ᠠᠷᠠᠳ | ᠲᠦᠮᠡᠨ ᠳᠤ ᠲᠠᠯᠠᠷᠬᠠᠵᠦ ᠪᠠᠶᠢᠨ᠎ᠠ︕ ᠭᠡᠵᠦ ᠴᠢᠬᠤᠯᠠᠴᠢᠯᠠᠪᠠ᠃ | ᠰᠢ ᠶᠢᠨ ᠫᠢᠩ ᠨᠠᠮ ᠤᠨ ᠲᠦᠪ ᠬᠤᠷᠢᠶᠠᠨ ᠤ ᠡᠮᠤᠨ᠎ᠠ ᠠᠴᠠ ᠬᠤᠪᠸᠢ ᠪᠤᠯᠤᠨ ᠦᠬᠠᠨ ᠤ ᠦᠷᠬᠡᠨ ᠤᠯᠠᠨ | ᠨᠠᠮ ᠤᠨ ᠬᠡᠰᠢᠬᠦᠨ᠂ ᠺᠠᠳ᠋ᠷ᠂ ᠤᠯᠠᠨ ᠲᠦᠮᠡᠨ ᠳᠤ ᠴᠢᠩ ᠰᠡᠳᠬᠢᠯ ᠤᠨ ᠮᠡᠨᠳᠤᠴᠢᠯᠠᠯ ᠬᠦᠷᠬᠡᠵᠤ᠂ ᠬᠢᠵᠢᠭ ᠤᠨ | ᠪᠠᠶᠢᠳᠠᠯ ᠢ ᠰᠡᠷᠬᠡᠶᠢᠯᠡᠨ ᠡᠵᠡᠮᠳᠡᠬᠦ ᠡᠮᠤᠨ᠎ᠠ ᠹᠷᠤᠨᠲ ᠲᠤ ᠡᠷᠡᠯᠭᠡᠭᠯᠡᠨ ᠲᠡᠮᠡᠴᠡᠵᠦ ᠪᠠᠶᠢᠭ᠎ᠠ ᠦᠷᠬᠡᠨ ᠤᠯᠠᠨ | ᠡᠮᠴᠢᠯᠡᠭᠡᠨ ᠤ ᠠᠵᠢᠯᠳᠠᠨ᠂ ᠠᠷᠠᠳ ᠤᠨ ᠴᠢᠯᠤᠬᠡᠯᠡᠬᠦ ᠴᠡᠷᠢᠭ ᠤᠨ ᠵᠢᠯᠤᠭᠤᠳᠤᠬᠴᠢ ᠪᠠᠶᠢᠯᠳᠤᠬᠴᠢ᠂ ᠨᠡᠶᠢᠬᠡᠮ | ᠲᠤᠭᠤᠷᠢᠬ ᠤᠨ ᠠᠵᠢᠯᠳᠠᠨ᠂ ᠳᠤᠳᠤᠭᠠᠳᠤ ᠶᠢ ᠬᠠᠮᠠᠭᠠᠯᠠᠬᠤ ᠺᠠᠳ᠋ᠷ ᠴᠠᠭᠳᠠᠭ᠎ᠠ᠂ ᠦᠨᠳᠤᠰᠤᠨ ᠱᠠᠳᠤᠨ ᠤ ᠺᠠᠳ᠋ᠷ᠂ | ᠦᠨᠳᠤᠰᠤᠨ ᠱᠠᠳᠤᠨ ᠳᠤ ᠬᠦᠨᠵᠡᠬᠡᠶᠢᠷᠡᠭᠰᠡᠨ ᠺᠠᠳ᠋ᠷ᠂ ᠰᠠᠶᠢᠨ ᠲᠤᠷᠠᠴᠤᠳ ᠵᠢᠴᠢ ᠡᠯ᠎ᠠ ᠡᠲᠡᠭᠡᠳ ᠤᠨ ᠨᠦᠬᠦᠳ ᠲᠤ | ᠡᠷᠬᠢᠮ ᠲᠡᠬᠡᠳᠤ ᠬᠦᠨᠳᠤᠳᠬᠡᠯ ᠲᠡᠪᠰᠢᠬᠦᠯᠵᠤ᠂ ᠡᠪᠡᠳᠴᠢᠨ ᠡᠮᠭᠡᠭ ᠲᠠᠢ ᠲᠡᠮᠡᠴᠡᠵᠤ ᠪᠠᠶᠢᠭ᠎ᠠ ᠡᠪᠡᠳᠴᠢᠳᠠᠨ ᠵᠢᠴᠢ | ᠲᠡᠲᠡᠨ ᠤ ᠬᠡᠷ ᠪᠦᠯᠢ᠂ ᠠᠯᠪᠠᠨ ᠠᠵᠢᠯ ᠢᠶᠠᠷ ᠪᠡᠶ᠎ᠡ ᠦᠷᠡᠭᠳᠡᠭᠰᠡᠡ ᠠᠵᠢᠯᠲᠠᠨ ᠤ ᠭᠡᠷ ᠪᠦᠯᠢ᠂ ᠡᠪᠡᠳᠴᠢᠨ ᠢᠶᠠᠷ ᠨᠠᠰᠦ | ᠪᠠᠷᠠᠭᠰᠠᠳ ᠤᠨ ᠭᠡᠷ ᠪᠦᠯᠢ ᠶᠢᠨ ᠬᠢᠨ ᠢ ᠴᠢᠩ ᠰᠡᠳᠬᠢᠯ ᠠᠴᠠ ᠪᠠᠨ ᠲᠤᠬᠤᠨᠢᠭᠤᠯᠵᠤ ᠪᠠᠶᠢᠬᠤ ᠪᠠᠨ ᠢᠯᠡᠳᠭᠡᠵᠤ᠂ | ᠡᠨᠡ ᠤᠳᠠᠭ᠎ᠠ ᠶᠢᠨ ᠬᠢᠵᠢᠭ ᠤᠨ ᠪᠠᠶᠢᠳᠠᠯ ᠳᠤ ᠵᠤᠯ ᠪᠤᠰᠤ ᠪᠠᠷ ᠠᠳᠡᠭᠰᠡᠨ ᠠᠬ᠎ᠠ ᠲᠡᠬᠦᠤ᠂ ᠪᠡᠶ᠎ᠠ ᠦᠷᠡᠭᠳᠡᠭᠰᠡᠨ | ᠡᠮᠤᠨ᠎ᠠ ᠹᠷᠤᠨᠲ ᠤᠨ ᠠᠵᠢᠯᠳᠠᠨ ᠢ ᠡᠮᠬᠡᠨᠢᠨ ᠭᠠᠰᠢᠭᠤᠳᠠᠵᠤ ᠪᠠᠶᠢᠬᠤ ᠪᠠᠨ ᠢᠯᠡᠳᠬᠡᠪᠡ᠃ | ᠨᠠᠮ ᠤᠨ ᠲᠦᠪ ᠬᠤᠷᠢᠶᠠᠨ ᠤ ᠤᠯᠤᠰ ᠲᠦᠷᠤ ᠶᠢᠨ ᠲᠤᠪᠴᠢᠶᠠᠨ ᠤ ᠪᠠᠶᠢᠩᠭᠤ ᠶᠢᠨ ᠬᠡᠰᠢᠬᠦᠨ᠂ ᠲᠦᠪ ᠤᠨ | ᠱᠦᠵᠢ ᠨᠠᠷ ᠤᠨ ᠭᠠᠵᠠᠷ ᠤᠨ ᠱᠦᠵᠢ ᠸᠠᠩ ᠬᠤ᠋ ᠨᠢᠩ ᠰᠢᠨᠵᠢᠯᠠᠨ ᠪᠠᠶᠢᠴᠠᠭᠠᠬᠤ ᠳᠤ ᠤᠷᠤᠯᠴᠠᠵᠠᠢ᠃ | ᠰᠢ ᠶᠢᠨ ᠫᠢᠩ ᠬᠤᠪᠸᠢ ᠮᠤᠵᠢ ᠪᠤᠯᠤᠨ ᠦᠬᠠᠨ ᠬᠤᠳᠠ ᠶᠢᠨ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ | ᠠᠵᠢᠯ ᠢ ᠶᠡᠷᠦ ᠨᠢ ᠲᠡᠭᠡᠳᠤ ᠬᠡᠮᠵᠢᠶ᠎ᠠ ᠪᠠᠷ ᠠᠩᠬᠠᠷᠤᠭᠰᠠᠭᠠᠷ ᠪᠠᠶᠢᠯ᠎ᠠ᠂ ᠲᠠᠷᠡ ᠨᠢᠰᠬᠡᠯ ᠠᠴᠠ ᠪᠠᠭᠤᠮᠠᠬᠴᠠ ᠨᠠᠮ ᠤᠨ | ᠲᠦᠪ ᠬᠤᠷᠢᠶᠠᠨ ᠤ ᠤᠯᠤᠰ ᠲᠦᠷᠤ ᠶᠢᠨ ᠲᠤᠪᠴᠢᠶᠠᠨ ᠤ ᠬᠡᠰᠢᠬᠦᠨ᠂ ᠲᠦᠷᠤ ᠶᠢᠨ ᠶᠠᠪᠤᠳᠠᠯ ᠤᠨ ᠬᠤᠷᠢᠶᠠᠨ ᠤ | ᠲᠡᠳ᠋ ᠶᠠᠷᠤᠩᠬᠡᠢ ᠰᠠᠶᠢᠳ᠂ ᠲᠦᠪ ᠤᠨ ᠵᠢᠯᠤᠭᠤᠳᠬᠤ ᠲᠤᠭᠤᠢᠢᠯᠠᠩ ᠤᠨ ᠲᠠᠷᠤᠭ᠎ᠠ ᠰᠦᠨ ᠴᠦᠨ ᠯᠠᠨ᠂ ᠬᠤᠪᠸᠢ | ᠮᠤᠵᠢ ᠶᠢᠨ ᠨᠠᠮ ᠤᠨ ᠬᠤᠷᠢᠶᠠᠨ ᠤ ᠱᠦᠵᠢ ᠶᠢᠩ ᠶᠦᠩ᠂ ᠬᠤᠪᠸᠢ ᠮᠤᠵᠢ ᠶᠢᠨ ᠨᠠᠮ ᠤᠨ ᠬᠤᠷᠢᠶᠠᠨ ᠤ | ᠪᠠᠶᠢᠩᠭᠤ ᠶᠢᠨ ᠬᠡᠰᠢᠬᠦᠨ᠂ ᠦᠬᠠᠨ ᠬᠤᠳᠠ ᠶᠢᠨ ᠨᠠᠮ ᠤᠨ ᠬᠤᠷᠢᠶᠠᠨ ᠤ ᠱᠦᠵᠢ ᠸᠠᠩ ᠵᠦᠩ ᠯᠢᠨ ᠤ ᠪᠠᠷ᠎ᠠ | ᠪᠤᠯᠤᠯᠭ᠎ᠠ ᠲᠠᠢ ᠪᠠᠷ ᠮᠠᠰᠢᠨ ᠲᠡᠷᠬᠡᠨ ᠳᠤ ᠰᠠᠭᠤᠵᠤ ᠬᠦᠨᠳᠤ ᠡᠪᠡᠳᠴᠢᠳᠠᠨ ᠢ ᠲᠦᠪᠯᠡᠷᠡᠬᠦᠯᠤᠨ ᠬᠦᠯᠢᠶᠠᠨ ᠠᠪᠴᠦ | ᠡᠮᠨᠡᠨ ᠵᠠᠰᠠᠵᠤ ᠪᠠᠶᠢᠭ᠎ᠠ ᠡᡁᠦ᠋ᠸᠧ ᠱᠧᠨ ᠱᠠᠨ ᠡᠮᠨᠡᠯᠬᠡ ᠶᠢᠨ ᠬᠤᠷᠢᠶᠠᠨ ᠳᠤ ᠬᠦᠷᠴᠠᠢ᠃ | ᠡᡁᠦ᠋ᠸᠧ ᠱᠧᠨ ᠱᠠᠨ ᠡᠮᠨᠡᠯᠬᠡ ᠶᠢᠨ ᠬᠤᠷᠢᠶᠠᠨ ᠤ ᠵᠢᠯᠤᠭᠤᠳᠬᠤ ᠲᠦᠪ ᠲᠤ᠂ ᠰᠢ ᠶᠢᠨ ᠫᠢᠩ ᠡᠮᠨᠡᠯᠬᠡ ᠶᠢᠨ | ᠬᠤᠷᠢᠶᠠᠨ ᠤ ᠪᠦᠳᠤᠬᠡᠨ ᠪᠠᠶᠢᠭᠤᠯᠤᠯᠳᠠ ᠡᠷᠬᠢᠯᠳᠡ᠂ ᠡᠪᠡᠳᠴᠢᠳᠠᠨ ᠢ ᠬᠦᠯᠢᠶᠠᠨ ᠠᠪᠴᠤ ᠡᠮᠨᠡᠨ ᠵᠠᠰᠠᠵᠤ ᠪᠠᠶᠢᠭ᠎ᠠ᠂ | ᠡᠮᠴᠢᠯᠡᠭᠡᠨ ᠤ ᠠᠵᠢᠯᠳᠠᠨ ᠤ ᠰᠡᠷᠬᠡᠶᠢᠯᠡᠨ ᠬᠠᠮᠠᠭᠠᠯᠠᠬᠤ ᠪᠠᠳᠤᠯᠠᠭ᠎ᠠ᠂ ᠰᠢᠨᠵᠢᠯᠡᠬᠦ ᠤᠬᠠᠭᠠᠨ ᠤ ᠰᠤᠳᠤᠯᠭᠠᠨ ᠤ | ᠪᠤᠭᠤᠮᠳᠠ ᠰᠢᠪᠳᠤᠯᠤᠯᠳᠠ ᠵᠡᠷᠬᠡ ᠪᠠᠶᠢᠳᠠᠯ ᠤᠨ ᠲᠠᠨᠢᠯᠴᠠᠭᠤᠯᠭ᠎ᠠ ᠶᠢ ᠰᠤᠨᠤᠰᠪᠠ᠃ ᠰᠢ ᠶᠢᠨ ᠫᠢᠩ᠂ ᠬᠢᠵᠢᠭ ᠤᠨ | ᠪᠠᠶᠢᠳᠠᠯ ᠭᠠᠷᠤᠬᠰᠠᠨ ᠠᠴᠠ ᠨᠠᠭᠠᠰᠢ᠂ ᠴᠡᠷᠢᠭ ᠠᠩᠬᠢ ᠶᠢ ᠪᠠᠭᠳᠠᠭᠠᠬᠰᠠᠨ ᠦᠷᠬᠡᠨ ᠤᠯᠠᠨ ᠡᠮᠴᠢᠯᠡᠭᠡᠨ ᠤ ᠠᠵᠢᠯᠳᠠᠨ | ᠬᠠᠯᠠ ᠵᠦᠳᠡᠬᠦᠷᠢ ᠶᠢ ᠤᠨᠴᠠᠭᠠᠢ ᠲᠠᠰᠪᠤᠷᠢᠯᠡᠵᠤ ᠲᠡᠶᠢᠯᠬᠦ᠂ ᠤᠨᠴᠠᠭᠠᠢ ᠪᠠᠶᠢᠯᠳᠤᠵᠤ ᠲᠡᠶᠢᠯᠬᠦ ᠵᠤᠷᠢᠬ ᠰᠠᠨᠠᠭ᠎ᠠ ᠪᠠᠷ | ᠦᠴᠦᠬᠡᠨ ᠴᠤ ᠡᠷᠡᠭᠡᠯᠵᠡᠵᠤ ᠲᠠᠲᠠᠭᠠᠯᠵᠠᠭᠰᠠᠨ ᠦᠬᠡᠢ ᠪᠠᠷ ᠬᠤᠪᠸᠢ ᠪᠤᠯᠤᠨ ᠦᠬᠠᠨ ᠳᠤ ᠢᠷᠡᠵᠦ᠂ ᠦᠴᠤᠬᠡᠨ ᠴᠤ | ᠠᠶᠤᠵᠤ ᠡᠮᠢᠶᠡᠭᠰᠡᠨ ᠦᠬᠡᠢ ᠪᠠᠷ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠵᠢᠯ ᠳᠤ ᠤᠷᠤᠯᠴᠠᠵᠤ᠂ ᠡᠳᠤᠷ | ᠰᠦᠨᠢ ᠶᠢᠨ ᠬᠤᠪᠢᠨ ᠳᠤ ᠲᠡᠮᠡᠴᠡᠨ᠂ ᠦᠬᠦᠵᠤ ᠰᠡᠬᠡᠬᠦ ᠶᠢ ᠤᠮᠠᠷᠳᠠᠵᠦ᠂ ᠬᠦᠰᠡᠯ ᠨᠠᠶᠢᠳᠠᠯᠭ᠎ᠠ ᠶᠢ ᠦᠯᠦ | ᠬᠦᠰᠡᠷᠳᠡᠬᠦᠯᠤᠨ᠂ ᠡᠬᠦᠷᠬᠡ ᠬᠠᠷᠢᠭᠤᠴᠠᠯᠭ᠎ᠠ ᠪᠠᠨ ᠦᠯᠦ ᠭᠤᠳᠤᠭᠠᠵᠤ᠂ ᠴᠠᠬ ᠮᠦᠴᠡ ᠲᠠᠢ ᠤᠷᠤᠯᠳᠤᠨ᠂ | ᠡᠪᠡᠳᠴᠢᠨ ᠡᠮᠭᠡᠭ ᠲᠠᠢ ᠲᠡᠮᠡᠴᠡᠵᠤ᠂ ᠦᠬᠠᠨ ᠤ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠵᠢᠯ ᠳᠤ | ᠴᠢᠬᠤᠯᠠ ᠬᠤᠪᠢ ᠨᠡᠮᠡᠷᠢ ᠦᠵᠡᠬᠦᠯᠪᠠ᠃ ᠴᠡᠷᠢᠭ ᠠᠩᠬᠢ ᠶᠢᠨ ᠡᠮᠴᠢᠯᠡᠭᠡᠨ ᠤ ᠠᠵᠢᠯᠳᠠᠨ ᠮᠠᠨ ᠤ ᠴᠡᠷᠢᠭ ᠤᠨ | ᠵᠤᠷᠢᠯᠳᠠ ᠶᠢ ᠪᠠᠳᠤ ᠴᠡᠬᠡᠵᠢᠯᠠᠨ᠂ ᠲᠠᠭᠤᠳᠠᠪᠠᠯ ᠢᠷᠡᠵᠤ᠂ ᠢᠷᠡᠪᠠᠯ ᠪᠠᠶᠢᠯᠳᠤᠵᠤ᠂ ᠪᠠᠶᠢᠯᠳᠤᠪᠠᠯ ᠢᠯᠠᠯᠳᠠ ᠤᠯᠵᠤ᠂ | ᠨᠠᠮ ᠤᠨ ᠲᠤᠬ᠂ ᠴᠡᠷᠢᠭ ᠤᠨ ᠲᠤᠬ ᠲᠤ ᠦᠩᠬᠡ ᠭᠢᠯᠪᠠᠭ᠎ᠠ ᠨᠡᠮᠡᠷᠢᠯᠠᠪᠠ᠃ ᠬᠠᠨᠠᠭᠠᠷ ᠲᠠᠯᠠᠢ ᠬᠠᠯᠬᠢᠯᠠᠨ ᠴᠠᠯᠬᠢᠯᠠᠵᠤ᠂ | ᠬᠠᠳᠠᠨ ᠪᠠᠭᠠᠳᠤᠷ ᠤᠨ ᠵᠢᠩᠬᠢᠨᠢ ᠲᠦᠷᠢ ᠶᠢ ᠭᠠᠶᠢᠬᠠᠭᠤᠯᠤᠨ᠎ᠠ᠃ ᠲᠠ ᠨᠠᠷ ᠦᠬᠦᠯ ᠠᠴᠠ ᠠᠪᠤᠷᠠᠨ | ᠰᠢᠷᠬᠠᠳᠤᠬᠰᠠᠳ ᠢ ᠲᠡᠩᠬᠡᠷᠡᠬᠦᠯᠵᠤ᠂ ᠬᠢᠵᠠᠭᠠᠯᠠᠰᠢ ᠦᠬᠡᠢ ᠶᠡᠭᠡ ᠬᠠᠶᠢᠷ᠎ᠠ ᠪᠠᠨ ᠡᠷᠬᠦᠭᠰᠡᠨ ᠪᠠᠶᠢᠨ᠎ᠠ᠃ ᠲᠠ ᠨᠠᠷ ᠪᠤᠯ | ᠬᠡᠷᠡᠯ ᠬᠡᠬᠡ ᠶᠢᠨ ᠡᠯᠴᠢ᠂ ᠬᠦᠰᠡᠯ ᠡᠷᠡᠮᠡᠯᠵᠡᠯ ᠤᠨ ᠡᠯᠴᠢ᠂ ᠬᠠᠮᠤᠬ ᠤᠨ ᠭᠤᠸ᠎ᠠ ᠡᠯᠴᠢ᠂ ᠵᠢᠩᠬᠢᠨᠢ ᠪᠠᠭᠠᠳᠤᠷ ᠮᠦᠨ | ︕ ᠨᠠᠮ ᠪᠤᠯᠤᠨ ᠠᠷᠠᠳ ᠲᠦᠮᠡᠨ ᠲᠠ ᠨᠠᠷ ᠲᠤ ᠲᠠᠯᠠᠷᠬᠠᠵᠤ ᠪᠠᠶᠢᠨ᠎ᠠ ᠬᠡᠵᠤ ᠵᠢᠭᠠᠵᠤ ᠭᠠᠷᠭᠠᠪᠠ᠃ | ᠰᠢ ᠶᠢᠨ ᠫᠢᠩ ᠠᠯᠤᠰ ᠡᠵᠡᠮᠰᠢᠯ ᠤᠨ ᠬᠠᠮᠳᠤᠷᠠᠬᠰᠠᠨ ᠤᠨᠤᠰᠢᠯᠠᠬᠤ ᠲᠠᠪᠴᠠᠩ ᠢᠶᠠᠷ ᠲᠠᠮᠵᠢᠨ | ᠡᠪᠡᠳᠴᠢᠳᠠᠨ ᠤ ᠲᠤᠭᠤᠷᠢᠬ ᠲᠤ ᠠᠵᠢᠯᠯᠠᠵᠤ ᠪᠠᠶᠢᠭ᠎ᠠ ᠡᠮᠴᠢᠯᠡᠭᠡᠨ ᠤ ᠠᠵᠢᠯᠳᠠᠨ ᠤ ᠲᠦᠯᠤᠬᠡᠯᠡᠭᠴᠢᠳ ᠲᠠᠢ | ᠸᠢᠳᠢᠣ᠋ ᠪᠠᠷ ᠬᠠᠷᠢᠯᠴᠠᠵᠤ᠂ ᠠᠵᠢᠯ ᠪᠤᠯᠤᠨ ᠪᠠᠳᠤᠯᠠᠭ᠎ᠠ ᠶᠢᠨ ᠪᠠᠶᠢᠳᠠᠯ ᠢ ᠨᠢ ᠯᠠᠪᠯᠠᠨ ᠠᠰᠠᠭᠤᠪᠠ᠃ ᠰᠢ ᠶᠢᠨ ᠫᠢᠩ᠂ | ᠡᠮᠤᠨ᠎ᠠ ᠹᠷᠤᠨᠲ ᠤᠨ ᠠᠵᠢᠯᠳᠠᠳ ᠬᠠᠮᠤᠬ ᠠᠴᠠ ᠵᠦᠳᠡᠷᠡᠵᠤ ᠪᠠᠶᠢᠨ᠎ᠠ᠂ ᠪᠤᠳᠤᠬᠤᠶ᠎ᠠ ᠪᠡᠷᠬᠡ ᠪᠠᠶ᠎ᠠ ᠰᠡᠳᠬᠢᠯ ᠤᠨ | ᠲᠠᠷᠤᠭᠠᠰᠤ ᠶᠢ ᠬᠦᠯᠢᠶᠠᠵᠤ ᠪᠠᠶᠢᠨ᠎ᠠ᠂ ᠮᠠᠰᠢ ᠤᠯᠠᠨ ᠨᠦᠬᠦᠳ ᠤᠨ ᠨᠢᠭᠤᠷ ᠴᠢᠷᠠᠢ ᠪᠠ ᠭᠠᠷ ᠨᠢ ᠱᠦᠷᠬᠦᠭᠳᠡᠨ ᠴᠢᠰᠤ | ᠭᠠᠷᠴᠤ᠂ ᠬᠦᠮᠦᠰ ᠤᠨ ᠰᠡᠳᠬᠢᠯ ᠢ ᠬᠦᠳᠡᠯᠬᠡᠨᠠ᠂ ᠲᠠ ᠨᠠᠷ ᠪᠤᠯ ᠰᠢᠨ᠎ᠠ ᠴᠠᠬ ᠦᠶ᠎ᠠ ᠶᠢᠨ ᠬᠠᠮᠤᠬ ᠤᠨ ᠬᠠᠶᠢᠷᠠᠳᠠᠢ | ᠬᠦᠮᠤᠰ ᠮᠦᠨ᠃ ᠪᠢ ᠲᠠ ᠨᠠᠷ ᠲᠤ ᠡᠷᠬᠢᠮ ᠲᠡᠭᠡᠳᠤ ᠬᠦᠨᠳᠤᠳᠬᠡᠯ ᠢᠶᠠᠨ ᠲᠡᠪᠰᠢᠬᠦᠯᠵᠤ ᠪᠠᠶᠢᠨ᠎ᠠ ᠬᠡᠵᠤ | ᠴᠢᠬᠤᠯᠠᠴᠢᠯᠠᠪᠠ᠃ ᠰᠢ ᠶᠢᠨ ᠫᠢᠩ ᠦᠷᠬᠡᠨ ᠤᠯᠠᠨ ᠡᠮᠴᠢᠯᠡᠭᠡᠨ ᠤ ᠠᠵᠢᠯᠳᠠᠨ ᠢ ᠦᠪᠡᠷ ᠤᠨ ᠪᠠᠶ᠎ᠠ ᠪᠠᠨ | ᠬᠠᠮᠠᠭᠠᠯᠠᠬᠤ ᠶᠢ ᠰᠠᠶᠢᠲᠤᠷ ᠠᠩᠬᠠᠷᠴᠤ᠂ ᠴᠠᠬ ᠢ ᠵᠠᠪᠳᠤᠨ ᠠᠮᠠᠷᠠᠵᠤ᠂ ᠵᠤᠷᠢᠬᠳᠠᠢ ᠪᠠᠷ ᠲᠡᠮᠡᠴᠡᠬᠦ ᠪᠦᠬᠡᠳ ᠪᠠᠰᠠ | ᠴᠢᠲᠠᠮᠠᠭᠠᠢ ᠪᠠᠷ ᠲᠡᠮᠡᠴᠡᠭᠡᠷᠡᠢ ᠭᠡᠵᠤ ᠵᠠᠬᠢᠪᠠ᠃ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠢᠨ ᠢ ᠰᠡᠷᠬᠡᠶᠢᠯᠡᠨ | ᠬᠠᠮᠠᠭᠠᠯᠠᠬᠤ ᠡᠳ᠋ ᠪᠤᠳᠠᠰ ᠪᠠ ᠠᠮᠢᠳᠤᠷᠠᠯ ᠤᠨ ᠡᠳ᠋ ᠪᠤᠳᠠᠰ ᠤᠨ ᠪᠠᠳᠤᠯᠠᠭ᠎ᠠ ᠶᠢ ᠨᠠᠶᠢᠳᠠᠪᠤᠷᠢᠵᠢᠭᠤᠯᠵᠤ᠂ ᠴᠠᠯᠢᠩ | ᠤᠯᠭᠤᠮᠵᠢ᠂ ᠲᠦᠷ ᠴᠠᠬ ᠤᠨ ᠴᠢᠨᠠᠷᠳᠠᠢ ᠴᠠᠯᠢᠩ ᠤᠨ ᠨᠦᠬᠦᠪᠤᠷᠢ᠂ ᠡᠷᠡᠬᠦᠯ ᠬᠠᠮᠠᠭᠠᠯᠠᠯ ᠬᠢᠵᠢᠭ ᠰᠡᠷᠬᠡᠶᠢᠯᠡᠬᠦ | ᠨᠡᠮᠡᠭᠦᠷᠢ ᠬᠦᠷᠲᠡᠮᠵᠢ ᠤᠯᠭᠤᠮᠵᠢ ᠶᠢ ᠰᠠᠶᠢᠳᠤᠷ ᠨᠠᠶᠢᠳᠠᠪᠤᠷᠢᠵᠢᠭᠤᠯᠵᠤ᠂ ᠡᠮᠤᠨ᠎ᠡ ᠹᠷᠤᠨᠲ ᠤᠨ ᠡᠮᠴᠢᠯᠡᠭᠡᠨ ᠤ | ᠠᠵᠢᠯᠳᠠᠳ ᠢ ᠬᠠᠯᠠᠮᠵᠢᠯᠠᠨ ᠬᠠᠶᠢᠷᠠᠯᠠᠬᠤ ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠡ ᠶᠢ ᠲᠦᠷᠭᠡᠨ ᠲᠤᠬᠳᠠᠭᠠᠵᠤ᠂ | ᠤᠯᠠᠨ ᠤ ᠬᠤᠶᠢᠰᠢᠳᠠ ᠶᠢᠨ ᠵᠤᠪᠠᠨᠢᠯ ᠢ ᠨᠢ ᠬᠠᠪᠰᠤᠷᠤᠨ ᠠᠷᠢᠯᠭᠠᠵᠤ᠂ ᠤᠯᠠᠨ ᠤ ᠴᠤᠭ ᠵᠤᠯᠢ ᠪᠠᠳᠠᠷᠠᠩᠭᠤᠢ ᠪᠠᠷ | ᠠᠵᠢᠯᠯᠠᠬᠤ ᠶᠢ ᠦᠨᠡᠨ ᠬᠦ ᠪᠠᠳᠤᠯᠠᠬᠤ ᠭᠡᠷᠡᠭᠳᠠᠢ ᠭᠡᠵᠤ ᠱᠠᠭᠠᠷᠲᠠᠪᠠ᠃ | ᠰᠢ ᠶᠢᠨ ᠫᠢᠩ ᠪᠠᠰᠠ ᠬᠠᠯᠳᠠᠪᠤᠷᠢᠯᠠᠯ ᠤᠨ ᠰᠠᠯᠠᠭ᠎ᠠ ᠶᠢᠨ ᠡᠪᠡᠳᠴᠢᠳᠡᠨ ᠤ ᠦᠷᠦᠭᠡ ᠶᠢᠨ ᠬᠢᠨ ᠲᠠᠢ | ᠸᠢᠳᠢᠣ᠋ ᠪᠠᠷ ᠬᠠᠷᠢᠯᠴᠠᠨ᠂ ᠡᠮᠨᠡᠬᠦᠯᠵᠤ ᠪᠠᠶᠢᠭ᠎ᠠ ᠡᠪᠡᠳᠴᠢᠳᠡᠨ ᠲᠠᠢ ᠶᠠᠷᠢᠯᠴᠠᠵᠤ᠂ ᠲᠡᠳᠡᠨ ᠤ ᠡᠪᠡᠳᠴᠢᠨ ᠤ ᠪᠠᠶᠢᠳᠠᠯ | ᠪᠤᠯᠤᠨ ᠡᠮᠴᠢᠯᠡᠭᠡᠨ ᠤ ᠪᠠᠶᠢᠳᠠᠯ ᠢ ᠤᠢᠢᠯᠠᠭᠠᠪᠠ᠂ ᠲᠡᠷᠡ ᠤᠯᠠᠨ ᠤ ᠪᠦᠳᠦᠮᠵᠢᠳᠠᠢ ᠪᠠᠷ ᠡᠮᠨᠡᠬᠦᠯᠵᠤ᠂ ᠡᠪᠡᠳᠴᠢᠨ ᠤ | ᠪᠠᠶᠢᠳᠠᠯ ᠨᠢ ᠴᠦᠮ ᠢᠯᠡᠷᠢᠰᠢᠵᠦ ᠪᠠᠶᠢᠬᠤ ᠶᠢ ᠮᠡᠳᠡᠬᠡᠳ ᠮᠠᠰᠢ ᠪᠠᠶᠠᠷᠯᠠᠪᠠ᠃ | ᠰᠢ ᠶᠢᠨ ᠫᠢᠩ᠂ ᠬᠢᠵᠢᠭ ᠤᠨ ᠪᠠᠶᠢᠳᠠᠯ ᠭᠠᠷᠤᠬᠰᠡᠨ ᠠᠴᠠ ᠨᠠᠭᠠᠰᠢ᠂ ᠨᠠᠮ ᠤᠨ ᠲᠦᠪ ᠬᠤᠷᠢᠶ᠎ᠡ | ᠡᠬᠢᠯᠡᠩᠬᠦᠳᠠ ᠪᠠᠨ ᠲᠠᠷᠤᠢ ᠠᠷᠠᠳ ᠲᠦᠮᠡᠨ ᠤ ᠠᠮᠢ ᠨᠠᠰᠤᠨ ᠤ ᠠᠮᠤᠷ ᠲᠦᠪᠰᠢᠨ ᠪᠤᠯᠤᠨ ᠪᠡᠶ᠎ᠡ ᠮᠠᠬᠠᠪᠤᠳ ᠤᠨ | ᠡᠷᠡᠬᠦᠯ ᠮᠠᠨᠳᠤ ᠶᠢ ᠲᠡᠷᠢᠬᠦᠨ ᠳᠤ ᠲᠠᠯᠪᠢᠬᠤ ᠭᠡᠷᠡᠭᠲᠡᠢ ᠭᠡᠵᠦ ᠲᠤᠳᠤᠷᠬᠠᠢ ᠱᠠᠭᠠᠷᠳᠠᠵᠠᠢ᠂ ᠨᠠᠮ ᠤᠨ ᠲᠦᠪ | ᠬᠤᠷᠢᠶᠠᠨ ᠤ ᠠᠪᠤᠬᠰᠡᠨ ᠪᠤᠢ ᠪᠦᠬᠦᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠨᠢ ᠴᠦᠮ ᠬᠠᠮᠤᠭ ᠤᠨ ᠶᠡᠭᠡ | ᠴᠢᠷᠮᠠᠶᠢᠯᠭ᠎ᠠ ᠪᠠᠷ ᠨᠡᠩ ᠤᠯᠠᠨ ᠠᠷᠠᠳ ᠲᠦᠮᠡᠨ ᠬᠠᠯᠳᠠᠪᠤᠷᠢᠯᠠᠬᠳᠠᠬᠤ ᠠᠴᠠ ᠰᠡᠷᠭᠡᠶᠢᠯᠡᠵᠤ᠂ ᠬᠠᠮᠤᠭ ᠤᠨ ᠶᠡᠭᠡ | ᠪᠤᠯᠤᠮᠵᠢ ᠪᠠᠷ ᠨᠡᠩ ᠤᠯᠠᠨ ᠡᠪᠡᠳᠴᠢᠳᠡᠨ ᠤ ᠠᠮᠢ ᠨᠠᠰᠤ ᠶᠢ ᠠᠪᠤᠷᠠᠬᠤ ᠶᠢ ᠪᠤᠳᠤᠯᠬᠢᠯᠠᠪᠠ᠃ ᠪᠦᠬᠦ ᠤᠯᠤᠰ ᠤᠨ | ᠠᠷᠠᠳ ᠲᠦᠮᠡᠨ ᠴᠦᠮ ᠲᠠ ᠨᠠᠷ ᠢ ᠬᠠᠯᠠᠮᠵᠢᠯᠠᠨ ᠠᠩᠬᠠᠷᠴᠤ ᠪᠠᠶᠢᠨ᠎ᠡ᠃ ᠡᠮᠴᠢᠯᠡᠭᠡᠨ ᠤ ᠠᠵᠢᠯᠳᠠᠳ ᠴᠢᠳᠠᠯ ᠤᠨ | ᠬᠢᠷᠢ ᠪᠠᠷ ᠢᠶᠠᠨ ᠤᠯᠠᠨ ᠳᠤ ᠡᠮᠴᠢᠯᠡᠭᠡ ᠬᠠᠨᠭ᠍ᠭᠠᠵᠤ᠂ ᠡᠯ᠎ᠡ ᠲᠠᠯ᠎ᠡ ᠶᠢᠨ ᠬᠢᠨ ᠬᠠᠯᠳᠠᠪᠤᠷᠢᠯᠠᠬᠳᠠᠬᠰᠡᠨ ᠤᠯᠠᠨ | ᠲᠦᠮᠡᠨ ᠢ ᠬᠠᠯᠠᠮᠵᠢᠯᠠᠨ᠂ ᠲᠡᠳᠠ ᠨᠠᠷ ᠤᠨ ᠭᠡᠷ ᠤᠨ ᠬᠦᠮᠦᠰ ᠢ ᠰᠠᠶᠢᠳᠤᠷ ᠬᠠᠷᠠᠭᠠᠯᠵᠠᠵᠤ᠂ ᠡᠪᠡᠳᠴᠢᠳᠡᠨ ᠢ ᠰᠡᠳᠬᠢᠯ | ᠠᠮᠠᠷ ᠢᠶᠠᠷ ᠪᠠᠶ᠎ᠠ ᠪᠠᠨ ᠡᠮᠨᠡᠬᠦᠯᠬᠦ ᠭᠡᠷᠡᠭᠳᠠᠢ᠃ ᠤᠯᠠᠨ ᠢᠶᠠᠷ ᠢᠶᠠᠨ ᠪᠠᠰᠠ ᠵᠡᠪᠡᠯ ᠢᠯᠡᠬᠤ ᠢᠳᠡᠭᠡᠯ ᠵᠤᠷᠢᠭ ᠢᠶᠠᠨ | ᠬᠦᠪᠴᠢᠯᠡᠨ᠂ ᠪᠠᠶᠠᠰᠤᠩᠭᠤᠢ ᠦᠭᠡᠳᠡᠷᠭᠡᠭ ᠤᠶᠤᠨ ᠰᠠᠨᠠᠭᠠᠨ ᠤ ᠪᠠᠶᠢᠳᠠᠯ ᠢᠶᠠᠨ ᠪᠠᠳᠤᠯᠠᠵᠤ᠂ ᠡᠮᠴᠢ ᠶᠢᠨ ᠵᠠᠬᠢᠶ᠎ᠡ ᠶᠢ | ᠰᠠᠨᠠᠭᠠᠴᠢᠯᠠᠭ᠎ᠠ ᠠᠴᠠ ᠪᠠᠨ ᠰᠤᠨᠤᠰᠴᠤ᠂ ᠡᠮᠨᠡᠨ ᠵᠠᠰᠠᠬᠤ ᠳᠤ ᠢᠳᠡᠪᠬᠢᠳᠠᠢ ᠪᠠᠷ ᠬᠠᠮᠵᠢᠯᠴᠠᠬᠤ ᠭᠡᠷᠡᠭᠳᠠᠢ᠂ ᠡᠨᠡ ᠨᠢ | ᠲᠦᠢᠳᠬᠡᠷ ᠬᠢᠵᠢᠭ ᠢ ᠢᠯᠡᠬᠤ ᠳᠤ ᠲᠤᠰᠠᠳᠠᠢ ᠶᠤᠮ ᠭᠡᠵᠤ ᠵᠢᠭᠠᠵᠤ ᠭᠠᠷᠭᠠᠪᠠ᠃ ᠰᠢ ᠶᠢᠨ ᠫᠢᠩ ᠲᠠᠳᠠ ᠨᠠᠷ ᠢ | ᠡᠷᠳᠡᠭᠡᠨ ᠢᠯᠡᠷᠢᠰᠢᠬᠦ ᠶᠢ ᠬᠦᠰᠡᠨ ᠵᠦᠡᠭᠨᠡᠵᠠᠢ︕ | ᠡᠮᠨᠡᠯᠭᠡ ᠶᠢᠨ ᠬᠤᠷᠢᠶᠠᠨ ᠤ ᠠᠵᠢᠯᠯᠠᠬᠤ ᠠᠰᠠᠷ ᠤᠨ ᠭᠠᠳᠠᠨᠠᠬᠢ ᠠᠭᠤᠳᠠᠮ ᠲᠠᠯᠠᠪᠠᠢ ᠳᠤ᠂ ᠰᠢ ᠶᠢᠨ ᠫᠢᠩ | ᠬᠤᠪᠸᠢ ᠮᠤᠵᠢ ᠶᠢᠨ ᠲᠤᠬᠠᠢ ᠶᠢᠨ ᠭᠠᠵᠠᠷ ᠪᠤᠯᠤᠨ ᠴᠡᠷᠢᠭ ᠠᠩᠭᠢ᠂ ᠭᠠᠳᠠᠷ ᠤᠷᠤᠨ ᠤ ᠬᠤᠪᠸᠢ ᠶᠢ ᠲᠤᠰᠠᠯᠠᠬᠤ | ᠡᠮᠴᠢᠯᠡᠭᠡᠨ ᠤ ᠠᠵᠢᠯᠳᠠᠳ ᠤᠨ ᠲᠦᠯᠦᠬᠡᠯᠡᠭᠴᠢᠳ ᠲᠠᠢ ᠠᠭᠤᠯᠵᠠᠪᠠ᠃ ᠰᠢ ᠶᠢᠨ ᠫᠢᠩ᠂ ᠬᠤᠪᠸᠢ ᠪᠤᠯᠤᠨ | ᠦᠬᠠᠨ ᠤ ᠠᠷᠠᠳ ᠲᠦᠮᠡᠨ ᠬᠢᠵᠢᠭ ᠤᠨ ᠳᠠᠭᠠᠷᠢᠯᠳᠠ ᠳᠤ ᠤᠴᠠᠷᠠᠬᠰᠡᠨ ᠵᠠᠩᠭᠢᠯᠠᠭ᠎ᠠ ᠶᠢᠨ ᠦᠶ᠎ᠡ ᠳᠤ ᠦᠷᠭᠡᠨ ᠤᠯᠠᠨ | ᠡᠮᠴᠢᠯᠡᠭᠡᠨ ᠤ ᠠᠵᠢᠯᠳᠠᠨ ᠰᠢᠨᠳᠠᠷᠠᠰᠢ ᠦᠭᠡᠢ ᠪᠠᠷ ᠡᠷᠡᠯᠭᠡᠭᠯᠡᠨ ᠲᠡᠮᠡᠴᠡᠵᠤ ᠬᠠᠷᠠᠮ ᠦᠭᠡᠢ ᠪᠠᠷ ᠬᠤᠪᠢ ᠨᠠᠮᠠᠷᠢ | ᠦᠵᠡᠬᠦᠯᠵᠤ᠂ ᠡᠮᠴᠢ ᠬᠦᠮᠦᠨ ᠤ ᠡᠨᠡᠷᠢᠩᠭᠦᠢ ᠰᠡᠳᠬᠢᠯ ᠤᠨ ᠡᠷᠬᠢᠮ ᠲᠡᠭᠡᠳᠤ ᠵᠤᠷᠢᠭ ᠰᠠᠨᠠᠭ᠎ᠠ ᠶᠢ ᠢᠯᠡᠷᠡᠬᠦᠯᠵᠤ᠂ | ᠰᠢᠨ᠎ᠡ ᠴᠠᠭ ᠦᠶ᠎ᠡ ᠶᠢᠨ ᠡᠮᠴᠢᠯᠡᠭᠡᠨ ᠤ ᠠᠵᠢᠯᠳᠠᠳ ᠤᠨ ᠰᠠᠶᠢᠨ ᠰᠠᠶᠢᠬᠠᠨ ᠲᠦᠷᠢ ᠲᠦᠷᠬᠦ ᠶᠢ ᠢᠯᠡᠷᠡᠬᠦᠯᠵᠤ᠂ | ᠲᠤᠮᠳᠠᠳᠤ ᠤᠯᠤᠰ ᠢ ᠲᠤᠬᠳᠤᠯᠤᠭᠤᠯᠤᠨ ᠲᠠᠯᠠᠭᠡᠢ ᠳ᠋ᠠᠬᠢᠨ ᠢ ᠲᠤᠬᠳᠤᠯᠤᠭᠤᠯᠵᠠᠢ᠃ ᠤᠳᠤᠬᠠᠨ ᠳᠤ ᠬᠢᠵᠢᠭ ᠤᠨ | ᠪᠠᠶᠢᠳᠠᠯ ᠤᠨ ᠦᠷᠪᠢᠰᠦᠨ ᠲᠠᠯᠭᠡᠷᠡᠬᠦ ᠬᠠᠨᠳᠤᠰᠢ ᠨᠢᠭᠡᠨᠳᠠ ᠦᠨᠳᠤᠰᠳ ᠳᠡᠭᠡᠨ ᠬᠤᠷᠢᠬᠯᠠᠬᠳᠠᠵᠤ᠂ ᠰᠡᠷᠭᠡᠶᠢᠯᠡᠨ | ᠡᠵᠡᠮᠳᠡᠬᠦ ᠪᠠᠶᠢᠳᠠᠯ ᠠᠯᠬᠤᠮ ᠠᠯᠬᠤᠮ ᠢᠶᠠᠷ ᠰᠠᠶᠢᠵᠢᠷᠠᠵᠤ ᠪᠠᠶᠢᠨ᠎ᠠ᠃ ᠡᠨᠡ ᠪᠤᠯ ᠪᠦᠬᠦ ᠨᠠᠮ ᠪᠦᠬᠦ ᠤᠯᠤᠰ ᠪᠦᠬᠦ | ᠨᠡᠶᠢᠭᠡᠮ ᠤᠨ ᠬᠠᠮᠳᠤ ᠶᠢᠨ ᠴᠢᠷᠮᠠᠶᠢᠯᠭ᠎ᠠ᠂ ᠪᠦᠯᠬᠦᠮᠳᠡᠨ ᠲᠠᠮᠠᠴᠡᠭᠰᠡᠨ ᠤ ᠦᠷ᠎ᠡ ᠳ᠋ᠦᠩ ᠪᠤᠯᠤᠨ᠎ᠡ᠂ ᠲᠠ ᠨᠠᠷ ᠪᠤᠯ | ᠬᠠᠮᠤᠭ ᠤᠨ ᠶᠡᠭᠡ ᠭᠠᠪᠢᠶᠠᠲᠠᠨ ᠮᠦᠨ᠂ ᠨᠠᠮ ᠪᠤᠯᠤᠨ ᠠᠷᠠᠳ ᠲᠦᠮᠡᠨ ᠲᠠ ᠨᠠᠷ ᠲᠤ ᠲᠡᠷᠢᠬᠦᠨ ᠲᠡᠰ ᠤᠨ ᠭᠠᠪᠢᠶ᠎ᠡ | ᠲᠠᠮᠳᠡᠭᠯᠡᠵᠤ ᠦᠭᠭᠦ ᠶᠤᠮ᠃ ᠨᠠᠮ ᠤᠨ ᠲᠦᠪ ᠬᠤᠷᠢᠶ᠎ᠡ ᠪᠤᠯᠤᠨ ᠡᠯ᠎ᠡ ᠲᠠᠯ᠎ᠡ ᠶᠢᠨ ᠬᠢᠨ ᠦᠡᠭᠭᠡᠷᠡᠭᠰᠡᠨ ᠲᠠᠢ ᠪᠠᠨ | ᠠᠳᠠᠯᠢ ᠪᠠᠷ ᠬᠤᠪᠸᠢ ᠪᠤᠯᠤᠨ ᠦᠬᠠᠨ ᠤ ᠬᠢᠵᠢᠭ ᠲᠠᠢ ᠲᠠᠮᠡᠴᠡᠬᠦ ᠠᠵᠢᠯ ᠢ ᠶᠡᠭᠡ ᠬᠦᠴᠤᠨ ᠢᠶᠠᠷ ᠲᠠᠮᠵᠢᠵᠤ᠂ | ᠦᠡᠭᠭᠡᠷᠡᠭᠰᠨᠨ ᠲᠠᠢ ᠪᠠᠨ ᠠᠳᠠᠯᠢ ᠪᠠᠷ ᠪᠦᠬᠦ ᠬᠦᠴᠦᠨ ᠢᠶᠠᠷ ᠡᠮᠴᠢᠯᠡᠭᠡᠨ ᠤ ᠡᠳ᠋ ᠪᠤᠳᠠᠰ ᠤᠨ ᠲᠠᠮᠵᠢᠯᠭᠡ ᠬᠠᠨᠭ᠍ᠭᠠᠵᠤ᠂ | ᠦᠡᠭᠭᠡᠷᠡᠭᠰᠨᠨ ᠲᠠᠢ ᠪᠠᠨ ᠠᠳᠠᠯᠢ ᠪᠠᠷ ᠤᠯᠠᠨ ᠤ ᠬᠤᠶᠢᠰᠢᠳᠠ ᠶᠢᠨ ᠵᠤᠪᠠᠨᠢᠯ ᠢ ᠠᠷᠢᠯᠭᠠᠵᠤ ᠦᠭᠬᠦᠨ᠎ᠡ᠃ ᠨᠠᠮ ᠤᠨ | ᠲᠦᠪ ᠬᠤᠷᠢᠶ᠎ᠡ ᠪᠤᠯᠤᠨ ᠪᠦᠬᠦ ᠤᠯᠤᠰ ᠤᠨ ᠠᠷᠠᠳ ᠲᠦᠮᠡᠨ ᠡᠬᠦᠷᠢᠳᠠ ᠲᠠ ᠨᠠᠷ ᠲᠠᠢ ᠪᠠᠨ ᠬᠠᠮᠳᠤ ᠪᠠᠶᠢᠯᠴᠠᠵᠤ᠂ | ᠡᠬᠦᠷᠢᠳᠠ ᠲᠠ ᠨᠠᠷ ᠤᠨ ᠪᠠᠳᠤ ᠴᠢᠩᠭ᠎ᠠ ᠦᠮᠦᠭ ᠲᠦᠰᠢᠭ ᠪᠤᠯᠤᠨ᠎ᠡ︕ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠲᠠᠮᠠᠴᠡᠯ ᠤᠨ ᠵᠠᠩᠭᠢᠯᠠᠭ᠎ᠠ ᠶᠢᠨ ᠱᠠᠳᠤᠨ ᠳᠤ ᠢᠳᠡᠭᠡᠯ ᠵᠤᠷᠢᠭ ᠢᠶᠠᠨ ᠬᠦᠪᠴᠢᠯᠡᠬᠦ ᠠᠴᠠ ᠪᠢᠰᠢ | ᠰᠤᠯᠠᠷᠠᠭᠤᠯᠵᠤ ᠪᠤᠯᠬᠤ ᠦᠭᠡᠢ᠃ ᠨᠢᠭᠡ ᠯᠡ ᠠᠮᠢᠰᠬᠤᠭ᠎ᠠ ᠪᠠᠷ ᠬᠢᠵᠤ᠂ ᠰᠢᠳᠤ ᠵᠠᠭᠤᠨ ᠲᠠᠰᠪᠤᠷᠢᠯᠡᠵᠤ᠂ | ᠡᠴᠤᠰ ᠲᠤᠨᠢ ᠲᠤᠯᠳᠠᠯ᠎ᠡ ᠪᠠᠷᠢᠮᠳᠠᠯᠠᠨ᠂ ᠲᠠᠭᠠᠭᠠᠵᠤ ᠲᠠᠶᠢᠯᠬᠦ ᠰᠠᠬᠢᠵᠤ ᠲᠠᠶᠢᠯᠬᠦ ᠬᠡᠷᠡᠭᠲᠡᠢ᠂ ᠤᠷᠢᠳᠤᠬᠢ | ᠴᠢᠷᠮᠠᠶᠢᠯᠭ᠎ᠠ ᠪᠠᠨ ᠲᠠᠯᠠᠭᠠᠷᠳᠠᠭᠤᠯᠵᠤ ᠪᠤᠯᠬᠤ ᠦᠭᠡᠢ᠃ ᠡᠮᠴᠢᠯᠡᠭᠡᠨ ᠤ ᠠᠵᠢᠯᠳᠠᠳ ᠤᠨ ᠡᠷᠡᠬᠦᠯ ᠮᠠᠨᠳᠤ ᠪᠤᠯ | ᠬᠢᠵᠢᠭ ᠤᠨ ᠪᠠᠶᠢᠳᠠᠯ ᠢ ᠢᠯᠡᠨ ᠲᠠᠪᠠᠭ᠋ᠤ ᠴᠢᠬᠤᠯᠠ ᠪᠠᠳᠤᠯᠠᠭ᠎ᠠ ᠪᠤᠯᠤᠨ᠎ᠡ᠃ ᠮᠠᠰᠢ ᠤᠯᠠᠨ ᠨᠦᠬᠦᠳ ᠠᠳᠠ ᠰᠠᠷ᠎ᠡ | ᠭᠠᠷᠤᠢ ᠡᠷᠡᠯᠬᠡᠭᠯᠡᠨ ᠲᠠᠮᠠᠴᠡᠵᠤ᠂ ᠮᠠᠰᠢ ᠬᠠᠳᠠᠭᠤᠵᠢᠯᠳᠠᠢ ᠮᠠᠰᠢ ᠵᠦᠳᠡᠷᠡᠯᠳᠠᠢ ᠪᠠᠶᠢᠨ᠎ᠠ᠂ ᠲᠠ ᠨᠠᠷ ᠠᠮᠠᠷᠠᠬᠤ ᠪᠠᠨ | ᠠᠩᠬᠠᠷᠴᠤ᠂ ᠰᠢᠮ᠎ᠡ ᠲᠠᠵᠢᠭᠡᠯ ᠢᠶᠠᠨ ᠪᠠᠳᠤᠯᠠᠨ᠂ ᠪᠠᠶ᠎ᠡ ᠪᠠᠨ ᠬᠢᠴᠢᠶᠡᠨ ᠪᠤᠯᠭᠤᠮᠵᠢᠯᠠᠬᠤ ᠶᠢ ᠬᠦᠰᠡᠵᠤ ᠪᠠᠶᠢᠨ᠎ᠡ᠃ | ᠬᠤᠯᠪᠤᠬᠳᠠᠯ ᠪᠦᠬᠦᠢ ᠲᠠᠯ᠎ᠡ ᠶᠢᠨ ᠬᠢᠨ ᠤᠯᠠᠨ ᠤ ᠠᠵᠢᠯ ᠠᠮᠢᠳᠤᠷᠠᠯ ᠤᠨ ᠨᠦᠬᠦᠴᠡᠯ ᠢ ᠰᠠᠶᠢᠵᠢᠷᠠᠭᠤᠯᠵᠤ᠂ ᠡᠯ᠎ᠡ | ᠵᠦᠢᠯ ᠤᠨ ᠰᠡᠷᠭᠡᠶᠢᠯᠡᠨ ᠬᠠᠮᠠᠭᠠᠯᠠᠵᠤ ᠪᠠᠳᠤᠯᠠᠬᠤ ᠠᠷᠭ᠎ᠠ ᠬᠡᠮᠵᠢᠶ᠎ᠡ ᠪᠠᠨ ᠰᠠᠶᠢᠳᠤᠷ ᠨᠠᠶᠢᠳᠠᠪᠤᠷᠢᠵᠢᠭᠤᠯᠵᠤ᠂ | ᠡᠭᠡᠯᠵᠢᠯᠡᠬᠦᠯᠬᠦ ᠪᠠ ᠠᠮᠠᠷᠠᠭᠤᠯᠬᠤ ᠶᠢ ᠴᠢᠩᠭᠠᠳᠬᠠᠨ᠂ ᠬᠠᠮᠤᠭ ᠤᠨ ᠶᠡᠭᠡ ᠴᠢᠷᠮᠠᠶᠢᠯᠭ᠎ᠠ ᠪᠠᠷ ᠡᠮᠤᠨ᠎ᠡ ᠹᠷᠤᠨᠲ ᠤᠨ | ᠡᠮᠴᠢᠯᠡᠭᠡᠨ ᠤ ᠠᠵᠢᠯᠳᠠᠳ ᠤᠨ ᠡᠷᠡᠬᠦᠯ ᠮᠠᠨᠳᠤ ᠪᠤᠯᠤᠨ ᠠᠮᠤᠷ ᠲᠦᠪᠰᠢᠨ ᠢ ᠦᠨᠡᠨ ᠬᠦ ᠪᠠᠳᠤᠯᠠᠬᠤ ᠭᠡᠷᠡᠭᠳᠠᠢ ᠭᠡᠵᠤ | ᠵᠢᠭᠠᠵᠤ ᠭᠠᠷᠭᠠᠪᠠ᠃ | ᠾᠦᠸᠧ ᠱᠧᠨ ᠱᠠᠨ ᠡᠮᠨᠡᠯᠭᠡ ᠶᠢᠨ ᠬᠤᠷᠢᠶᠠᠨ ᠠᠴᠠ ᠭᠠᠷᠤᠭᠠᠳ ᠰᠢ ᠶᠢᠨ ᠫᠢᠩ ᠳ᠋ᠦᠩ ᠬᠤ᠋ ᠰᠢᠨ ᠴᠧᠩ | ᠨᠡᠶᠢᠭᠡᠮ ᠲᠤᠭᠤᠷᠢᠭ ᠲᠤ ᠬᠦᠷᠴᠦ᠂ ᠨᠡᠶᠢᠭᠡᠮ ᠲᠤᠭᠤᠷᠢᠭ ᠤᠨ ᠡᠷᠡᠬᠦᠯ ᠬᠠᠮᠠᠭᠠᠯᠠᠯ ᠬᠢᠵᠢᠭ ᠢ ᠰᠡᠷᠭᠡᠶᠢᠯᠡᠬᠦ᠂ ᠨᠡᠶᠢᠭᠡᠮ | ᠲᠤᠭᠤᠷᠢᠭ ᠤᠨ ᠦᠢᠯᠡᠴᠢᠯᠡᠭᠡ᠂ ᠤᠯᠠᠨ ᠲᠦᠮᠡᠨ ᠤ ᠠᠮᠢᠳᠤᠷᠠᠯ ᠤᠨ ᠪᠠᠳᠤᠯᠠᠭ᠎ᠠ ᠵᠡᠷᠭᠡ ᠪᠠᠶᠢᠳᠠᠯ ᠢ ᠪᠤᠳᠠᠳᠠᠢ | ᠭᠠᠵᠠᠷ ᠲᠤᠨᠢ ᠪᠠᠶᠢᠴᠠᠭᠠᠨ ᠦᠵᠡᠪᠡ᠃ ᠬᠢᠵᠢᠭ ᠤᠨ ᠪᠠᠶᠢᠳᠠᠯ ᠭᠠᠷᠤᠭᠰᠠᠨ ᠠᠴᠠ ᠨᠠᠭᠠᠰᠢ᠂ ᠲᠤᠰ ᠨᠡᠶᠢᠭᠡᠮ | ᠲᠤᠭᠤᠷᠢᠬ ᠤᠨ 32 ᠬᠦᠮᠦᠨ ᠢ ᠰᠢᠨ᠎ᠠ ᠳᠢᠳᠢᠮᠯᠢᠭ ᠠᠭᠤᠰᠬᠢᠨ ᠦᠷᠪᠢᠰᠤᠯ ᠤᠨ ᠡᠪᠡᠳᠴᠢᠳᠠᠨ ᠢᠶᠠᠷ ᠤᠨᠤᠰᠢᠯᠠᠵᠠᠢ᠂ | ᠪᠢᠳᠡᠬᠦᠮᠵᠢᠯᠡᠭᠰᠡᠨ ᠬᠠᠮᠢᠶᠠᠷᠤᠯᠳᠠ ᠡᠵᠡᠮᠳᠡᠯᠳᠠ ᠪᠤᠯᠤᠨ ᠲᠤᠤᠷᠴᠢᠯᠠᠬᠰᠠᠨ ᠬᠠᠮᠢᠶᠠᠷᠤᠯᠳᠠ ᠶᠢ ᠭᠡᠷᠡᠭᠵᠢᠬᠦᠯᠬᠦ ᠪᠠᠷ | ᠲᠠᠮᠵᠢᠨ ᠬᠠᠭᠠᠰ ᠰᠠᠷ᠎ᠠ ᠭᠠᠷᠤᠢ ᠶᠢᠨ ᠲᠤᠷᠰᠢ ᠤᠨᠤᠰᠢᠯᠠᠬᠳᠠᠭᠰᠠᠨ ᠡᠪᠡᠳᠴᠢᠨ ᠤ ᠵᠢᠱᠢᠶ᠎ᠠ ᠰᠢᠨ᠎ᠠ ᠪᠠᠷ ᠨᠡᠮᠡᠭᠳᠡᠬᠦ | ᠦᠭᠡᠢ ᠪᠠᠶᠢᠬᠤ ᠶᠢ ᠪᠠᠳᠤᠯᠠᠪᠠ᠃ ᠶᠡᠷᠦᠩᠭᠡᠢ ᠱᠦᠵᠢ ᠢᠷᠡᠭᠰᠡᠨ ᠢ ᠬᠠᠷᠠᠭᠠᠳ᠂ ᠭᠡᠷ ᠲᠡᠭᠡᠨ ᠲᠤᠰᠠᠭᠠᠷᠯᠠᠵᠦ | ᠪᠠᠶᠢᠭᠰᠠᠨ ᠰᠠᠭᠤᠭᠠᠯᠢ ᠠᠷᠠᠳ ᠴᠦᠮ ᠨᠠᠷᠠᠪᠴᠢ ᠪᠤᠯᠤᠨ ᠴᠤᠩᠬᠤ ᠪᠠᠷ ᠢᠶᠠᠨ ᠶᠡᠷᠦᠩᠭᠡᠢ ᠱᠦᠵᠢ ᠲᠠᠢ ᠭᠠᠷ ᠲᠠᠯᠠᠯᠤᠨ | ᠮᠡᠨᠳᠦ ᠠᠰᠠᠭᠤᠯᠴᠠᠨᠠ᠂ ᠰᠢ ᠶᠢᠨ ᠫᠢᠩ ᠤᠯᠠᠨ ᠤ ᠵᠦᠭ ᠪᠠᠶᠢᠨ ᠪᠠᠶᠢᠨ ᠭᠠᠷ ᠲᠠᠯᠠᠯᠤᠨ ᠲᠤᠬᠤᠨᠢᠭᠤᠯᠵᠦ | ᠪᠠᠶᠢᠬᠤ ᠪᠠᠨ ᠢᠯᠡᠳᠭᠡᠪᠡ᠃ | ᠨᠡᠶᠢᠭᠡᠮ ᠲᠤᠭᠤᠷᠢᠭ ᠤᠨ ᠠᠮᠢᠳᠤᠷᠠᠯ ᠤᠨ ᠡᠳ᠋ ᠪᠠᠷᠠᠭ᠎ᠠ ᠶᠢ ᠲᠦᠪᠯᠡᠷᠡᠬᠦᠯᠦᠨ ᠬᠦᠷᠭᠡᠬᠦ ᠴᠡᠭ ᠲᠤ᠂ ᠰᠢ ᠶᠢᠨ | ᠫᠢᠩ ᠭᠤᠯᠢᠷ ᠠᠮᠤ ᠲᠤᠰᠤ ᠪᠠ ᠰᠢᠨ᠎ᠠ ᠰᠤᠷᠭᠤᠭ ᠢᠳᠡᠰᠢᠨ ᠨᠤᠭᠤᠭ᠎ᠠ ᠵᠢᠮᠢᠰ ᠵᠡᠷᠭᠡ ᠠᠮᠢᠳᠤᠷᠠᠯ ᠤᠨ ᠡᠳ᠋ ᠪᠤᠳᠠᠰ ᠢ | ᠬᠤᠳᠠᠯᠳᠤᠨ ᠠᠪᠴᠦ ᠪᠠᠶᠢᠭ᠎ᠠ ᠪᠠ ᠡᠳ᠋ ᠪᠤᠳᠠᠰ ᠤᠨ ᠬᠠᠩᠭᠠᠯᠭ᠎ᠠ ᠶᠢᠨ ᠪᠠᠶᠢᠳᠠᠯ ᠢ ᠨᠠᠷᠢᠨ ᠠᠰᠠᠭᠤᠵᠦ᠂ ᠠᠷᠭ᠎ᠠ | ᠪᠦᠬᠦᠨ ᠢ ᠰᠦᠪᠡᠭᠴᠢᠯᠡᠨ ᠤᠯᠠᠨ ᠲᠦᠮᠡᠨ ᠤ ᠦᠨᠳᠦᠰᠦᠨ ᠠᠮᠢᠳᠤᠷᠠᠯ ᠢ ᠰᠠᠶᠢᠳᠤᠷ ᠪᠠᠳᠤᠯᠠᠬᠤ ᠭᠡᠷᠡᠭᠲᠡᠢ ᠭᠡᠵᠦ | ᠴᠢᠬᠤᠯᠠᠴᠢᠯᠠᠪᠠ᠃ ᠨᠡᠶᠢᠭᠡᠮ ᠲᠤᠭᠤᠷᠢᠭ ᠤᠨ ᠴᠠᠬᠳᠠᠭᠠᠨ ᠤ ᠶᠠᠪᠤᠲᠠᠯ ᠤᠨ ᠲᠠᠰᠤᠭ᠂ ᠡᠷᠡᠬᠦᠯ ᠬᠠᠮᠠᠭᠠᠯᠠᠯ ᠤᠨ | ᠦᠢᠯᠡᠴᠢᠯᠡᠭᠡᠨ ᠤ ᠦᠷᠳᠡᠭᠡ᠂ ᠠᠳᠠᠯ ᠠᠬᠤᠢ ᠶᠢᠨ ᠲᠦᠪ ᠵᠡᠷᠭᠡ ᠶᠢᠨ ᠡᠷᠬᠢᠯᠳᠡ ᠶᠢᠨ ᠪᠠᠶᠢᠳᠠᠯ ᠢ ᠪᠠᠶᠢᠴᠠᠭᠠᠨ | ᠦᠵᠡᠭᠰᠡᠨ ᠤ ᠳᠠᠷᠠᠭ᠎ᠠ᠂ ᠰᠢ ᠶᠢᠨ ᠫᠢᠩ ᠨᠡᠶᠢᠭᠡᠮ ᠲᠤᠭᠤᠷᠢᠭ ᠤᠨ ᠨᠠᠮ ᠤᠨ ᠭᠡᠰᠢᠬᠦᠳ ᠤᠯᠠᠨ ᠲᠦᠮᠡᠨ ᠤ | ᠦᠢᠯᠡᠴᠢᠯᠡᠭᠡᠨ ᠤ ᠲᠦᠪ ᠲᠤ ᠢᠷᠡᠵᠦ᠂ ᠨᠡᠶᠢᠭᠡᠮ ᠲᠤᠭᠤᠷᠢᠭ ᠤᠨ ᠬᠢᠨ ᠲᠤᠤᠷᠴᠢᠯᠠᠬᠰᠠᠨ ᠬᠠᠮᠢᠶᠠᠷᠤᠯᠳᠠ᠂ | ᠬᠤᠯᠪᠤᠭᠠᠯᠠᠨ ᠰᠡᠷᠭᠡᠶᠢᠯᠡᠵᠤ ᠬᠤᠯᠪᠤᠭᠠᠯᠠᠨ ᠡᠵᠡᠮᠳᠡᠬᠦ᠂ ᠤᠯᠠᠨ ᠢᠶᠠᠷ ᠢᠶᠠᠨ ᠰᠡᠷᠭᠡᠶᠢᠯᠡᠵᠦ ᠤᠯᠠᠨ ᠢᠶᠠᠷ ᠢᠶᠠᠨ ᠵᠠᠰᠠᠬᠤ | ᠠᠵᠢᠯ ᠢ ᠭᠡᠷᠡᠭᠵᠢᠬᠦᠯᠦᠭᠰᠡᠨ ᠪᠠᠶᠢᠳᠠᠯ ᠢ ᠤᠢᠢᠯᠠᠭᠠᠵᠦ᠂ ᠳᠡᠳᠡᠨ ᠤ ᠠᠵᠢᠯ ᠢ ᠨᠤᠳᠠᠯᠠᠵᠦ ᠪᠠᠶᠢᠬᠤ ᠪᠠᠨ ᠢᠯᠡᠳᠭᠡᠵᠠᠢ᠃ | ᠨᠡᠶᠢᠭᠡᠮ ᠲᠤᠭᠤᠷᠢᠭ ᠤᠨ ᠨᠠᠮ ᠤᠨ ᠭᠡᠰᠢᠬᠦᠨ ᠤᠯᠠᠨ ᠲᠦᠮᠡᠨ ᠤ ᠦᠢᠯᠡᠴᠢᠯᠡᠭᠡᠨ ᠤ ᠲᠦᠪ ᠲᠤ᠂ ᠰᠢ ᠶᠢᠨ | ᠫᠢᠩ ᠨᠡᠶᠢᠭᠡᠮ ᠲᠤᠭᠤᠷᠢᠭ ᠤᠨ ᠠᠵᠢᠯᠳᠠᠨ᠂ ᠦᠨᠳᠦᠰᠦᠨ ᠱᠠᠳᠤᠨ ᠤ ᠠᠷᠠᠳ ᠤᠨ ᠴᠠᠭᠳᠠᠭ᠎ᠠ᠂ ᠡᠷᠡᠬᠦᠯ | ᠬᠠᠮᠠᠭᠠᠯᠠᠯ ᠤᠨ ᠦᠢᠯᠡᠴᠢᠯᠡᠭᠡᠨ ᠤ ᠦᠷᠳᠡᠭᠡ ᠶᠢᠨ ᠡᠮᠴᠢ᠂ ᠦᠨᠳᠦᠰᠦᠨ ᠱᠠᠳᠤᠨ ᠳᠤ ᠬᠦᠨᠵᠡᠭᠡᠶᠢᠷᠡᠭᠰᠡᠨ ᠺᠠᠳ᠋ᠷ᠂ | ᠰᠠᠶᠢᠨ ᠳᠤᠷᠠᠴᠤᠳ ᠲᠠᠢ ᠳᠤᠳᠤᠨᠤ ᠪᠠᠷ ᠶᠠᠷᠢᠯᠴᠠᠪᠠ᠃ ᠰᠢ ᠶᠢᠨ ᠫᠢᠩ᠂ ᠨᠡᠶᠢᠭᠡᠮ ᠲᠤᠭᠤᠷᠢᠭ ᠨᠢ ᠰᠡᠷᠭᠡᠶᠢᠯᠡᠨ | ᠡᠵᠡᠮᠳᠡᠬᠦ ᠠᠵᠢᠯ ᠤᠨ ᠬᠠᠮᠤᠭ ᠤᠨ ᠡᠮᠦᠨ᠎ᠠ ᠹᠷᠤᠨᠲ ᠪᠤᠯᠤᠭᠰᠠᠨ ᠤ ᠬᠤᠪᠢ ᠳᠤ ᠡᠬᠦᠷᠭᠡᠯᠡᠵᠦ ᠪᠠᠶᠢᠭ᠎ᠠ ᠡᠬᠦᠷᠭᠡ ᠨᠢ | ᠮᠠᠰᠢ ᠬᠦᠨᠳᠦ ᠨᠦᠰᠡᠷ ᠶᠤᠮ᠂ ᠨᠡᠶᠢᠭᠡᠮ ᠲᠤᠭᠤᠷᠢᠭ ᠤᠨ ᠰᠡᠷᠭᠡᠶᠢᠯᠡᠨ ᠡᠵᠡᠮᠳᠡᠬᠦ ᠠᠵᠢᠯ ᠳᠤ ᠤᠷᠤᠯᠴᠠᠵᠦ ᠪᠠᠶᠢᠭ᠎ᠠ | ᠨᠦᠬᠦᠳ ᠤᠨ ᠠᠵᠢᠯ ᠮᠠᠰᠢ ᠵᠦᠳᠡᠷᠡᠯ ᠲᠠᠢ ᠪᠠᠶᠢᠨ᠎ᠠ᠃ ᠤᠯᠠᠨ ᠢᠶᠠᠷ ᠢᠶᠠᠨ ᠡᠳᠦᠷ ᠰᠦᠨᠢ ᠦᠭᠡᠢ ᠠᠵᠢᠯᠯᠠᠵᠦ᠂ | ᠶᠠᠳᠠᠷᠠᠯ ᠵᠦᠳᠡᠷᠡᠯ ᠢᠶᠠᠨ ᠤᠮᠠᠷᠳᠠᠨ᠂ ᠦᠭᠡ ᠲᠠᠭᠤᠨ ᠦᠭᠡᠢ ᠪᠠᠷ ᠠᠵᠢᠯᠯᠠᠨ ᠬᠠᠷᠠᠮ ᠦᠭᠡᠢ ᠪᠠᠷ ᠬᠤᠪᠢ ᠨᠡᠮᠡᠷᠢ ᠪᠠᠨ | ᠦᠵᠡᠬᠦᠯᠵᠤ᠂ ᠤᠯᠠᠨ ᠲᠦᠮᠡᠨ ᠳᠤ ᠨᠠᠷᠢᠨ ᠨᠢᠮᠪᠠᠢ ᠦᠢᠯᠡᠴᠢᠯᠡᠨ᠂ ᠬᠢᠵᠢᠭ ᠤᠨ ᠪᠠᠶᠢᠳᠠᠯ ᠤᠨ ᠦᠷᠪᠢᠰᠤᠨ | ᠳᠡᠯᠭᠡᠷᠡᠬᠦ ᠶᠢ ᠬᠤᠷᠢᠬᠯᠠᠬᠤ᠂ ᠤᠯᠠᠨ ᠲᠦᠮᠡᠨ ᠤ ᠠᠮᠢᠳᠤᠷᠠᠯ ᠢ ᠪᠠᠳᠤᠯᠠᠬᠤ ᠳᠤ ᠴᠢᠬᠤᠯᠠ ᠬᠤᠪᠢ ᠨᠡᠮᠡᠷᠢ ᠦᠵᠡᠬᠦᠯᠵᠦ | ᠂ ᠦᠬᠠᠨ ᠤ ᠨᠠᠮ ᠤᠨ ᠭᠡᠰᠢᠬᠦᠳ᠂ ᠺᠠᠳ᠋ᠷᠴᠤᠳ ᠤᠨ ᠦᠷᠡᠭᠳᠡᠬᠦ ᠠᠴᠠ ᠠᠶᠤᠬᠤ ᠦᠭᠡᠢ᠂ ᠵᠤᠷᠢᠬᠳᠠᠢ ᠪᠠᠷ | ᠬᠠᠷᠢᠭᠤᠴᠠᠯᠭ᠎ᠠ ᠡᠬᠦᠷᠭᠡᠯᠡᠵᠦ᠂ ᠶᠡᠭᠡ ᠲᠠᠯ᠎ᠠ ᠶᠢ ᠪᠤᠳᠤᠯᠬᠢᠯᠠᠨ᠂ ᠭᠤᠶᠠᠴᠢ ᠦᠭᠡᠢ ᠪᠠᠷ ᠬᠤᠪᠢ ᠨᠡᠮᠡᠷᠢ ᠦᠵᠡᠬᠦᠯᠬᠦ | ᠵᠤᠷᠢᠭ ᠰᠠᠨᠠᠭ᠎ᠠ ᠶᠢ ᠬᠠᠷᠠᠭᠤᠯᠵᠠᠢ᠃ ᠬᠢᠵᠢᠭ ᠲᠠᠢ ᠲᠡᠮᠡᠴᠡᠬᠦ ᠳᠤ ᠬᠤᠶᠠᠷ ᠵᠢᠭᠰᠠᠭᠠᠯ ᠤᠨ ᠭᠠᠵᠠᠷ ᠪᠤᠢ᠂ ᠨᠢᠭᠡ ᠨᠢ | ᠪᠤᠯ ᠡᠮᠨᠡᠯᠭᠡ ᠶᠢᠨ ᠬᠤᠷᠢᠶᠠᠨ ᠤ ᠦᠬᠦᠯ ᠠᠴᠠ ᠠᠪᠤᠷᠠᠨ ᠰᠢᠷᠬᠠᠳᠤᠭᠰᠠᠳ ᠢ ᠲᠡᠩᠭᠡᠷᠡᠬᠦᠯᠬᠦ ᠵᠢᠭᠰᠠᠭᠠᠯ ᠤᠨ ᠭᠠᠵᠠᠷ᠂ | ᠨᠦᠬᠦᠭᠡ ᠨᠢ ᠪᠤᠯ ᠨᠡᠶᠢᠭᠡᠮ ᠲᠤᠭᠤᠷᠢᠭ ᠤᠨ ᠰᠡᠷᠭᠡᠶᠢᠯᠡᠨ ᠡᠵᠡᠮᠳᠡᠬᠦ ᠵᠢᠭᠰᠠᠭᠠᠯ ᠤᠨ ᠭᠠᠵᠠᠷ ᠪᠤᠯᠤᠨ᠎ᠠ᠃ ᠬᠢᠵᠢᠭ ᠤᠨ | ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠴᠦᠬᠦᠷᠡᠰᠢ ᠦᠭᠡᠢ ᠰᠠᠶᠢᠳᠤᠷ ᠬᠢᠬᠦ ᠶᠢᠨ ᠵᠠᠩᠬᠢᠯᠠᠭ᠎ᠠ ᠨᠢ ᠨᠡᠶᠢᠭᠡᠮ | ᠲᠤᠭᠤᠷᠢᠭ ᠲᠤ ᠲᠦᠰᠢᠭᠯᠡᠨ᠎ᠠ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠳᠤᠮᠳᠠᠬᠢ ᠨᠡᠶᠢᠭᠡᠮ ᠲᠤᠭᠤᠷᠢᠭ ᠤᠨ | ᠴᠢᠬᠤᠯᠠ ᠦᠢᠯᠡᠳᠦᠯ ᠢ ᠬᠦᠢᠴᠡᠳ ᠪᠠᠳᠠᠷᠠᠭᠤᠯᠵᠦ᠂ ᠦᠨᠳᠦᠰᠦᠨ ᠱᠠᠳᠤᠨ ᠤ ᠨᠠᠮ ᠤᠨ ᠵᠤᠬᠢᠶᠠᠨ | ᠪᠠᠶᠢᠭᠤᠯᠤᠯᠳᠠ ᠶᠢᠨ ᠲᠠᠶᠢᠴᠢᠨ ᠪᠠᠬᠢᠯᠡᠯᠳᠠ ᠶᠢᠨ ᠦᠢᠯᠡᠳᠦᠯ ᠪᠤᠯᠤᠨ ᠨᠠᠮ ᠤᠨ ᠭᠡᠰᠢᠬᠦᠨ ᠤ ᠬᠤᠰᠢᠭᠤᠴᠢ | ᠵᠢᠱᠢᠶᠡᠴᠢ ᠶᠢᠨ ᠦᠢᠯᠡᠳᠦᠯ ᠢ ᠬᠦᠢᠴᠡᠳ ᠪᠠᠳᠠᠷᠠᠭᠤᠯᠵᠦ᠂ ᠰᠡᠷᠭᠡᠶᠢᠯᠡᠨ ᠡᠵᠡᠮᠳᠡᠬᠦ ᠬᠦᠴᠦᠨ ᠢᠶᠠᠨ ᠨᠡᠶᠢᠭᠡᠮ | ᠲᠤᠭᠤᠷᠢᠭ ᠲᠤ ᠪᠠᠭᠤᠯᠭᠠᠨ᠂ ᠨᠡᠶᠢᠭᠡᠮ ᠲᠤᠭᠤᠷᠢᠭ ᠤᠨ ᠰᠡᠷᠭᠡᠶᠢᠯᠡᠨ ᠡᠵᠡᠮᠳᠡᠬᠦ ᠠᠷᠭ᠎ᠠ ᠠᠪᠴᠠᠯ ᠤᠨ | ᠨᠠᠶᠢᠳᠠᠪᠤᠷᠢᠵᠢᠭᠤᠯᠤᠯᠳᠠ ᠶᠢ ᠴᠢᠩᠭᠠᠳᠬᠠᠵᠤ᠂ ᠪᠤᠢ ᠪᠦᠬᠦᠢ ᠨᠡᠶᠢᠭᠡᠮ ᠲᠤᠭᠤᠷᠢᠭ ᠢ ᠴᠦᠮ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠬᠠᠳᠠᠨ ᠪᠠᠳᠤ ᠪᠠᠬᠢᠯᠡᠯᠳᠠ ᠪᠤᠯᠭᠠᠬᠤ ᠭᠡᠷᠡᠭᠲᠡᠢ᠃ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠠᠷᠠᠳ ᠤᠨ ᠲᠠᠶᠢᠨ ᠤ ᠢᠯᠠᠯᠳᠠ ᠶᠢ ᠤᠯᠬᠤ ᠳᠤ ᠠᠷᠠᠳ ᠲᠦᠮᠡᠨ ᠳᠤ ᠴᠢᠩᠭ᠎ᠠ ᠲᠦᠰᠢᠭᠯᠡᠬᠦ ᠭᠡᠷᠡᠭᠲᠡᠢ᠃ | ᠤᠯᠠᠨ ᠲᠦᠮᠡᠨ ᠤ ᠠᠵᠢᠯ ᠢ ᠬᠦᠨᠵᠡᠭᠡᠢ ᠬᠢᠵᠤ ᠨᠠᠷᠢᠯᠢᠭ ᠬᠢᠵᠤ ᠰᠠᠶᠢᠳᠤᠷ ᠬᠢᠵᠦ᠂ ᠤᠯᠠᠨ ᠲᠦᠮᠡᠨ ᠢ ᠲᠠᠶᠢᠴᠢᠯᠠᠨ᠂ | ᠤᠯᠠᠨ ᠢᠶᠠᠷ ᠢᠶᠠᠨ ᠰᠡᠷᠭᠡᠶᠢᠯᠡᠵᠦ ᠤᠯᠠᠨ ᠢᠶᠠᠷ ᠢᠶᠠᠨ ᠡᠵᠡᠮᠳᠡᠬᠦ ᠠᠷᠠᠳ ᠤᠨ ᠰᠡᠷᠭᠡᠶᠢᠯᠡᠯᠳᠠ ᠶᠢᠨ ᠱᠤᠭᠤᠮ ᠢ | ᠴᠤᠬᠴᠠᠯᠠᠬᠤ ᠭᠡᠷᠡᠭᠲᠡᠢ ᠭᠡᠵᠦ ᠴᠢᠬᠤᠯᠠᠴᠢᠯᠠᠪᠠ᠃ | ᠪᠤᠳᠠᠳᠠᠢ ᠭᠠᠵᠠᠷ ᠲᠤᠨᠢ ᠰᠢᠨᠵᠢᠯᠡᠨ ᠪᠠᠶᠢᠴᠠᠭᠠᠵᠦ ᠲᠠᠭᠤᠰᠤᠭᠠᠳ ᠰᠢ ᠶᠢᠨ ᠫᠢᠩ ᠬᠤᠷᠠᠯ ᠡᠷᠬᠢᠯᠡᠨ | ᠬᠤᠷᠠᠯᠳᠤᠭᠤᠯᠵᠦ᠂ ᠲᠦᠪ ᠤᠨ ᠵᠢᠯᠤᠭᠤᠳᠬᠤ ᠲᠤᠭᠤᠢᠢᠯᠠᠩ᠂ ᠬᠤᠪᠸᠢ ᠮᠤᠵᠢ ᠶᠢᠨ ᠨᠠᠮ ᠤᠨ ᠬᠤᠷᠢᠶ᠎ᠠ ᠪᠤᠯᠤᠨ | ᠮᠤᠵᠢ ᠶᠢᠨ ᠵᠠᠰᠠᠭ ᠤᠨ ᠤᠷᠳᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠲᠤᠬᠠᠢ ᠬᠠᠷᠢᠭᠤ | ᠮᠡᠳᠡᠬᠦᠯᠦᠯᠳᠠ ᠶᠢ ᠰᠤᠨᠤᠰᠴᠠᠢ᠃ | ᠬᠠᠷᠢᠭᠤ ᠮᠡᠳᠡᠬᠦᠯᠦᠯᠳᠠ ᠶᠢ ᠰᠤᠨᠤᠰᠤᠬᠰᠠᠨ ᠤ ᠳᠠᠷᠠᠭ᠎ᠠ ᠰᠢ ᠶᠢᠨ ᠫᠢᠩ ᠴᠢᠬᠤᠯᠠ ᠶᠠᠷᠢᠶ᠎ᠠ ᠲᠠᠯᠪᠢᠪᠠ᠃ | ᠰᠢ ᠶᠢᠨ ᠫᠢᠩ᠂ ᠰᠢᠨ᠎ᠠ ᠳᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠤᠨ ᠪᠠᠶᠢᠳᠠᠯ ᠭᠠᠷᠤᠭᠰᠠᠨ ᠤ ᠳᠠᠷᠠᠭ᠎ᠠ᠂ | ᠨᠠᠮ ᠤᠨ ᠲᠦᠪ ᠬᠤᠷᠢᠶ᠎ᠠ ᠳᠡᠭᠡᠳᠦ ᠭᠡᠮᠵᠢᠶ᠎ᠠ ᠪᠠᠷ ᠴᠢᠬᠤᠯᠠᠴᠢᠯᠠᠨ᠂ ᠬᠤᠪᠸᠢ ᠪᠤᠯᠤᠨ ᠦᠬᠠᠨ ᠤ ᠬᠢᠵᠢᠭ ᠤᠨ | ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠭᠤᠤᠯᠳᠠᠯᠭ᠎ᠠ ᠲᠠᠢ ᠲᠡᠮᠵᠢᠵᠦ᠂ ᠬᠠᠮᠤᠭ ᠤᠨ ᠪᠦᠷᠢᠨ ᠬᠦᠢᠴᠡᠳ᠂ | ᠬᠠᠮᠤᠭ ᠤᠨ ᠴᠢᠩᠭ᠎ᠠ᠂ ᠬᠠᠮᠤᠭ ᠤᠨ ᠲᠤᠭᠤᠰᠢᠳᠠᠢ ᠰᠡᠷᠭᠡᠶᠢᠯᠡᠨ ᠡᠵᠡᠮᠳᠡᠬᠦ ᠠᠷᠭ᠎ᠠ ᠭᠡᠮᠵᠢᠶ᠎ᠠ ᠠᠪᠴᠦ᠂ ᠬᠢᠵᠢᠭ ᠤᠨ | ᠪᠠᠶᠢᠳᠠᠯ ᠤᠨ ᠦᠷᠪᠢᠰᠤᠨ ᠳᠡᠯᠭᠡᠷᠡᠬᠦ ᠬᠠᠨᠳᠤᠰᠢ ᠶᠢ ᠡᠷᠡᠰ ᠬᠤᠷᠢᠬᠯᠠᠪᠠ᠃ ᠠᠷᠠᠳ ᠤᠨ ᠴᠢᠯᠦᠭᠡᠯᠡᠬᠦ ᠴᠡᠷᠢᠭ᠂ | ᠲᠦᠪ ᠤᠨ ᠪᠠ ᠲᠦᠷᠦ ᠶᠢᠨ ᠶᠠᠮᠤᠨ ᠵᠦᠪᠯᠡᠯ᠂ ᠡᠯ᠎ᠠ ᠮᠤᠵᠢ ᠤᠷᠤᠨ ᠬᠤᠳᠠ ᠶᠢᠨ ᠬᠢᠨ ᠪᠦᠬᠦ ᠬᠦᠴᠦᠨ ᠢᠶᠠᠷ | ᠲᠤᠰᠠᠯᠠᠨ ᠭᠠᠯ ᠹᠷᠤᠨᠲ ᠢ ᠳᠡᠮᠵᠢᠵᠤ᠂ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠷᠠᠳ ᠤᠨ ᠲᠠᠶᠢᠨ᠂ | ᠶᠠᠷᠤᠩᠬᠡᠢ ᠲᠠᠶᠢᠯᠠᠯᠳᠤᠭᠠᠨ᠂ ᠬᠤᠷᠢᠬᠯᠠᠯᠲᠠ ᠶᠢᠨ ᠲᠠᠶᠢᠯᠠᠯᠳᠤᠭᠠᠨ ᠢ ᠬᠢᠭᠰᠡᠨ ᠪᠠᠶᠢᠨ᠎ᠠ᠃ ᠬᠠᠳᠠᠭᠤᠵᠢᠯᠳᠠᠢ | ᠴᠢᠷᠮᠠᠶᠢᠯᠭ᠎ᠠ ᠪᠠᠷ ᠲᠠᠮᠵᠢᠨ ᠬᠤᠪᠸᠢ ᠪᠤᠯᠤᠨ ᠦᠬᠠᠨ ᠤ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠬᠠᠨᠳᠤᠰᠢ | ᠪᠠᠶᠢᠲᠠᠯ ᠢᠳᠡᠪᠬᠢᠳᠠᠢ ᠪᠠᠷ ᠰᠠᠶᠢᠵᠢᠷᠠᠬᠤ ᠲᠡᠶᠢᠰᠢ ᠬᠤᠪᠢᠷᠠᠵᠤ᠂ ᠱᠠᠳᠤᠴᠢ ᠴᠢᠨᠠᠷᠳᠠᠢ ᠴᠢᠬᠤᠯᠠ ᠠᠮᠵᠢᠯᠳᠠ ᠪᠦᠳᠤᠮᠵᠢ | ᠤᠯᠵᠤ᠂ ᠪᠠᠶᠢᠳᠠᠯ ᠢ ᠲᠤᠭᠲᠠᠪᠤᠷᠢᠵᠢᠭᠤᠯᠬᠤ᠂ ᠪᠠᠶᠢᠲᠠᠯ ᠢ ᠬᠤᠪᠢᠷᠠᠭᠤᠯᠵᠤ ᠡᠷᠬᠢᠯᠲᠡ ᠲᠠᠢ ᠪᠤᠯᠭᠠᠬᠤ ᠬᠠᠷᠠᠯᠳᠠ ᠶᠢ | ᠠᠩᠬ᠎ᠠ ᠠᠯᠬᠤᠮ ᠪᠡᠶᠡᠯᠡᠬᠦᠯᠪᠠ᠃ ᠤᠳᠤᠬᠠᠨ ᠳᠤ ᠬᠤᠪᠸᠢ ᠪᠤᠯᠤᠨ ᠦᠬᠠᠨ ᠤ ᠬᠢᠵᠢᠭ ᠤᠨ ᠪᠠᠶᠢᠳᠠᠯ ᠢ ᠰᠡᠷᠬᠡᠶᠢᠯᠡᠨ | ᠡᠵᠡᠮᠳᠡᠬᠦ ᠡᠬᠦᠷᠬᠡ ᠮᠦᠨ ᠬᠦ ᠪᠡᠷᠭᠡ ᠬᠳᠠᠭᠤᠵᠢᠯᠳᠠᠢ ᠬᠦᠨᠳᠤ ᠨᠦᠰᠠᠷ ᠪᠠᠶᠢᠨ᠎ᠠ᠃ ᠡᠯ᠎ᠠ ᠱᠠᠳᠤᠨ ᠤ ᠨᠠᠮ ᠤᠨ | ᠵᠤᠬᠢᠶᠠᠨ ᠪᠠᠶᠢᠭᠤᠯᠤᠯᠳᠠ ᠪᠤᠯᠤᠨ ᠦᠷᠬᠡᠨ ᠤᠯᠠᠨ ᠨᠠᠮ ᠤᠨ ᠬᠡᠰᠢᠬᠦᠨ᠂ ᠺᠠᠳ᠋ᠷ ᠤᠬ ᠰᠠᠨᠠᠭ᠎ᠠ ᠪᠠᠨ ᠦᠯᠤ ᠮᠠᠷᠳᠠᠨ | ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠠᠵᠤ᠂ ᠬᠠᠷᠢᠭᠤᠴᠠᠯᠭ᠎ᠠ ᠡᠬᠦᠷᠭᠡᠯᠡᠨ ᠬᠠᠳᠠᠭᠤ ᠰᠢᠯᠭᠠᠯᠳᠠ ᠶᠢ | ᠲᠠᠭᠠᠭᠠᠵᠤ᠂ ᠨᠡᠩ ᠴᠢᠩᠭ᠎ᠠ ᠰᠤᠷᠳᠠᠯ᠂ ᠨᠡᠩ ᠪᠤᠳᠠᠳᠠᠢ ᠠᠷᠭ᠎ᠠ ᠬᠡᠮᠵᠢᠶ᠎ᠠ ᠪᠠᠷ ᠨᠠᠮ ᠤᠨ ᠲᠦᠪ ᠬᠤᠷᠢᠶᠠᠨ ᠤ | ᠰᠢᠢᠳᠪᠤᠷᠢᠳᠤ ᠪᠤᠳᠤᠯᠭ᠎ᠠ ᠪᠠᠶᠢᠷᠢᠯᠠᠭᠤᠯᠤᠯᠳᠠ ᠶᠢ ᠨᠠᠶᠢᠳᠠᠪᠤᠷᠢᠵᠢᠭᠤᠯᠬᠤ ᠭᠡᠷᠡᠭᠳᠠᠢ ᠭᠡᠵᠦ ᠴᠢᠬᠤᠯᠠᠴᠢᠯᠠᠪᠠ᠃ | ᠰᠢ ᠶᠢᠨ ᠫᠢᠩ᠂ ᠡᠮᠴᠢᠯᠡᠭᠡ ᠪᠠᠷ ᠠᠪᠤᠷᠠᠨ ᠡᠮᠨᠡᠬᠦ ᠠᠵᠢᠯ ᠢ ᠲᠡᠷᠢᠬᠦᠨ ᠳᠤ ᠲᠠᠯᠪᠢᠵᠤ᠂ ᠰᠢᠨᠵᠢᠯᠡᠬᠦ | ᠤᠬᠠᠭᠠᠨᠴᠢ ᠤᠨᠤᠴᠠᠳᠠᠢ ᠪᠠᠷ ᠡᠮᠨᠡᠨ ᠵᠠᠰᠠᠬᠤ ᠲᠡᠭᠡᠷ᠎ᠠ ᠬᠦᠴᠤ ᠪᠠᠨ ᠲᠠᠯᠪᠢᠵᠤ᠂ ᠪᠠᠶᠢᠳᠠᠬ ᠴᠢᠳᠠᠯ ᠢᠶᠠᠷ ᠢᠶᠠᠨ | ᠢᠯᠡᠷᠢᠰᠢᠬᠦᠯᠬᠦ ᠨᠤᠷᠮ᠎ᠠ ᠶᠢ ᠲᠡᠭᠡᠭᠰᠢᠯᠡᠬᠦᠯᠤᠨ᠂ ᠡᠪᠡᠳᠴᠢᠨ ᠢᠶᠠᠷ ᠦᠬᠦᠬᠦ ᠨᠤᠷᠮ᠎ᠠ ᠶᠢ ᠪᠠᠭᠤᠷᠠᠭᠤᠯᠬᠤ ᠭᠡᠷᠡᠭᠳᠠᠢ᠃ ︽ | ᠲᠦᠷᠪᠡ ᠶᠢ ᠲᠦᠪᠯᠡᠷᠡᠬᠦᠯᠬᠦ︾ ᠠᠷᠭ᠎ᠠ ᠬᠡᠮᠵᠢᠶ᠎ᠠ ᠶᠢ ᠴᠢᠨᠠᠬᠰᠢᠳᠠ ᠨᠠᠶᠢᠳᠠᠪᠤᠷᠢᠵᠢᠭᠤᠯᠤᠨ᠂ ᠲᠠᠪᠠᠭᠤᠯᠢᠬ | ᠡᠮᠴᠢᠯᠡᠬᠡᠨ ᠤ ᠡᠬᠢ ᠪᠠᠶᠠᠯᠢᠬ ᠪᠤᠯᠤᠨ ᠮᠡᠷᠬᠡᠵᠢᠯ ᠤᠨ ᠬᠦᠴᠤᠨ ᠢ ᠲᠦᠪᠯᠡᠷᠡᠬᠦᠯᠵᠤ ᠡᠪᠡᠳᠴᠢᠳᠠᠨ ᠢ ᠠᠪᠤᠷᠠᠨ ᠡᠮᠨᠡᠵᠤ᠂ | ᠨᠢᠭᠡᠨᠲᠡ ᠰᠤᠳᠤᠯᠤᠨ ᠭᠠᠷᠭᠠᠭᠰᠠᠨ ᠪᠠ ᠰᠤᠩᠭᠤᠵᠤ ᠭᠠᠷᠭᠠᠬᠰᠠᠨ ᠪᠦᠳᠤᠮᠵᠢᠳᠠᠢ ᠡᠮ ᠲᠠᠩ ᠢ ᠲᠡᠯᠬᠡᠷᠡᠬᠦᠯᠤᠨ | ᠭᠡᠷᠡᠭᠯᠡᠬᠦ ᠶᠢ ᠲᠦᠷᠬᠡᠨ ᠠᠬᠢᠭᠤᠯᠵᠤ᠂ ᠠᠪᠤᠷᠠᠨ ᠡᠮᠨᠡᠬᠦ ᠲᠦᠪᠰᠢᠨ ᠢ ᠲᠡᠭᠡᠭᠰᠢᠯᠡᠬᠦᠯᠬᠦ ᠭᠡᠷᠡᠭᠳᠠᠢ᠃ ᠡᠮᠴᠢᠯᠡᠬᠡᠨ ᠤ | ᠰᠡᠷᠬᠡᠶᠢᠯᠡᠨ ᠡᠵᠡᠮᠳᠡᠬᠦ ᠡᠳ᠋ ᠪᠤᠳᠠᠰ ᠤᠨ ᠤᠢᠢᠯᠡᠳᠪᠤᠷᠢᠯᠠᠯ᠂ ᠬᠠᠩᠭᠠᠯᠭ᠎ᠠ ᠪᠠ ᠲᠤᠬᠢᠷᠠᠭᠤᠯᠤᠯᠳᠠ ᠶᠢ ᠴᠢᠩᠭᠠᠳᠬᠠᠵᠤ᠂ | ᠡᠮᠨᠡᠯᠬᠡ ᠠᠴᠠ ᠭᠠᠷᠤᠬᠰᠠᠨ ᠡᠪᠡᠳᠴᠢᠳᠠᠨ ᠢ ᠡᠷᠡᠬᠦᠯᠵᠢᠬᠦᠯᠬᠦ ᠡᠮᠴᠢᠯᠡᠬᠡᠨ ᠤ ᠠᠵᠢᠯ ᠢ ᠰᠠᠶᠢᠳᠤᠷ ᠬᠢᠬᠦ ᠭᠡᠷᠡᠭᠳᠠᠢ᠃ | ᠡᠮᠴᠢ ᠰᠤᠪᠢᠯᠠᠬᠴᠢ ᠶᠢᠨ ᠬᠦᠴᠤᠨ ᠪᠤᠯᠤᠨ ᠡᠮᠴᠢᠯᠡᠬᠡᠨ ᠤ ᠡᠳ᠋ ᠪᠤᠳᠠᠰ ᠤᠨ ᠨᠢᠬᠡᠳᠤᠯᠳᠠᠢ ᠲᠦᠯᠤᠪᠵᠢᠬᠦᠯᠬᠡ ᠶᠢ | ᠴᠢᠩᠭᠠᠳᠬᠠᠨ᠂ ᠪᠤᠰᠤᠳ ᠡᠪᠡᠳᠴᠢᠳᠠᠨ ᠤ ᠡᠳᠤᠷ ᠲᠤᠳᠤᠮ ᠤᠨ ᠡᠪᠡᠳᠴᠢᠨ ᠢᠶᠠᠨ ᠦᠵᠡᠬᠦᠯᠬᠦ ᠭᠡᠷᠡᠭᠴᠡᠭᠡ ᠶᠢ | ᠬᠠᠮᠲᠦ ᠳᠤᠨᠢ ᠬᠠᠷᠠᠭᠠᠯᠵᠠᠵᠤ᠂ ᠬᠡᠪ ᠤᠨ ᠡᠮᠴᠢᠯᠡᠬᠡᠨ ᠤ ᠡᠮᠬᠢ ᠲᠢᠭᠯᠢᠮ ᠢ ᠠᠯᠬᠤᠮ ᠠᠯᠬᠤᠮ ᠢᠶᠠᠷ ᠰᠡᠷᠬᠦᠬᠡᠬᠦ | ᠭᠡᠷᠡᠭᠳᠠᠢ ᠬᠡᠵᠤ ᠵᠢᠭᠠᠵᠤ ᠭᠠᠷᠭᠠᠪᠠ᠃ | ᠰᠢ ᠶᠢᠨ ᠫᠢᠩ᠂ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠬᠤᠷᠢᠬᠯᠠᠯᠳᠠ ᠶᠢᠨ ᠲᠠᠶᠢᠯᠠᠯᠳᠤᠭᠠᠨ ᠤ | ᠢᠯᠠᠯᠳᠠ ᠶᠢ ᠤᠯᠬᠤ ᠳᠤ ᠭᠤᠤᠯᠳᠠᠯᠭ᠎ᠠ ᠨᠢ ︽ᠰᠡᠷᠬᠡᠶᠢᠯᠡᠬᠦ︾ ᠳᠤ ᠪᠤᠢ᠃ ᠤᠳᠤ ᠵᠠᠩᠬᠢᠯᠠᠭ᠎ᠠ ᠶᠢᠨ ᠴᠠᠬ ᠲᠤ | ᠤᠷᠤᠭᠠᠳ ᠪᠠᠶᠢᠨ᠎ᠠ᠂ ᠡᠷᠬᠡᠪᠰᠢ ᠰᠢᠳᠤ ᠵᠠᠭᠤᠨ ᠲᠡᠮᠡᠴᠡᠬᠦ ᠭᠡᠷᠡᠭᠳᠠᠢ᠃ ᠠᠷᠠᠳ ᠲᠦᠮᠡᠨ ᠳᠤ ᠴᠢᠩᠭ᠎ᠠ ᠲᠦᠰᠢᠭᠯᠡᠨ᠂ | ᠠᠷᠠᠳ ᠤᠯᠠᠨ ᠢ ᠬᠦᠢᠴᠡᠳ ᠲᠠᠶᠢᠴᠢᠯᠠᠵᠤ᠂ ᠠᠷᠠᠳ ᠤᠯᠠᠨ ᠤ ᠦᠪᠡᠷ ᠤᠨ ᠪᠠᠶ᠎ᠠ ᠳᠡᠭᠡᠨ ᠤᠢᠢᠯᠡᠴᠢᠯᠡᠬᠦ᠂ | ᠦᠪᠡᠷ ᠢ ᠪᠠᠨ ᠬᠠᠮᠠᠭᠠᠯᠠᠬᠤ ᠴᠢᠳᠠᠪᠤᠷᠢ ᠶᠢ ᠲᠡᠭᠡᠭᠰᠢᠯᠡᠬᠦᠯᠬᠦ ᠭᠡᠷᠡᠭᠳᠠᠢ᠃ ᠤᠷᠤᠵᠤ ᠭᠠᠷᠬᠤ ᠬᠦᠮᠤᠰ ᠤᠨ | ᠬᠠᠮᠢᠶᠠᠷᠤᠯᠳᠠ ᠶᠢ ᠴᠢᠩᠭᠠᠳᠬᠠᠵᠤ᠂ ᠲᠠᠬᠤᠯ ᠡᠪᠡᠳᠴᠢᠨ ᠤ ᠰᠤᠳᠤᠯᠤᠯ ᠤᠨ ᠪᠠᠶᠢᠴᠠᠭᠠᠬᠤ ᠠᠵᠢᠯ ᠢ ᠬᠦᠨᠵᠡᠬᠡᠢ | ᠦᠷᠨᠢᠬᠦᠯᠬᠦ ᠭᠡᠷᠡᠭᠳᠠᠢ᠃ ᠳᠤᠳᠤᠭᠠᠳᠤ ᠳᠠᠭᠠᠨ ᠲᠠᠷᠬᠠᠨ ᠲᠡᠯᠬᠡᠷᠡᠬᠦ ᠶᠢ ᠰᠡᠷᠬᠡᠶᠢᠯᠡᠵᠤ ᠭᠠᠳᠠᠭᠰᠢ | ᠬᠠᠯᠳᠠᠪᠤᠷᠢᠯᠠᠭᠤᠯᠬᠤ ᠶᠢ ᠰᠡᠷᠬᠡᠶᠢᠯᠡᠬᠦ ᠰᠡᠷᠬᠡᠶᠢᠯᠡᠨ ᠡᠵᠡᠮᠳᠡᠬᠦ ᠠᠷᠭ᠎ᠠ ᠪᠤᠳᠤᠯᠭ᠎ᠠ ᠶᠢ ᠪᠠᠷᠢᠮᠳᠠᠯᠠᠬᠤ ᠶᠢᠨ ᠬᠠᠮᠳᠤ | ᠡᠷᠡᠬᠦᠯ ᠮᠡᠨᠳᠤ ᠶᠢᠨ ᠬᠠᠮᠢᠶᠠᠷᠤᠯᠳᠠ ᠶᠢ ᠰᠠᠶᠢᠳᠤᠷ ᠬᠢᠵᠤ᠂ ᠰᠡᠷᠬᠡᠶᠢᠯᠡᠨ ᠡᠵᠡᠮᠳᠡᠬᠦ ᠠᠷᠭ᠎ᠠ ᠬᠡᠮᠵᠢᠶ᠎ᠠ ᠶᠢ ᠰᠠᠶᠢᠳᠤᠷ | ᠨᠠᠶᠢᠳᠠᠪᠤᠷᠢᠵᠢᠭᠤᠯᠤᠭᠰᠠᠨ ᠤᠷᠢᠳᠠᠯ ᠲᠤᠤᠷ᠎ᠠ ︽ᠴᠡᠭ ᠴᠡᠭ ᠢᠶᠠᠷ ᠬᠠᠷᠠᠭᠠᠯᠵᠠᠭᠤᠯᠤᠭᠰᠠᠨ᠂ ᠨᠢᠬᠡ ᠦᠷᠳᠡᠬᠡᠴᠢᠯᠡᠭᠰᠡᠨ | ︾ ᠠᠷᠭ᠎ᠠ ᠬᠡᠮᠵᠢᠶ᠎ᠠ ᠠᠪᠴᠤ᠂ ᠲᠦᠪᠯᠡᠷᠡᠩᠬᠦᠢ ᠤᠨᠤᠴᠠᠳᠠᠢ ᠪᠠᠷ ᠬᠦᠯᠤᠰᠤᠨ ᠠᠵᠢᠯᠴᠢᠨ ᠤ ᠠᠮᠤᠷ ᠲᠦᠪᠰᠢᠨ ᠢᠶᠠᠷ | ᠠᠵᠢᠯ ᠤᠨ ᠪᠠᠶᠢᠷᠢ ᠳᠠᠭᠠᠨ ᠪᠤᠴᠠᠬᠤ ᠶᠢ ᠪᠠᠳᠤᠯᠠᠵᠤ᠂ ᠭᠠᠳᠠᠨ᠎ᠠ ᠤᠷᠤᠨ ᠤ ᠬᠤᠪᠸᠢ ᠳᠤ ᠦᠯᠡᠲᠡᠵᠤ ᠬᠤᠴᠤᠷᠤᠬᠰᠠᠨ | ᠬᠦᠮᠤᠰ ᠤᠨ ᠠᠮᠤᠷ ᠲᠦᠪᠰᠢᠨ ᠡᠮᠬᠢ ᠵᠢᠷᠤᠮ ᠲᠠᠢ ᠪᠠᠷ ᠨᠤᠳᠤᠬ ᠲᠠᠭᠠᠨ ᠪᠤᠴᠠᠬᠤ ᠶᠢ ᠨᠢ ᠬᠠᠪᠰᠤᠷᠤᠬᠤ ᠭᠡᠷᠡᠭᠳᠠᠢ | ᠬᠡᠵᠤ ᠴᠢᠬᠤᠯᠠᠴᠢᠯᠠᠪᠠ᠃ | ᠰᠢ ᠶᠢᠨ ᠫᠢᠩ᠂ ᠡᠮᠴᠢᠯᠡᠬᠡᠨ ᠤ ᠬᠦᠴᠤᠨ ᠪᠠᠭᠤᠷᠠᠢ ᠬᠤᠳᠠ ᠵᠸᠤ ᠶᠢ ᠲᠡᠮᠵᠢᠬᠦ ᠡᠷᠴᠢᠮ ᠢᠶᠠᠨ | ᠴᠢᠩᠭᠠᠷᠠᠭᠤᠯᠵᠤ᠂ ᠦᠨᠳᠤᠷ ᠲᠦᠪᠰᠢᠨ ᠲᠠᠢ ᠲᠤᠰᠬᠠᠢ ᠮᠡᠷᠬᠡᠵᠢᠯᠳᠠᠨ ᠤ ᠪᠦᠯᠬᠦᠮ ᠤᠨ ᠤᠢᠢᠯᠡᠳᠤᠯ ᠢ ᠪᠠᠳᠠᠷᠠᠭᠤᠯᠤᠨ᠂ | ᠲᠤᠭᠤᠷᠢᠨ ᠤᠨᠤᠰᠢᠯᠠᠵᠤ ᠡᠮᠨᠡᠬᠦ᠂ ᠠᠯᠤᠰ ᠡᠵᠡᠮᠰᠢᠯ ᠢᠶᠠᠷ ᠬᠠᠮᠳᠤᠷᠠᠬᠰᠠᠨ ᠤᠨᠤᠰᠢᠯᠠᠯᠳᠠ ᠬᠢᠬᠦ ᠵᠡᠷᠬᠡ ᠪᠦᠳᠤᠮᠵᠢᠳᠠᠢ | ᠠᠷᠭ᠎ᠠ ᠬᠢᠳᠡᠯ ᠢ ᠰᠦᠪᠡᠭᠴᠢᠯᠠᠵᠤ᠂ ᠰᠢᠯᠢᠳᠡᠭ ᠡᠮᠴᠢᠯᠡᠬᠡᠨ ᠤ ᠡᠬᠢ ᠪᠠᠶᠠᠯᠢᠬ ᠢ ᠦᠨᠳᠤᠰᠤᠨ ᠱᠠᠳᠤᠨ ᠳᠤ | ᠪᠠᠭᠤᠯᠭᠠᠬᠤ ᠶᠢ ᠠᠬᠢᠭᠤᠯᠬᠤ ᠭᠡᠷᠡᠭᠳᠠᠢ᠃ ᠬᠦᠳᠡᠭᠡ ᠲᠤᠰᠬᠤᠨ ᠤ ᠡᠮ ᠡᠮᠨᠡᠯᠬᠡ ᠡᠷᠡᠬᠦᠯ ᠬᠠᠮᠠᠭᠠᠯᠠᠯ ᠤᠨ ᠨᠦᠬᠦᠴᠠᠯ ᠢ | ᠰᠠᠶᠢᠵᠢᠷᠠᠭᠤᠯᠵᠤ᠂ ᠬᠦᠳᠡᠭᠡ ᠲᠤᠰᠬᠤᠨ ᠤ ᠡᠮᠴᠢᠯᠡᠭᠡᠨ ᠤ ᠠᠵᠢᠯᠳᠠᠳ ᠪᠤᠯᠤᠨ ᠦᠨᠳᠤᠰᠤᠨ ᠱᠠᠳᠤᠨ ᠤ | ᠺᠠᠳ᠋ᠷᠴᠤᠳ ᠤᠨ ᠪᠤᠯᠪᠠᠰᠤᠷᠠᠯ ᠢ ᠴᠢᠩᠭᠠᠳᠬᠠᠨ᠂ ᠴᠢᠬᠤᠯᠠ ᠪᠦᠬᠦᠢ ᠰᠡᠷᠬᠡᠶᠢᠯᠡᠨ ᠬᠠᠮᠠᠭᠠᠯᠠᠬᠤ ᠡᠳ᠋ ᠪᠤᠳᠠᠰ ᠢ | ᠬᠠᠩᠭᠠᠬᠤ ᠭᠡᠷᠡᠭᠳᠠᠢ᠃ ᠤᠯᠠᠨ ᠲᠦᠮᠡᠨ ᠢ ᠲᠠᠶᠢᠴᠢᠯᠠᠨ ᠤᠷᠴᠢᠨ ᠲᠤᠭᠤᠷᠢᠨ ᠤ ᠡᠷᠡᠬᠦᠯ ᠬᠠᠮᠠᠭᠠᠯᠠᠯ ᠤᠨ ᠲᠤᠰᠬᠠᠢ | ᠴᠡᠭᠴᠡᠯᠡᠨ ᠵᠠᠰᠠᠯᠳᠠ ᠶᠢ ᠦᠷᠨᠢᠬᠦᠯᠵᠤ᠂ ᠤᠯᠠᠨ ᠲᠦᠮᠡᠨ ᠢ ᠬᠦᠮᠤᠵᠢᠬᠦᠯᠤᠨ ᠲᠠᠭᠠᠭᠤᠯᠵᠤ ᠰᠠᠶᠢᠨ ᠰᠠᠶᠢᠬᠠᠨ ᠡᠷᠡᠬᠦᠯ | ᠬᠠᠮᠠᠭᠠᠯᠠᠯ ᠤᠨ ᠲᠠᠳᠬᠠᠯ ᠪᠤᠯᠤᠨ ᠠᠮᠢᠳᠤᠷᠠᠯ ᠤᠨ ᠠᠷᠭ᠎ᠠ ᠬᠡᠯᠪᠡᠷᠢ ᠲᠠᠢ ᠪᠤᠯᠭᠠᠬᠤ ᠭᠡᠷᠡᠭᠳᠠᠢ ᠬᠡᠵᠤ ᠵᠢᠭᠠᠵᠤ | ᠭᠠᠷᠭᠠᠪᠠ᠃ | ᠰᠢ ᠶᠢᠨ ᠫᠢᠩ᠂ ᠠᠷᠠᠳ ᠤᠨ ᠠᠮᠢᠳᠤᠷᠠᠯ ᠲᠤᠭᠳᠠᠭᠤᠨ ᠪᠤᠯᠪᠠᠯ ᠬᠦᠮᠤᠨ ᠤ ᠰᠡᠳᠬᠢᠯ ᠲᠤᠭᠳᠠᠭᠤᠨ ᠪᠠᠶᠢᠵᠤ᠂ | ᠨᠡᠶᠢᠬᠡᠮ ᠲᠤᠭᠳᠠᠭᠤᠨ ᠪᠤᠯᠤᠨ᠎ᠠ᠃ ᠬᠤᠪᠸᠢ ᠪᠤᠯᠤᠨ ᠦᠬᠠᠨ ᠵᠡᠷᠬᠡ ᠬᠢᠵᠢᠭ ᠤᠨ ᠪᠠᠶᠢᠳᠠᠯ ᠬᠦᠨᠳᠤ ᠨᠤᠴᠢᠳᠠᠢ | ᠭᠠᠵᠠᠷ ᠤᠷᠤᠨ ᠤ ᠤᠯᠠᠨ ᠲᠦᠮᠡᠨ ᠦᠪᠡᠷ ᠢ ᠪᠠᠨ ᠲᠤᠰᠠᠭᠠᠷᠯᠠᠭᠠᠳ ᠨᠡᠯᠢᠶᠡᠳ ᠤᠷᠳᠤ ᠬᠤᠭᠤᠴᠠᠭ᠎ᠠ ᠪᠤᠯᠵᠤ | ᠪᠠᠶᠢᠨ᠎ᠠ᠂ ᠵᠠᠷᠢᠮ ᠳᠠᠭᠠᠨ ᠠᠭᠤᠷ ᠪᠤᠬᠢᠨᠢᠲᠤᠯ ᠢᠶᠠᠨ ᠭᠠᠷᠭᠠᠬᠤ ᠶᠢ ᠨᠢ ᠤᠢᠢᠯᠠᠭᠠᠵᠤ ᠪᠠᠭᠳᠠᠭᠠᠨ ᠠᠭᠤᠴᠢᠯᠠᠵᠤ᠂ ᠡᠯ᠎ᠠ | ᠲᠠᠯ᠎ᠠ ᠶᠢᠨ ᠠᠵᠢᠯ ᠤᠨ ᠡᠷᠴᠢᠮ ᠢᠶᠠᠨ ᠦᠷᠬᠦᠯᠵᠢᠯᠠᠨ ᠴᠢᠩᠭᠠᠷᠠᠭᠤᠯᠬᠤ ᠭᠡᠷᠡᠭᠳᠠᠢ᠃ ᠤᠯᠠᠨ ᠲᠦᠮᠡᠨ ᠤ ᠦᠨᠳᠤᠰᠤᠨ | ᠠᠮᠢᠳᠤᠷᠠᠯ ᠤᠨ ᠭᠡᠷᠡᠭᠴᠡᠭᠡ ᠶᠢ ᠬᠦᠢᠴᠡᠳ ᠪᠤᠳᠤᠯᠬᠢᠯᠠᠨ᠂ ᠵᠠᠬ᠎ᠠ ᠲᠡᠯᠬᠡᠬᠦᠷ ᠤᠨ ᠬᠠᠩᠭᠠᠯᠭ᠎ᠠ ᠪᠤᠯᠤᠨ ᠦᠨ᠎ᠠ | ᠬᠠᠩᠰᠢ ᠶᠢᠨ ᠬᠠᠨᠳᠤᠰᠢ ᠶᠢ ᠨᠢᠬᠳᠠ ᠬᠢᠨᠠᠨ ᠭᠡᠮᠵᠢᠵᠦ᠂ ᠠᠮᠤ ᠲᠤᠰᠤ᠂ ᠮᠢᠬ᠎ᠠ ᠦᠨᠳᠡᠭᠡ ᠰᠦ ᠵᠡᠷᠬᠡ ᠠᠮᠢᠳᠤᠷᠠᠯ ᠤᠨ | ᠬᠡᠷᠡᠭᠴᠡᠬᠡᠨ ᠤ ᠵᠦᠢᠯᠡᠰ ᠤᠨ ᠬᠠᠩᠭᠠᠯᠭ᠎ᠠ ᠶᠢ ᠪᠠᠳᠤᠯᠠᠬᠤ ᠭᠡᠷᠡᠭᠳᠠᠢ᠃ ᠬᠢᠵᠢᠭ ᠤᠨ ᠪᠠᠶᠢᠳᠠᠯ ᠢ ᠰᠡᠷᠬᠡᠶᠢᠯᠡᠨ | ᠡᠵᠡᠮᠳᠡᠬᠦ ᠠᠴᠠ ᠪᠤᠯᠵᠤ ᠬᠡᠷ ᠲᠡᠭᠡᠨ ᠲᠤᠰᠠᠭᠠᠷᠯᠠᠵᠤ ᠪᠠᠶᠢᠭ᠎ᠠ ᠭᠤᠤᠨᠢ ᠪᠡᠯᠪᠡᠰᠤᠨ ᠨᠠᠰᠤᠳᠠᠨ᠂ ᠬᠦᠴᠢᠷᠳᠠᠯᠳᠠᠢ | ᠬᠡᠤᠬᠡᠳ ᠪᠠᠭᠠᠴᠤᠳ᠂ ᠤᠨᠴᠠ ᠬᠦᠴᠢᠷᠳᠠᠯᠳᠠᠢ ᠬᠦᠮᠤᠰ᠂ ᠵᠡᠮᠳᠡᠭᠴᠤᠳ ᠵᠡᠷᠬᠡ ᠤᠨᠴᠠᠭᠠᠢ ᠬᠦᠮᠤᠰ ᠲᠤ | ᠲᠠᠭᠠᠭᠠᠴᠢᠯᠠᠨ ᠬᠠᠷᠢᠭᠤᠴᠠᠬᠤ ᠬᠦᠮᠤᠨ ᠢ ᠨᠠᠶᠢᠳᠠᠪᠤᠷᠢᠵᠢᠭᠤᠯᠵᠤ᠂ ᠡᠷᠬᠢᠨ ᠦᠵᠡᠬᠦ ᠪᠠᠨ ᠴᠢᠩᠭᠠᠳᠬᠠᠨ᠂ ᠴᠠᠭ | ᠲᠤᠬᠠᠢ ᠳᠤᠨᠢ ᠴᠢᠬᠤᠯᠠ ᠪᠦᠬᠦᠢ ᠬᠠᠪᠰᠤᠷᠤᠯᠭ᠎ᠠ ᠬᠠᠨᠭ᠍ᠭᠠᠬᠤ ᠭᠡᠷᠡᠭᠳᠠᠢ᠃ ᠰᠡᠳᠬᠢᠴᠠ ᠶᠢᠨ ᠵᠢᠯᠤᠭᠤᠳᠤᠯᠭ᠎ᠠ ᠬᠢᠬᠦ ᠪᠠ | ᠰᠡᠳᠬᠢᠴᠠ ᠶᠢᠨ ᠬᠠᠮᠢᠶᠡᠷᠤᠯᠳᠠ ᠬᠢᠬᠦ ᠪᠠᠨ ᠴᠢᠩᠭᠠᠳᠬᠠᠵᠤ᠂ ᠢᠯᠠᠩᠭᠤᠶ᠎ᠡ ᠡᠪᠡᠳᠴᠢᠳᠡᠨ ᠵᠢᠴᠢ ᠲᠡᠳᠡᠨ ᠤ ᠭᠡᠷ | ᠪᠦᠯᠢ ᠶᠢᠨ ᠬᠢᠨ᠂ ᠡᠪᠡᠳᠴᠢᠨ ᠢᠶᠠᠷ ᠨᠠᠰᠦ ᠪᠠᠷᠠᠭᠰᠠᠳ ᠤᠨ ᠭᠡᠷ ᠪᠦᠯᠢ ᠶᠢᠨ ᠬᠢᠨ ᠳᠤ ᠰᠡᠳᠬᠢᠴᠠ ᠶᠢᠨ | ᠵᠢᠯᠤᠭᠤᠳᠤᠯᠭ᠎ᠠ ᠬᠢᠬᠦ ᠠᠵᠢᠯ ᠢ ᠴᠢᠩᠭᠠᠳᠬᠠᠬᠤ ᠭᠡᠷᠡᠭᠳᠠᠢ᠃ ᠶᠠᠷᠢᠶ᠎ᠡ ᠬᠡᠯᠡᠯᠴᠡᠭᠡ ᠪᠠᠷ ᠬᠦᠳᠦᠯᠤᠨ ᠵᠢᠯᠤᠭᠤᠳᠬᠤ ᠪᠠᠨ | ᠴᠢᠩᠭᠠᠳᠬᠠᠵᠤ᠂ ᠢᠳᠡᠭᠡᠯ ᠵᠤᠷᠢᠭ ᠢ ᠴᠢᠩᠭᠠᠳᠬᠠᠬᠤ᠂ ᠬᠦᠮᠦᠰ ᠤᠨ ᠰᠡᠳᠬᠢᠯ ᠢ ᠲᠤᠯᠠᠭᠠᠴᠠᠭᠤᠯᠬᠤ᠂ ᠠᠷᠠᠳ ᠤᠨ | ᠰᠡᠳᠬᠢᠯ ᠢ ᠨᠢᠬᠳᠠᠷᠠᠭᠤᠯᠬᠤ ᠶᠠᠷᠢᠶ᠎ᠡ ᠬᠡᠯᠡᠯᠴᠡᠭᠡᠨ ᠤ ᠠᠭᠤᠷ ᠠᠮᠢᠰᠬᠤᠯ ᠢ ᠪᠤᠢ ᠪᠤᠯᠭᠠᠬᠤ ᠭᠡᠷᠡᠭᠳᠠᠢ᠃ ᠬᠠᠤᠯᠢ | ᠶᠤᠰᠤᠭᠠᠷ ᠰᠡᠷᠭᠡᠶᠢᠯᠡᠨ ᠡᠵᠡᠮᠳᠡᠬᠦ ᠶᠢ ᠪᠠᠷᠢᠮᠳᠠᠯᠠᠵᠤ᠂ ᠨᠡᠶᠢᠭᠡᠮ ᠤᠨ ᠲᠠᠯ᠎ᠡ ᠶᠢᠨ ᠬᠠᠮᠢᠶᠡᠷᠤᠯᠳᠠ ᠡᠵᠡᠮᠰᠢᠯ ᠢ | ᠴᠢᠩᠭᠠᠳᠬᠠᠨ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠤᠮᠳᠠ ᠢᠯᠡᠷᠡᠬᠦ ᠪᠤᠯᠤᠮᠵᠢ ᠲᠠᠢ ᠡᠯ᠎ᠡ ᠲᠦᠷᠦᠯ ᠤᠨ | ᠠᠰᠠᠭᠤᠳᠠᠯ ᠢ ᠵᠦᠢ ᠵᠤᠬᠢᠰᠳᠠᠢ ᠰᠢᠢᠳᠪᠤᠷᠢᠯᠡᠵᠤ᠂ ᠨᠡᠶᠢᠭᠡᠮ ᠤᠨ ᠶᠡᠭᠡ ᠲᠠᠯ᠎ᠡ ᠶᠢᠨ ᠲᠤᠬᠳᠠᠭᠤᠨ ᠢ ᠰᠠᠶᠢᠳᠤᠷ | ᠬᠠᠮᠠᠭᠠᠯᠠᠬᠤ ᠭᠡᠷᠡᠭᠳᠠᠢ ᠭᠡᠵᠤ ᠴᠢᠬᠤᠯᠠᠴᠢᠯᠠᠪᠠ᠃ | ᠰᠢ ᠶᠢᠨ ᠫᠢᠩ᠂ ᠡᠨᠡ ᠤᠳᠠᠭ᠎ᠠ ᠶᠢᠨ ᠬᠢᠵᠢᠭ ᠤᠨ ᠪᠠᠶᠢᠳᠠᠯ ᠤᠬᠤᠷ ᠬᠤᠭᠤᠴᠠᠭᠠᠨ ᠲᠤᠲᠤᠷ᠎ᠠ ᠬᠤᠪᠸᠢ ᠶᠢᠨ | ᠠᠵᠤ ᠠᠬᠤᠢ ᠨᠡᠶᠢᠭᠡᠮ ᠤᠨ ᠬᠦᠭᠵᠢᠯᠳᠠ ᠳᠤ ᠡᠪᠡᠷᠰᠢᠶᠠᠯ ᠠᠪᠴᠢᠷᠠᠬᠤ ᠪᠤᠯᠪᠠᠴᠤ ᠠᠵᠤ ᠠᠬᠤᠢ ᠶᠢᠨ ᠲᠤᠬᠳᠠᠭᠤᠨ ᠤ | ᠲᠤᠮᠳᠠ ᠰᠠᠶᠢᠵᠢᠷᠠᠬᠤ᠂ ᠤᠷᠳᠤ ᠬᠤᠭᠤᠴᠠᠭ᠎ᠠ ᠪᠠᠷ ᠰᠠᠶᠢᠵᠢᠷᠠᠬᠤ ᠦᠨᠳᠤᠰᠤᠨ ᠪᠠᠶᠢᠳᠠᠯ ᠢ ᠨᠦᠯᠦᠭᠡᠯᠡᠬᠦ ᠦᠭᠡᠢ ᠶᠤᠮ | ᠃ ᠰᠡᠷᠭᠡᠶᠢᠯᠡᠨ ᠡᠵᠡᠮᠳᠡᠬᠦ ᠶᠢ ᠴᠢᠩᠭᠠᠳᠬᠠᠬᠰᠠᠨ ᠤᠷᠢᠳᠠᠯ ᠲᠤᠤᠷ᠎ᠡ ᠵᠦᠷᠢᠶᠠᠴᠢᠯᠡᠭᠰᠡᠨ ᠠᠷᠭ᠎ᠠ ᠪᠤᠳᠤᠯᠭ᠎ᠠ ᠠᠪᠴᠤ᠂ | ᠵᠤᠬᠢᠰᠳᠠᠢ ᠴᠠᠭ ᠲᠤ ᠤᠷᠤᠨ ᠬᠤᠪᠢᠶᠠᠨ ᠲᠡᠰ ᠬᠤᠪᠢᠶᠠᠵᠤ᠂ ᠲᠦᠷᠤᠯ ᠬᠤᠪᠢᠶᠠᠨ ᠴᠠᠭ ᠬᠤᠪᠢᠶᠠᠵᠤ ᠪᠠᠶᠢᠭᠠᠳ | ᠨᠦᠬᠦᠴᠡᠯ ᠪᠦᠷᠢᠳᠦᠭᠰᠡᠡᠳ ᠤᠨ ᠠᠵᠢᠯ ᠢᠶᠠᠨ ᠰᠡᠷᠬᠦᠭᠡᠵᠤ ᠦᠢᠯᠡᠳᠪᠤᠷᠢᠯᠡᠯ ᠢᠶᠠᠨ ᠰᠡᠷᠬᠦᠭᠡᠬᠦ ᠶᠢ ᠡᠬᠢᠯᠡᠬᠦᠯᠬᠦ ᠭᠡᠷᠡᠭᠳᠠᠢ | ᠃ ᠤᠯᠤᠰ ᠤᠨ ᠲᠤᠬᠳᠠᠭᠠᠬᠰᠡᠨ ᠠᠯᠢ ᠤᠯᠠᠨ ᠲᠠᠮᠵᠢᠯᠭᠡ ᠶᠢᠨ ᠲᠦᠷᠦ ᠶᠢᠨ ᠪᠤᠳᠤᠯᠭ᠎ᠠ ᠶᠢ ᠨᠠᠷᠢᠯᠢᠭ ᠪᠤᠳᠠᠳᠠᠢ | ᠨᠠᠶᠢᠳᠠᠪᠤᠷᠢᠵᠢᠭᠤᠯᠵᠤ᠂ ᠠᠵᠤ ᠠᠬᠤᠢᠢᠯᠡᠯ ᠢ ᠲᠤᠰᠠᠯᠠᠬᠤ᠂ ᠠᠵᠢᠯ ᠤᠨ ᠪᠠᠶᠢᠷᠢ ᠶᠢ ᠲᠤᠬᠳᠠᠪᠤᠷᠢᠵᠢᠭᠤᠯᠬᠤ᠂ ᠠᠵᠢᠯ | ᠤᠯᠭᠤᠯᠳᠠ ᠶᠢ ᠦᠷᠭᠡᠳᠭᠡᠬᠦ ᠵᠡᠷᠭᠡ ᠠᠵᠢᠯ ᠢ ᠴᠢᠭᠯᠡᠬᠦᠯᠦᠯᠳᠤ ᠴᠢᠨᠠᠷᠳᠠᠢ ᠪᠠᠷ ᠦᠷᠨᠢᠬᠦᠯᠵᠤ᠂ ︽ᠵᠢᠷᠭᠤᠭ᠎ᠠ ᠶᠢ | ᠲᠤᠬᠳᠠᠪᠤᠷᠢᠵᠢᠭᠤᠯᠬᠤ︾ ᠠᠷᠭ᠎ᠠ ᠬᠡᠮᠵᠢᠶ᠎ᠡ ᠶᠢ ᠴᠢᠩᠭᠠᠳᠬᠠᠨ᠂ ᠬᠠᠪᠤᠷ ᠤᠨ ᠲᠠᠷᠢᠶᠠᠯᠠᠩ ᠦᠢᠯᠡᠳᠪᠤᠷᠢᠯᠡᠯ᠂ | ᠲᠠᠷᠢᠶᠠᠴᠢᠳ ᠤᠨ ᠠᠵᠢᠯ ᠤᠯᠵᠤ ᠤᠷᠤᠯᠭ᠎ᠠ ᠪᠠᠨ ᠨᠡᠮᠡᠭᠳᠡᠬᠦᠯᠬᠦ ᠵᠡᠷᠭᠡ ᠠᠵᠢᠯ ᠢ ᠨᠢᠭᠡᠳᠦᠯᠳᠠᠢ ᠲᠦᠯᠦᠪᠵᠢᠬᠦᠯᠤᠨ | ᠰᠠᠶᠢᠳᠤᠷ ᠠᠳᠬᠤᠵᠤ᠂ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠡᠯ᠎ᠡ ᠵᠦᠢᠯ ᠤᠨ ᠡᠬᠦᠷᠭᠡ ᠶᠢ | ᠡᠷᠡᠰ ᠰᠠᠶᠢᠳᠤᠷ ᠠᠳᠬᠤᠬᠤ ᠭᠡᠷᠡᠭᠳᠠᠢ᠃ ᠲᠦᠪ ᠤᠨ ᠪᠠ ᠲᠦᠷᠦ ᠶᠢᠨ ᠪᠠᠶᠢᠭᠤᠯᠭ᠎ᠠ ᠶᠢᠨ ᠡᠯ᠎ᠡ ᠶᠠᠮᠤᠨ | ᠵᠦᠪᠯᠡᠯ ᠤᠨ ᠬᠢᠨ ᠬᠤᠪᠸᠢ ᠶᠢ ᠲᠡᠮᠵᠢᠬᠦ ᠡᠷᠴᠢᠮ ᠢᠶᠠᠨ ᠦᠷᠬᠦᠯᠵᠢᠯᠡᠨ ᠴᠢᠩᠭᠠᠷᠠᠭᠤᠯᠵᠤ᠂ ᠬᠤᠪᠸᠢ ᠶᠢ ᠬᠠᠪᠰᠤᠷᠤᠨ | ᠪᠤᠳᠠᠳᠠᠢ ᠬᠦᠴᠢᠷᠳᠡᠯ ᠪᠤᠯᠤᠨ ᠪᠤᠳᠠᠳᠠᠢ ᠠᠰᠠᠭᠤᠳᠠᠯ ᠢ ᠨᠢ ᠰᠢᠢᠳᠪᠤᠷᠢᠯᠡᠵᠤ᠂ ᠡᠷᠳᠡᠭᠡᠨ ᠪᠦᠬᠦ ᠲᠠᠯ᠎ᠡ ᠪᠠᠷ ᠬᠡᠪ ᠤᠨ | ᠪᠠᠶᠢᠳᠠᠯ ᠳᠤᠨᠢ ᠤᠷᠤᠭᠤᠯᠬᠤ ᠭᠡᠷᠡᠭᠳᠠᠢ ᠭᠡᠵᠤ ᠵᠢᠭᠠᠵᠤ ᠭᠠᠷᠭᠠᠪᠠ᠃ | ᠰᠢ ᠶᠢᠨ ᠫᠢᠩ᠂ ᠡᠨᠡ ᠤᠳᠠᠭ᠎ᠠ ᠶᠢᠨ ᠰᠢᠨ᠎ᠡ ᠲᠢᠳᠢᠮᠯᠢᠭ ᠠᠭᠤᠰᠬᠢᠨ ᠦᠷᠪᠢᠰᠦᠯ ᠤᠨ ᠬᠢᠵᠢᠭ ᠤᠨ | ᠪᠠᠶᠢᠳᠠᠯ ᠢ ᠰᠡᠷᠭᠡᠶᠢᠯᠡᠨ ᠡᠵᠡᠮᠳᠡᠬᠦ ᠪᠤᠯ ᠵᠠᠰᠠᠯᠳᠠ ᠶᠢᠨ ᠰᠢᠰᠲ᠋ᠧᠮ ᠪᠤᠯᠤᠨ ᠵᠠᠰᠠᠯᠳᠠ ᠶᠢᠨ ᠴᠢᠳᠠᠪᠤᠷᠢ ᠶᠢᠨ ᠨᠢᠭᠡ | ᠤᠳᠠᠭ᠎ᠠ ᠶᠢᠨ ᠶᠡᠭᠡ ᠰᠢᠯᠭᠠᠯᠳᠠ ᠪᠤᠯᠤᠨ᠎ᠡ᠂ ᠲᠤᠷᠰᠢᠯᠭ᠎ᠠ ᠪᠠᠶᠢᠬᠤ ᠪᠦᠭᠡᠳ ᠪᠠᠰᠠ ᠰᠤᠷᠭᠠᠮᠵᠢ ᠪᠠᠶᠢᠨ᠎ᠡ᠃ ᠬᠤᠯᠠ ᠶᠢ | ᠪᠠᠷᠠᠯᠠᠵᠤ᠂ ᠲᠤᠷᠰᠢᠯᠭ᠎ᠠ ᠰᠤᠷᠭᠠᠮᠵᠢ ᠪᠠᠨ ᠳ᠋ᠦᠡᠭᠨᠡᠨ᠂ ᠵᠠᠰᠠᠯᠳᠠ ᠶᠢᠨ ᠰᠢᠰᠲ᠋ᠧᠮ ᠤᠨ ᠲᠤᠳᠠᠭᠤᠳᠠᠯ ᠪᠤᠯᠤᠨ ᠪᠠᠭᠤᠷᠠᠢ | ᠲᠠᠯ᠎ᠡ ᠪᠠᠨ ᠲᠦᠷᠭᠡᠨ ᠨᠦᠬᠦᠪᠤᠷᠢᠯᠡᠵᠤ᠂ ᠠᠷᠠᠳ ᠲᠦᠮᠡᠨ ᠤ ᠠᠮᠢ ᠨᠠᠰᠤᠨ ᠤ ᠠᠮᠤᠷ ᠲᠦᠪᠰᠢᠨ ᠪᠤᠯᠤᠨ ᠪᠡᠶ᠎ᠡ | ᠮᠠᠬᠠᠪᠤᠳ ᠤᠨ ᠡᠷᠡᠬᠦᠯ ᠮᠠᠨᠳᠤ ᠶᠢ ᠪᠠᠳᠤᠯᠬᠠᠤ ᠲᠦᠷᠢᠮ ᠤᠨ ᠰᠡᠷᠭᠡᠶᠢᠯᠡᠯᠳᠠ ᠶᠢᠨ ᠱᠤᠭᠤᠮ ᠢ ᠪᠠᠳᠤ ᠴᠤᠬᠴᠠᠯᠠᠬᠤ | ᠭᠡᠷᠡᠭᠳᠠᠢ᠃ ᠬᠤᠳᠠ ᠶᠢᠨ ᠵᠠᠰᠠᠯᠳᠠ ᠶᠢᠨ ᠰᠢᠰᠲ᠋ᠧᠮ ᠪᠤᠯᠤᠨ ᠬᠤᠳᠠ ᠬᠦᠳᠡᠭᠡ ᠶᠢᠨ ᠦᠨᠳᠤᠰᠤᠨ ᠱᠠᠳᠤᠨ ᠤ | ᠵᠠᠰᠠᠯᠳᠠ ᠶᠢᠨ ᠰᠢᠰᠲ᠋ᠧᠮ ᠢ ᠬᠦᠴᠤᠯᠠᠨ ᠲᠡᠬᠦᠯᠳᠡᠷᠵᠢᠬᠦᠯᠵᠤ᠂ ︽ᠪᠦᠬᠦ ᠦᠶᠡᠯᠡᠯ ᠤᠨ ᠬᠤᠭᠤᠴᠠᠭᠠᠨ ᠤ | ᠬᠠᠮᠢᠶᠡᠷᠤᠯᠳᠠ︾ ᠶᠢᠨ ᠤᠬᠠᠮᠰᠠᠷ ᠢ ᠪᠤᠢ ᠪᠤᠯᠭᠠᠨ᠂ ᠭᠡᠳᠤ ᠶᠡᠭᠡ ᠬᠤᠳᠠ ᠶᠢᠨ ᠤᠳᠤᠬᠢᠴᠢᠯᠠᠬᠰᠠᠨ ᠵᠠᠰᠠᠯᠳᠠ ᠶᠢᠨ | ᠰᠢᠨ᠎ᠡ ᠵᠠᠮ ᠢ ᠴᠢᠷᠮᠠᠶᠢᠨ ᠬᠠᠶᠢᠨ ᠰᠦᠪᠡᠭᠴᠢᠯᠡᠬᠦ ᠭᠡᠷᠡᠭᠳᠠᠢ ᠭᠡᠵᠤ ᠴᠢᠬᠤᠯᠠᠴᠢᠯᠠᠪᠠ᠃ | ᠰᠢ ᠶᠢᠨ ᠫᠢᠩ᠂ ᠮᠠᠨ ᠤ ᠨᠠᠮ ᠪᠤᠯ ᠲᠤᠳᠤᠭᠠᠳᠤ ᠶᠢᠨ ᠬᠢᠮᠤᠷᠠᠯ ᠭᠠᠳᠠᠭᠠᠳᠤ ᠶᠢᠨ ᠠᠶᠤᠯ ᠲᠤᠮᠳᠠ ᠮᠡᠨᠳᠤᠯᠠᠵᠤ | ᠂ ᠬᠦᠴᠢᠷ ᠪᠡᠷᠭᠡᠰᠢᠶᠠᠯ ᠨᠤᠭᠤᠷᠠᠯ ᠪᠦᠳᠦᠷᠢᠯ ᠤᠨ ᠲᠤᠮᠳᠠ ᠪᠤᠶᠢᠵᠢᠵᠤ᠂ ᠪᠡᠷᠭᠡ ᠶᠢ ᠲᠠᠪᠡᠨ ᠬᠦᠴᠢᠷ ᠢ ᠲᠤᠭᠤᠯᠬᠤ | ᠲᠤᠮᠳᠠ ᠪᠤᠵᠠᠭᠠᠢᠢᠷᠠᠬᠰᠡᠨ ᠶᠤᠮ᠃ ᠵᠤᠷᠢᠬᠳᠠᠢ ᠪᠠᠷ ᠲᠡᠮᠡᠴᠡᠯ ᠬᠢᠵᠤ ᠵᠤᠷᠢᠬᠳᠠᠢ ᠪᠠᠷ ᠢᠯᠡᠯᠳᠠ ᠤᠯᠬᠤ ᠪᠤᠯ | ᠲᠤᠮᠳᠠᠳᠤ ᠤᠯᠤᠰ ᠤᠨ ᠡᠪ ᠬᠠᠮᠳᠤᠴᠤᠳ ᠤᠨ ᠢᠯᠡ ᠲᠤᠳᠤ ᠤᠯᠤᠰ ᠲᠦᠷᠦ ᠶᠢᠨ ᠵᠠᠩ ᠴᠢᠨᠠᠷ ᠪᠤᠯᠬᠤ ᠪᠦᠭᠡᠳ | ᠪᠠᠰᠠ ᠴᠦ ᠮᠠᠨ ᠤ ᠤᠯᠤᠰ ᠲᠦᠷᠦ ᠶᠢᠨ ᠲᠠᠪᠠᠭᠤᠯᠢᠭ ᠪᠤᠯᠤᠨ᠎ᠠ᠃ ᠡᠯ᠎ᠡ ᠱᠠᠳᠤᠨ ᠤ ᠨᠠᠮ ᠤᠨ ᠵᠤᠬᠢᠶᠠᠨ | ᠪᠠᠶᠢᠭᠤᠯᠤᠯᠳᠠ ᠪᠤᠯᠤᠨ ᠦᠷᠭᠡᠨ ᠤᠯᠠᠨ ᠨᠠᠮ ᠤᠨ ᠭᠡᠰᠢᠬᠦᠨ᠂ ᠺᠠᠳ᠋ᠷ ᠤᠭ ᠰᠠᠨᠠᠭ᠎ᠠ ᠪᠠᠨ ᠦᠯᠤ ᠮᠡᠷᠳᠡᠨ ᠡᠬᠦᠷᠭᠡ | ᠬᠠᠷᠢᠭᠤᠴᠠᠯᠭ᠎ᠠ ᠪᠠᠨ ᠪᠠᠳᠤ ᠴᠡᠭᠡᠵᠢᠯᠡᠵᠤ᠂ ᠬᠠᠷᠢᠭᠤᠴᠠᠯᠭ᠎ᠠ ᠡᠬᠦᠷᠭᠡᠯᠡᠨ ᠬᠠᠳᠠᠭᠤ ᠰᠢᠯᠭᠠᠯᠳᠠ ᠶᠢ ᠲᠠᠭᠠᠭᠠᠵᠤ᠂ ᠡᠨᠡ | ᠬᠦ ᠶᠡᠭᠡ ᠰᠢᠯᠭᠠᠯᠳᠠ ᠲᠤᠮᠳᠠ ᠬᠠᠷᠢᠭᠤᠴᠠᠯᠭ᠎ᠠ ᠡᠬᠦᠷᠭᠡᠯᠡᠯ ᠤᠨ ᠵᠤᠷᠢᠭ᠂ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠨ | ᠡᠵᠡᠮᠳᠡᠬᠦ ᠤᠶᠤᠨ ᠤᠬᠠᠭᠠᠨ᠂ ᠨᠢᠭᠡᠳᠦᠯᠳᠠᠢ ᠲᠦᠯᠦᠪᠵᠢᠬᠦᠯᠤᠨ ᠨᠠᠶᠢᠳᠠ ᠳᠤᠨᠢ ᠬᠠᠷᠠᠭᠠᠯᠵᠠᠬᠤ ᠠᠷᠭ᠎ᠠ ᠪᠤᠳᠤᠯᠭ᠎ᠠ᠂ | ᠵᠤᠬᠢᠶᠠᠨ ᠪᠠᠶᠢᠭᠤᠯᠵᠤ ᠭᠡᠷᠡᠭᠵᠢᠬᠦᠯᠬᠦ ᠴᠢᠳᠠᠪᠤᠷᠢ ᠪᠠᠨ ᠲᠠᠪᠳᠠᠨ ᠪᠤᠯᠪᠠᠰᠤᠷᠠᠭᠤᠯᠵᠤ᠂ ᠠᠵᠢᠯ ᠤᠨ | ᠬᠠᠷᠢᠭᠤᠴᠠᠯᠭ᠎ᠠ ᠪᠠᠨ ᠪᠠᠷᠢᠮᠳᠠᠯᠠᠨ ᠠᠵᠢᠯ ᠢᠶᠠᠨ ᠬᠠᠷᠢᠭᠤᠴᠠᠬᠤ ᠳᠠᠭᠠᠨ ᠠᠷᠭ᠎ᠠ ᠲᠡᠮ ᠲᠠᠢ ᠪᠠᠶᠢᠬᠤ ᠶᠢ ᠪᠠᠶᠠᠯᠡᠬᠦᠯᠬᠦ | ᠭᠡᠷᠡᠭᠳᠠᠢ᠃ ᠬᠡᠯᠪᠡᠷᠢᠴᠢ ᠦᠵᠡᠯ ᠨᠤᠶᠠᠨᠴᠢ ᠰᠤᠷᠳᠠᠯ ᠢ ᠡᠷᠡᠰ ᠡᠰᠡᠷᠬᠦᠴᠡᠵᠤ᠂ ᠦᠨᠳᠤᠰᠤᠨ ᠱᠠᠳᠤᠨ ᠤ ᠺᠠᠳ᠋ᠷᠴᠤᠳ ᠢ | ᠨᠡᠩ ᠤᠯᠠᠨ ᠤᠶᠤᠨ ᠴᠢᠳᠠᠯ ᠢᠶᠠᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠮᠤᠨ᠎ᠡ ᠹᠷᠤᠨᠲ ᠲᠤ ᠡᠷᠬᠦᠬᠦᠯᠬᠦ | ᠭᠡᠷᠡᠭᠳᠠᠢ᠃ ᠦᠷᠭᠡᠨ ᠤᠯᠠᠨ ᠨᠠᠮ ᠤᠨ ᠭᠡᠰᠢᠬᠦᠨ᠂ ᠺᠠᠳ᠋ᠷ ᠤᠨ ᠬᠦᠴᠢᠷ ᠪᠡᠷᠭᠡᠰᠢᠶᠠᠯ ᠲᠠᠢ ᠴᠠᠭ ᠮᠦᠴᠠ ᠳᠤ ᠴᠡᠭᠡᠵᠢ | ᠲᠦᠷᠢᠨ ᠭᠠᠷᠴᠤ ᠵᠤᠷᠢᠬᠳᠠᠢ ᠪᠠᠷ ᠲᠡᠮᠡᠴᠡᠯ ᠬᠢᠵᠤ᠂ ᠶᠡᠭᠡ ᠲᠠᠶᠢᠯᠠᠯᠳᠤᠭᠠᠨ ᠤ ᠲᠤᠮᠳᠠ ᠤᠭ ᠰᠠᠨᠠᠭ᠎ᠠ ᠡᠬᠦᠷᠭᠡ | ᠬᠠᠷᠢᠭᠤᠴᠠᠯᠭ᠎ᠠ ᠪᠠᠨ ᠦᠢᠯᠡᠳᠦᠯᠭᠡᠵᠢᠬᠦᠯᠵᠤ᠂ ᠶᠡᠭᠡ ᠰᠢᠯᠭᠠᠯᠳᠠ ᠳᠤ ᠬᠢᠷᠢ ᠲᠡᠩᠴᠡᠭᠰᠡᠨ ᠬᠠᠷᠢᠭᠤᠯᠳᠠ ᠶᠢᠨ | ᠬᠠᠭᠤᠳᠠᠰᠤ ᠲᠤᠰᠢᠶᠠᠬᠤ ᠶᠢ ᠨᠢ ᠤᠷᠮᠠᠰᠢᠭᠤᠯᠤᠨ ᠵᠤᠷᠢᠬᠵᠢᠭᠤᠯᠬᠤ ᠭᠡᠷᠡᠭᠳᠠᠢ ᠭᠡᠵᠤ ᠵᠢᠭᠠᠵᠤ ᠭᠠᠷᠭᠠᠪᠠ᠃ | ᠬᠤᠷᠠᠯ ᠨᠢ ᠲᠧᠯᠸᠢᠰ ᠤᠳᠠᠰᠤ ᠬᠤᠷᠠᠯ ᠤᠨ ᠬᠡᠯᠪᠡᠷᠢ ᠪᠠᠷ ᠬᠤᠷᠠᠯᠳᠤᠵᠤ᠂ ᠬᠤᠪᠸᠢ ᠮᠤᠵᠢ ᠶᠢᠨ 13 ᠬᠤᠳᠠ | ᠵᠸᠤ ᠪᠤᠯᠤᠨ 4 ᠮᠤᠵᠢ ᠶᠢᠨ ᠰᠢᠭᠤᠳ ᠬᠠᠷᠢᠶ᠎ᠡ ᠰᠢᠶᠠᠨ ᠤ ᠱᠠᠳᠤ ᠶᠢᠨ ᠵᠠᠰᠠᠭ ᠵᠠᠬᠢᠷᠭᠠᠨ ᠤ ᠨᠢᠭᠡᠴᠢ ᠳᠤ ᠬᠤᠪᠢᠶᠠᠷᠢ | ᠬᠤᠷᠠᠯ ᠤᠨ ᠲᠠᠯᠠᠪᠠᠢ ᠲᠤᠬᠢᠷᠠᠭᠤᠯᠵᠤ᠂ ᠡᠯ᠎ᠡ ᠭᠠᠵᠠᠷ ᠤᠨ ᠨᠠᠮ ᠵᠠᠰᠠᠭ ᠤᠨ ᠭᠤᠤᠯ ᠬᠠᠷᠢᠭᠤᠴᠠᠯᠭᠠᠳᠠᠳ᠂ | ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠭᠤᠤᠯ ᠬᠠᠷᠢᠭᠤᠴᠠᠯᠭᠠᠳᠠᠳ ᠪᠤᠯᠤᠨ ᠭᠠᠳᠠᠨ᠎ᠠ ᠭᠠᠵᠠᠷ ᠤᠨ ᠡᠯ᠎ᠡ | ᠬᠤᠳᠠ ᠵᠸᠤ ᠶᠢ ᠲᠤᠰᠠᠯᠠᠬᠤ ᠡᠮᠴᠢᠯᠡᠭᠡᠨ ᠤ ᠠᠩᠭᠢ ᠶᠢᠨ ᠲᠠᠭᠠᠭᠤᠯᠤᠬᠴᠢᠳ ᠬᠤᠷᠠᠯ ᠳᠤ ᠤᠷᠤᠯᠴᠠᠵᠠᠢ᠃ | ᠳ᠋ᠢᠩ ᠰᠢᠤᠸᠠᠢ ᠰᠢᠶᠠᠩ᠂ ᠵᠠᠩ ᠶᠢᠤ ᠰᠢᠶᠠ ᠪᠤᠯᠤᠨ ᠴᠡᠷᠢᠭ ᠠᠩᠭᠢ ᠶᠢᠨ ᠬᠤᠯᠪᠤᠬᠳᠠᠯ ᠪᠦᠬᠦᠢ ᠰᠠᠯᠠᠭ᠎ᠠ | ᠮᠦᠴᠢᠷ ᠤᠨ ᠬᠠᠷᠢᠭᠤᠴᠠᠯᠭᠠᠳᠠᠨ ᠪᠠᠷ᠎ᠡ ᠪᠤᠯᠵᠤ ᠰᠢᠨᠵᠢᠯᠡᠨ ᠪᠠᠶᠢᠴᠠᠭᠠᠵᠠᠢ᠃ | |