ᠰᠦᠯᠳᠡ ᠰᠣᠮᠣᠨ ᠤ ᠮᠠᠯᠴᠢᠳ ᠳᠣᠭᠤᠯ ᠳᠣᠰᠣᠭᠠᠳ ᠶᠠᠭᠠᠷᠠᠵᠤ ᠪᠠᠶᠢᠨ᠎ᠠ
ᠨᠡᠶᠢᠲᠡᠯᠡᠭᠰᠡᠨ ᠴᠠᠭ᠄
2020-03-12
     ᠲᠥᠯ ᠮᠠᠯ ᠤᠨ ᠮᠠᠶᠢᠯᠠᠭᠠᠨ ᠲᠠᠢ ᠬᠠᠪᠤᠷ ᠴᠠᠭ ᠢᠶᠠᠷ ᠮᠠᠯᠴᠢᠳ ᠬᠤᠷᠠᠭ᠎ᠠ ᠢᠰᠢᠬᠡ ᠲᠤᠰᠤᠭᠠᠳ ᠶᠠᠭᠠᠷᠠᠵᠤ ᠪᠠᠶᠢᠬᠤ ᠳᠤ ᠰᠦᠯᠳᠡ ᠰᠣᠮᠤᠨ ᠤ ᠮᠠᠯᠴᠢᠳ ᠬᠠᠷᠢᠨ ᠠᠯᠠᠰᠢᠨ ᠦᠭᠡᠷ ᠤᠨ ᠢᠶᠠᠨ ᠲᠤᠭᠤᠯ ᠢ ᠲᠤᠰᠤᠭᠠᠳ ᠰᠢᠨ᠎ᠡ ᠬᠡᠯᠪᠡᠷᠢ ᠶᠢᠨ ᠡᠵᠡᠩᠨᠡᠯᠳᠠ ᠳᠡᠭᠡᠨ ᠮᠠᠩᠨᠠᠢ ᠲᠠᠨᠡᠶᠢᠨ ᠪᠠᠶᠠᠷᠯᠠᠨ᠎ᠠ᠃      ᠰᠦᠯᠳᠡ ᠰᠣᠮᠣᠨ ᠤ ᠴᠤᠤᠳᠠᠢ ᠭᠠᠴᠠᠭᠠᠨ ᠤ ᠮᠠᠯ ᠲᠠᠷᠢᠶᠠᠯᠠᠩ ᠤᠨ ᠲᠤᠰᠬᠠᠢ ᠬᠤᠷᠰᠢᠶᠠᠵᠢᠯ 2019 ᠣᠨ ᠤ ᠬᠠᠪᠣᠷ ᠰᠣᠮᠣᠨ ᠤ ᠵᠠᠰᠠᠭ ᠤᠨ ᠣᠷᠳᠣᠨ ᠤ ᠨᠢᠭᠡᠳᠣᠯᠳᠡᠢ ᠳᠣᠬᠢᠷᠠᠭᠤᠯᠭ᠎ᠠ ᠪᠠᠷ 150 ᠳᠣᠯᠣᠭᠠᠢ ᠰᠢᠨ᠎ᠡ ᠽᠢᠯᠠᠨᠳ᠋ ᠤᠨ ᠴᠡᠪᠡᠷ ᠡᠭᠦᠯᠳᠡᠷ ᠤᠨ ᠠᠩᠭᠢᠰ ᠦᠨᠢᠶ᠎ᠠ ᠣᠷᠣᠭᠤᠯᠣᠨ ᠠᠪᠴᠢᠷᠠᠵᠣ ᠾᠧ ᠨᠢᠤ ᠦᠬᠡᠷ ᠤᠨ ᠦᠷ᠎ᠡ ᠪᠠᠷ ᠭᠠᠷ ᠬᠡᠭᠡᠯᠲᠦᠬᠦᠯᠭᠡ ᠬᠢᠭᠡᠳ ᠪᠦᠭᠦᠳᠡᠭᠡᠷ ᠢᠶᠠᠨ ᠬᠡᠭᠡᠯ ᠠᠪᠤᠭᠰᠠᠨ ᠢᠶᠠᠷ ᠵᠠᠯᠭᠠᠪᠠᠷ ᠲᠤᠭᠤᠯᠯᠠᠵᠤ ᠪᠤᠢ᠃ ᠣᠳᠣ ᠭᠤᠴᠢ ᠭᠠᠷᠣᠢ ᠲᠣᠭᠤᠯ ᠲᠤᠰᠴᠤ ᠬᠤᠷᠰᠢᠶᠠᠵᠢᠯ ᠤᠨ ᠬᠠᠷᠢᠭᠤᠴᠠᠯᠭᠠᠳᠠᠨ ᠳᠤ ᠶᠡᠭᠡ ᠪᠠᠶᠠᠷ ᠪᠣᠯᠵᠠᠢ  ᠃        ᠰᠦᠯᠳᠡ ᠰᠤᠮᠤᠨ ᠤ ᠴᠤᠤᠳᠠᠢ ᠭᠠᠴᠠᠭᠠᠨ ᠤ ᠮᠠᠯ ᠲᠠᠷᠢᠶᠠᠯᠠᠩ ᠤᠨ ᠲᠤᠰᠬᠠᠢ ᠬᠤᠷᠰᠢᠶᠠᠵᠢᠯ ᠤᠨ ᠬᠠᠷᠢᠭᠤᠴᠠᠯᠭᠠᠳᠠᠨ ᠪᠠᠲᠤᠨᠠᠰᠤᠨ᠄ ︽ᠮᠠᠯᠴᠢᠳ ᠡᠨᠡ ᠦᠬᠡᠷ ᠢ ᠠᠪᠤᠪᠠᠯ ᠪᠢᠳᠠ ᠬᠡᠭᠡᠯᠳᠦᠬᠦᠯᠭᠡ᠂ ᠡᠮᠨᠡᠯᠬᠡ᠂ ᠪᠤᠷᠤᠯᠠᠭᠤᠯᠤᠯᠲᠠ᠂ ᠪᠤᠷᠳᠤᠭᠠᠨ ᠤ ᠤᠴᠢᠷ ᠢ ᠪᠦᠬᠦᠨ ᠢ ᠬᠠᠩᠭᠠᠭᠠᠳ ᠵᠢᠷᠭᠤᠭᠠᠨ ᠰᠠᠷ᠎ᠠ ᠠᠴᠠ ᠨᠠᠢᠮᠠᠨ ᠰᠠᠷ᠎ᠠ ᠶᠢᠨ ᠬᠤᠭᠤᠷᠤᠨᠳᠤ ᠵᠢᠩ ᠲᠤᠲᠤᠮ ᠤᠨ ᠬᠤᠷᠢᠨ ᠲᠦᠬᠦᠷᠢᠭ ᠢᠶᠠᠷ ᠪᠦᠬᠦᠨ ᠢ ᠬᠤᠷᠢᠶᠠᠵᠤ ᠠᠪᠤᠨ᠎ᠠ᠃ ᠬᠠᠮᠤᠭ ᠰᠡᠭᠦᠯ ᠳᠤ ᠲᠦᠯᠵᠢᠬᠦ ᠦᠨᠢᠶᠡᠨ ᠤ ᠲᠡᠵᠢᠭᠡᠪᠦᠷᠢ ᠶᠢ ᠮᠠᠯᠴᠢᠨ ᠲᠦᠮᠡᠨ ᠬᠢᠵᠦ ᠮᠠᠨᠤᠰ ᠲᠠᠷᠭᠤᠯᠠᠭᠤᠯᠬᠤ ᠠᠵᠢᠯ ᠢ ᠬᠢᠬᠦ ᠭᠡᠵᠦ ᠪᠤᠳᠤᠵᠤ ᠪᠠᠶᠢᠨ᠎ᠠ︾ ᠭᠡᠪᠡ᠃       ᠦᠨᠢᠶ᠎ᠡ ᠳᠣᠭᠤᠯᠯᠠᠬᠤ ᠠᠴᠠ ᠪᠤᠷᠤᠯᠠᠭᠤᠯᠬᠤ ᠬᠦᠷᠳᠡᠯᠡᠭᠢ ᠰᠢᠰᠲ᠋ᠧᠮᠵᠢᠭᠦᠯᠦᠭᠰᠡᠨ ᠮᠠᠯᠵᠢᠯ ᠤᠨ ᠠᠷᠭ᠎ᠠ ᠨᠢ ᠬᠤᠷᠰᠢᠶᠠᠵᠢᠯ ᠤᠨ ᠬᠡᠰᠢᠭᠦᠳ ᠪᠣᠯᠣᠨ ᠮᠠᠯᠴᠢᠳ ᠤᠨ ᠬᠠᠮᠳᠤᠪᠠᠷ ᠠᠰᠢᠭ ᠬᠦᠷᠲᠡᠬᠦ ᠶᠢ ᠪᠡᠶᠡᠯᠡᠬᠦᠯᠦᠭᠰᠡᠨ ᠨᠢᠭᠡᠨ ᠠᠮᠵᠢᠯᠳᠠ ᠪᠣᠯᠵᠠᠢ᠃ ᠰᠦᠯᠳᠡ ᠰᠤᠮᠤᠨ ᠤ ᠪᠤᠷᠤᠬᠦ᠋ᠳᠡᠭᠡ ᠭᠠᠴᠠᠭᠠᠨ ᠤ ᠮᠠᠯᠴᠢᠨ ᠭᠡᠭᠡᠷᠡᠯᠲᠤ ᠨᠢᠳᠣᠨᠣᠨ ᠬᠠᠪᠣᠷ ᠴᠤ ᠰᠣᠮᠣᠨ ᠤ ᠪᠠᠨ ᠵᠠᠰᠠᠭ ᠤᠨ ᠤᠷᠳᠤᠨ ᠤ ᠲᠤᠬᠢᠷᠠᠭᠤᠯᠭ᠎ᠠ ᠪᠠᠷ 10 ᠳᠣᠯᠣᠭᠠᠢ ᠰᠢᠨ᠎ᠡ ᠽᠢᠯᠠᠨᠳ᠋ ᠤᠨ ᠴᠡᠪᠡᠷ ᠡᠭᠦᠯᠳᠡᠷ ᠤᠨ ᠠᠩᠭᠢᠰ ᠦᠨᠢᠶ᠎ᠠ ᠣᠷᠣᠭᠤᠯᠣᠨ ᠠᠪᠴᠢᠷᠠᠵᠣ ᠬᠡᠬᠡᠯᠳᠦᠬᠦᠯᠭᠡ ᠬᠢᠭᠡᠳ ᠪᠦᠭᠦᠳᠡᠬᠡᠷ ᠢᠶᠠᠨ ᠬᠡᠬᠡᠯᠳᠡᠭᠰᠡᠨ  ᠠᠴᠠ ᠤᠷᠴᠢᠮ ᠲᠤᠭᠤᠯ ᠲᠤᠰᠤᠭᠠᠳ ᠶᠠᠭᠠᠷᠠᠬᠤ ᠶᠢᠨ ᠲᠠᠭᠠᠤ ᠲᠡᠵᠢᠭᠡᠯ ᠪᠣᠷᠳᠤᠭ᠎ᠠ ᠵᠡᠷᠭᠡ ᠶᠢ ᠨᠢ ᠲᠤᠬᠢᠳᠠᠢ ᠲᠤᠬᠢᠷᠠᠭᠤᠯᠵᠤ ᠪᠠᠶᠢᠯ᠎ᠠ᠃      ᠰᠦᠯᠳᠡ ᠰᠤᠮᠤ ᠪᠤᠯ ᠮᠠᠯᠵᠢᠬᠤ ᠰᠤᠮᠤ ᠪᠤᠯᠬᠤᠷ ᠤᠷᠤᠨ ᠨᠤᠳᠤᠭ ᠤᠨ ᠪᠤᠳᠠᠳᠤ ᠪᠠᠶᠢᠳᠠᠯ ᠲᠠᠢ ᠪᠠᠨ ᠤᠶᠠᠯᠳᠤᠭᠤᠯᠤᠨ ᠠᠯᠠᠰᠢᠨ ᠦᠭᠡᠷ ᠤᠨ ᠠᠵᠤ ᠦᠢᠯᠡᠰ ᠢᠶᠠᠷ ᠮᠠᠯᠴᠢᠳ ᠤᠨ ᠣᠷᠣᠯᠭ᠎ᠠ ᠶᠢ ᠤᠯᠠᠮ ᠨᠢᠭᠡ ᠠᠯᠬᠤᠮ ᠨᠡᠮᠡᠭᠳᠡᠭᠦᠯᠬᠦ ᠠᠷᠭ᠎ᠠ ᠵᠠᠮ ᠢ ᠰᠦᠪᠡᠭᠴᠢᠯᠡᠵᠣ 2019 ᠣᠨ ᠤ ᠴᠠᠭᠠᠨ ᠰᠠᠷ᠎ᠠ ᠠᠴᠠ ᠬᠤᠶᠢᠰᠢ ᠡᠯ᠎ᠡ ᠭᠠᠴᠠᠭᠠᠨ ᠤ ᠬᠠᠪᠰᠤᠷᠤᠨ ᠳᠡᠳᠬᠦᠬᠦ ᠪᠠᠶᠢᠭᠤᠯᠭ᠎ᠠ᠂ ᠠᠵᠤ ᠠᠬᠤᠶᠢᠯᠠᠯ ᠲᠠᠢ ᠢᠳᠡᠪᠬᠢᠳᠡᠢ ᠬᠠᠷᠢᠯᠴᠠᠵᠤ ︽ᠨᠠᠮ ᠤᠨ ᠡᠭᠦᠷ᠂ ᠬᠠᠪᠰᠤᠷᠤᠨ ᠳᠡᠳᠬᠦᠬᠦ ᠪᠠᠶᠢᠭᠤᠯᠭ᠎ᠠ᠂ ᠮᠠᠯᠴᠢᠨ ᠡᠷᠦᠬᠡ︾ ᠭᠤᠷᠪᠠᠨ ᠲᠠᠯ᠎ᠠ ᠠᠴᠠ ᠪᠡᠯᠡ ᠬᠤᠷᠠᠮᠳᠤᠭᠤᠯᠬᠤ ᠬᠡᠯᠪᠡᠷᠢ ᠪᠠᠷ ᠤᠷᠢᠳ ᠬᠤᠵᠢᠳ 1100 ᠭᠠᠷᠣᠢ ᠳᠣᠯᠣᠭᠠᠢ ᠰᠢᠨ᠎ᠡ ᠽᠢᠯᠠᠨᠳ᠋ ᠤᠨ ᠴᠡᠪᠡᠷ ᠡᠭᠦᠯᠳᠡᠷ ᠤᠨ ᠠᠩᠭᠢᠰ ᠦᠨᠢᠶ᠎ᠠ ᠶᠢ ᠣᠷᠣᠭᠤᠯᠵᠣ ᠴᠤᠤᠳᠠᠢ᠂ ᠪᠣᠷᠣᠬᠦ᠋ᠳᠡᠭᠡ᠂ ᠲᠣᠯᠢ᠂ ᠲᠣᠭᠤᠷᠢᠮ ᠵᠡᠷᠭᠡ 7 ᠭᠠᠴᠠᠭᠠᠨ ᠤ ᠮᠠᠯᠵᠢᠯ ᠤᠨ ᠬᠤᠷᠰᠢᠶᠠᠵᠢᠯ ᠪᠣᠯᠣᠨ ᠮᠠᠯᠴᠢᠨ ᠡᠷᠣᠭᠡ ᠳᠤ ᠬᠤᠪᠢᠶᠠᠨ ᠮᠠᠯᠵᠢᠭᠤᠯᠵᠠᠢ  ᠃      ᠰᠦᠯᠳᠡ ᠰᠤᠮᠤᠨ ᠤ ᠨᠠᠮ ᠤᠨ ᠬᠤᠷᠢᠶᠠᠨ ᠤ ᠲᠡᠳ᠋ ᠱᠦᠵᠢ ᠴᠢᠩ ᠮᠧᠢ᠄ ︽ᠠᠩᠬᠢᠰ ᠦᠬᠡᠷ ᠢ ᠭᠤᠤᠯ ᠨᠢ ᠠᠶᠢᠯ ᠡᠷᠦᠬᠡ ᠪᠤᠯᠤᠨ ᠬᠤᠷᠰᠢᠶᠠᠵᠢᠯ ᠳᠤ ᠮᠠᠯᠵᠢᠵᠤ ᠦᠬᠡᠷ ᠢ ᠤᠷᠤᠭᠤᠯᠵᠤ ᠠᠪᠤᠭᠰᠠᠨ ᠤ ᠲᠠᠷᠠᠭ᠎ᠠ ᠲᠤᠭᠤᠯ ᠢᠶᠠᠨ ᠡᠾ ᠨᠢᠤ ᠺᠤᠮᠫᠠᠨᠢ ᠳᠤ ᠪᠤᠷᠤᠯᠠᠭᠤᠯᠵᠤ ᠪᠠᠶᠢᠨ᠎ᠠ᠃ ᠪᠠᠰᠠ ᠨᠢᠭᠡ ᠪᠦᠯᠦᠭ ᠠᠶᠢᠯ ᠤᠳ ᠲᠤᠭᠤᠯ ᠢᠶᠠᠨ ᠪᠤᠷᠳᠤᠵᠤ ᠦᠰᠬᠡᠭᠡᠳ ᠡᠾ ᠨᠢᠤ ᠺᠤᠮᠫᠠᠨᠢ ᠳᠤ ᠪᠤᠷᠤᠯᠠᠭᠤᠯᠵᠤ ᠪᠠᠶᠢᠨ᠎ᠠ᠃ ᠲᠦᠯ ᠲᠤᠰᠬᠤ ᠨᠤᠷᠮ᠎ᠠ ᠨᠢ 85% ᠠᠴᠠ ᠲᠡᠭᠡᠭᠰᠢ ᠪᠤᠯᠵᠤ ᠪᠠᠶᠢᠨ᠎ᠠ᠃ ᠠᠩᠬᠢᠰ ᠦᠬᠡᠷ ᠢ ᠭᠤᠤᠯᠳᠠᠭᠤ ᠬᠠᠰᠢᠶᠠᠯᠠᠨ ᠲᠡᠵᠢᠭᠡᠵᠤ ᠪᠠᠶᠢᠨ᠎ᠠ᠃ ᠡᠭᠦᠨ ᠠᠴᠠ ᠦᠵᠡᠪᠡᠯ ᠤᠳᠤᠬᠠᠨ ᠳᠤ ᠠᠩᠬᠢᠰ ᠦᠬᠡᠷ ᠤᠷᠤᠭᠤᠯᠵᠤ ᠲᠠᠵᠢᠭᠡᠬᠦ ᠠᠷᠭ᠎ᠠ ᠮᠠᠶ᠋ᠢᠭ ᠨᠢ ᠮᠠᠯᠴᠢᠳ ᠤᠨ ᠤᠷᠤᠯᠭ᠎ᠠ ᠪᠠᠨ ᠨᠡᠮᠡᠭᠳᠡᠬᠦᠯᠬᠦ ᠳᠤ ᠶᠡᠭᠡ ᠠᠰᠢᠭ ᠲᠠᠢ ᠪᠠᠶᠢᠨ᠎ᠠ︾ ᠭᠡᠪᠡ᠃        ᠡᠨᠡ ᠬᠠᠪᠤᠷ ᠰᠦᠯᠳᠡ ᠰᠣᠮᠣᠨ ᠤ ᠮᠠᠯᠴᠢᠳ ᠨᠠᠶᠢᠳᠠ 1000 ᠭᠠᠷᠣᠢ ᠠᠩᠭᠢᠰ ᠲᠤᠭᠤᠯ ᠲᠤᠰᠬᠤ ᠪᠠᠷ ᠪᠤᠢ᠃ ᠡᠳᠡᠭᠡᠷ ᠲᠤᠭᠤᠯ ᠢᠶᠠᠨ 5 ᠠᠴᠠ 6 ᠰᠠᠷ᠎ᠠ ᠲᠡᠵᠢᠭᠡᠭᠰᠡᠨ ᠤ ᠲᠠᠷᠠᠭ᠎ᠠ ᠲᠤᠭᠤᠯ ᠲᠤᠳᠤᠮ ᠪᠠᠷᠤᠭ 10000 ᠭᠠᠷᠣᠢ ᠲᠦᠬᠦᠷᠢᠭ ᠬᠤᠳᠠᠯᠳᠣᠵᠣ ᠡᠩ ᠤᠨ ᠦᠬᠡᠷ ᠤᠨ ᠳᠣᠭᠤᠯ ᠠᠴᠠ ᠳᠠᠬᠢᠨ ᠦᠨ᠎ᠡ ᠳᠤ ᠬᠦᠷᠴᠣ ᠲᠡᠵᠢᠭᠡᠵᠤ ᠪᠠᠶᠢᠭ᠎ᠠ ᠡᠷᠦᠭᠡ ᠶᠢᠨ ᠤᠷᠤᠯᠭ᠎ᠠ ᠶᠢ ᠳᠠᠬᠢᠨ ᠨᠡᠮᠡᠭᠳᠡᠭᠦᠯᠬᠦ ᠪᠠᠷ ᠪᠠᠶᠢᠨ᠎ᠠ᠃  
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号