ᠮᠣᠳᠣ ᠲᠠᠷᠢᠬᠤ ᠳᠤ ᠠᠷᠠᠴᠢᠯᠠᠯᠳᠠ ᠬᠠᠮᠠᠭᠠᠯᠠᠯᠳᠠ ᠶᠢ ᠥᠷᠭᠦᠯᠵᠢ ᠶᠢᠨ ᠴᠢᠨᠠᠷᠳᠠᠢ ᠬᠢᠬᠦ ᠴᠢᠬᠤᠯᠠᠳᠠᠢ
ᠨᠡᠶᠢᠲᠡᠯᠡᠭᠰᠡᠨ ᠴᠠᠭ᠄
2020-03-16
     ᠵᠢᠯ ᠪᠥᠷᠢ ᠶᠢᠨ ᠣᠷᠢᠬᠠᠠ ᠬᠠᠪᠣᠷ ᠰᠠᠭᠠᠳᠠᠬᠤ ᠶᠢ ᠲᠠᠭᠠᠯᠳᠣᠠ ᠡᠭᠡ ᠨᠣᠳᠤᠭ ᠤᠨ ᠡᠯ᠎ᠡ ᠭᠠᠵᠠᠷ ᠲᠤ ᠮᠣᠳᠣ ᠲᠠᠷᠢᠵᠣ ᠨᠣᠭᠤᠭᠠᠷᠠᠭᠤᠯᠬᠤ ᠠᠵᠢᠯ ᠰᠥᠷ ᠲᠠᠯᠠᠶᠢᠴᠠᠳᠠᠢ ᠥᠷᠨᠢᠳᠡᠭ᠃ ᠲᠡᠭᠡᠪᠡᠯ ᠲᠠᠷᠢᠴᠢᠬᠠᠭᠠᠳ ᠪᠠᠰᠠ ᠠᠷᠠᠴᠢᠯᠠᠵᠣ ᠬᠠᠮᠠᠭᠠᠯᠠᠬᠤ ᠶᠢ ᠥᠷᠭᠦᠯᠵᠢ ᠶᠢᠨ ᠴᠢᠨᠠᠷᠳᠠᠢ ᠰᠠᠶᠢᠳᠥᠷ ᠬᠢᠬᠦ ᠨᠢ ᠴᠢᠬᠤᠯᠠ ᠠᠴᠠ ᠴᠢᠬᠤᠯᠠ ᠠᠵᠢᠯ ᠪᠣᠯᠬᠤ ᠶᠣᠮ᠂ ᠢᠡᠭᠬᠢᠮᠡᠡᠵᠢᠨ ᠰᠠᠶ᠋ᠢ ᠵᠢᠯ ᠵᠢᠯ ᠤᠨ ᠲᠠᠷᠢᠬᠰᠠᠠ ᠮᠣᠳᠣᠠ ᠤ ᠡᠳᠡᠭᠡᠷᠡᠯᠳᠡ ᠶᠢ ᠪᠠᠳᠣᠯᠠᠵᠣ ᠴᠢᠳᠠᠨ᠎ᠠ᠃     ᠨᠣᠭᠤᠭᠠᠠ ᠥᠡᠭᠭᠡ ᠪᠣᠯ ᠲᠠᠯ᠎ᠠ ᠨᠣᠳᠤᠭ ᠤᠨ ᠭᠡᠷᠡᠯᠳᠥ ᠰᠣᠪᠣᠳ ᠪᠣᠯᠬᠤ ᠣᠷᠳᠣᠰ ᠤᠨ ᠲᠡᠪᠢᠰᠭᠡᠷ ᠥᠡᠭᠭᠡ ᠪᠣᠯᠬᠤ ᠮᠥᠷᠳᠡᠭᠡᠡ ᠮᠥᠨ ᠴᠥ ᠮᠠᠠ ᠤ ᠬᠤᠳᠠ ᠶᠢᠨ ᠬᠥᠭᠵᠢᠯᠳᠡ ᠶᠢᠨ ᠴᠢᠬᠤᠯᠠ ᠨᠥᠬᠦᠴᠡᠯ ᠪᠠ ᠬᠤᠶᠢᠨᠠᠬᠢ ᠬᠥᠳᠡᠯᠭᠡᠬᠦ ᠬᠥᠴᠥᠨ ᠪᠠᠶᠢᠵᠣ᠂ ᠣᠷᠳᠣᠰ ᠤᠨ ᠬᠥᠭᠵᠢᠯᠳᠡ ᠨᠢ ᠴᠥ ᠢᠮᠠᠬᠳᠠ ᠪᠣᠬᠢᠷᠳᠣᠯ ᠥᠭᠡᠢ ᠬᠥᠭᠵᠢᠯᠳᠡ ᠶᠢᠨ ᠣᠨᠣᠯᠵᠢᠭᠤᠠ ᠢ ᠪᠠᠷᠢᠮᠳᠠᠯᠠᠵᠣ ᠪᠠᠶᠢᠳᠠᠭ᠃ ᠭᠡᠪᠡᠴᠥ ᠪᠣᠳᠠᠳᠣ ᠠᠬᠤᠢ ᠶᠢᠨ ᠲᠣᠮᠳᠠ ᠪᠠᠰᠠ ᠵᠠᠷᠢᠮ ᠥᠵᠡᠭᠳᠡᠯ ᠢ ᠣᠮᠳᠣᠭᠠᠢᠢᠯᠠᠵᠣ ᠪᠣᠯᠬᠤ ᠥᠭᠡᠢ᠂ ᠣᠠᠴᠠ ᠵᠠᠷᠢᠮ ᠭᠠᠵᠠᠷ ᠲᠤ ᠨᠣᠭᠤᠭᠠᠷᠠᠭᠤᠯᠣᠯᠳᠠ ᠶᠢ ᠠᠷᠠᠴᠢᠯᠠᠵᠣ ᠬᠠᠮᠠᠭᠠᠯᠠᠬᠤ ᠥᠵᠡᠯ ᠣᠬᠠᠮᠰᠠᠷ ᠪᠠᠭᠤᠷᠠᠢ ᠪᠠᠶᠢᠵᠣ᠂ ᠮᠣᠳᠣ ᠪᠠᠨ ᠲᠠᠷᠢᠬᠰᠠᠠ ᠤ ᠲᠠᠷᠠᠭ᠎ᠠ ᠲᠣᠰᠬᠠᠢ ᠮᠡᠷᠭᠡᠵᠢᠯ ᠤᠨ ᠬᠠᠮᠢᠶᠠᠷᠣᠯᠳᠠ ᠲᠣᠳᠠᠮᠠᠬ ᠠᠴᠠ ᠪᠣᠯᠵᠣ ᠭᠡᠰᠡᠭ ᠮᠣᠳᠣᠳ ᠨᠢ ᠬᠤᠪᠠᠭ᠋ᠠᠶᠢᠷᠠᠠ ᠥᠬᠦᠵᠥ ᠪᠣᠢ᠂ ᠡᠭᠦᠨ ᠠᠴᠠ ᠭᠠᠳᠠᠨ᠎ᠠ ᠣᠷᠭᠤᠭ᠎ᠠ ᠮᠣᠳᠣ ᠶᠢ ᠬᠤᠬᠢᠷᠠᠭᠤᠯᠬᠤ ︽ᠪᠣᠯᠪᠠᠰᠣᠠ ᠪᠣᠰᠣ︾ ᠠᠵᠢᠯᠯᠠᠭ᠎ᠠ ᠣᠯᠠᠠ ᠢᠯᠡᠷᠡᠵᠥ᠂ ᠵᠠᠷᠢᠮ ᠨᠢ ᠮᠣᠳᠣᠠ ᠲᠡᠭᠡᠷ᠎ᠡ ︽ᠥᠭᠡᠷ ᠢᠯᠢᠳᠥ︾ ᠨᠠᠭᠠᠵᠣ᠂ ᠮᠣᠳᠣᠠ ᠠᠴᠠ ᠣᠳᠠᠰᠣ ᠲᠠᠳᠠᠠ ᠬᠥᠡᠳᠡᠯᠡᠡ ᠪᠢᠴᠢᠭᠡᠰᠥ ᠡᠯᠬᠦᠵᠥ ᠴᠥ ᠪᠣᠢ᠂ ᠵᠠᠷᠢᠮ ᠨᠢ ᠮᠠᠯ ᠬᠤᠢ ᠪᠠᠨ ᠬᠠᠮᠢᠶᠠᠷᠬᠤ ᠥᠭᠡᠢ ᠠᠴᠠ ᠪᠣᠯᠵᠣ ᠣᠷᠭᠤᠭ᠎ᠠ ᠮᠣᠳᠣᠠ ᠤ ᠲᠣᠷᠤᠰᠣ ᠶᠢ ᠬᠡᠮᠡᠯᠢᠨ ᠲᠠᠷᠢᠭᠰᠠᠠ ᠮᠣᠳᠣᠳ ᠢ ᠬᠥᠨᠥᠭᠡᠵᠥ ᠴᠥ ᠪᠣᠢ᠂ ᠡᠳᠡᠭᠡᠷ ᠠᠵᠢᠯᠯᠠᠭ᠎ᠠ ᠨᠢ ᠴᠥᠮ ᠮᠣᠳᠣᠠ ᠤ ᠣᠷᠭᠤᠯᠳᠠ ᠪᠠ ᠠᠮᠢ ᠨᠠᠰᠣ ᠶᠢ ᠬᠤᠬᠢᠷᠠᠭᠤᠯᠬᠤ ᠪᠣᠯᠣᠯᠴᠠᠭ᠎ᠠ ᠲᠠᠢ᠃ ᠡᠶᠢᠮᠥ ᠠᠴᠠ ᠪᠢᠳᠠ ᠬᠠᠪᠣᠷ ᠤᠨ ᠣᠯᠠᠷᠢᠯ ᠳᠤ ᠮᠣᠳᠣ ᠲᠠᠷᠢᠬᠤ ᠠᠵᠢᠯᠯᠠᠭ᠎ᠠ ᠶᠢ ᠶᠡᠭᠡ ᠪᠠᠷ ᠥᠷᠨᠢᠭᠦᠯᠬᠦ ᠶᠢᠨ ᠬᠠᠮᠳᠣ ᠪᠠᠰᠠ ᠨᠡᠩ ᠴᠥ ᠠᠷᠭ᠎ᠠ ᠪᠥᠬᠦᠨ ᠢ ᠰᠥᠪᠡᠭᠴᠢᠯᠡᠵᠥ᠂ ᠣᠯᠠᠠ ᠲᠠᠯ᠎ᠠ ᠪᠠᠷ ᠬᠥᠴᠥᠯᠡᠵᠥ᠂ ᠮᠣᠳᠣ ᠲᠠᠷᠢᠬᠰᠠᠠ ᠤ ᠲᠠᠷᠠᠭᠠᠬᠢ ᠬᠠᠮᠢᠶᠠᠷᠣᠯᠳᠠ ᠶᠢ ᠴᠢᠩᠭᠠᠳᠬᠠᠬᠤ ᠴᠢᠬᠤᠯᠠᠳᠠᠢ᠃ ᠲᠠᠷᠢᠴᠢᠬᠠᠭᠠᠳ ᠬᠠᠮᠢᠶᠠᠷᠬᠤ ᠥᠭᠡᠢ ᠪᠠᠶᠢᠵᠣ ᠪᠣᠯᠬᠤ ᠥᠭᠡᠢ᠂ ᠮᠣᠳᠣ ᠪᠠᠨ ᠲᠠᠷᠢᠬᠤ ᠪᠠᠷ ᠪᠠᠷᠠᠬᠤ ᠥᠭᠡᠢ ᠨᠡᠩ ᠴᠥ ᠣᠯᠠᠠ ᠵᠥᠢᠯ ᠤᠨ ᠠᠷᠭ᠎ᠠ ᠬᠡᠮᠵᠢᠶ᠎ᠡ ᠠᠪᠴᠥ ᠨᠣᠭᠤᠭᠠᠷᠠᠭᠤᠯᠣᠯᠳᠠ ᠶᠢ ᠬᠠᠶᠢᠷᠠᠯᠠᠠ ᠬᠠᠮᠠᠭᠠᠯᠠᠬᠤ ᠥᠵᠡᠯ ᠣᠬᠠᠮᠰᠠᠷ ᠢ ᠪᠣᠢ ᠪᠣᠯᠭᠠᠬᠤ ᠴᠢᠬᠤᠯᠠᠳᠠᠢ᠂ ᠭᠠᠭᠴᠠ ᠬᠦ ᠢᠡᠭᠬᠢᠮᠡᠡᠵᠢᠨ ᠰᠡᠶ᠋ᠢ ᠨᠢᠭᠡ ᠭᠡᠰᠡᠭ ᠲᠠᠷᠢᠪᠠᠯ ᠨᠢᠭᠡ ᠭᠡᠰᠡᠭ ᠣᠢ ᠪᠣᠯᠭᠠᠠ ᠬᠤᠪᠢᠷᠠᠭᠤᠯᠵᠣ᠂ ᠨᠢᠭᠡ ᠭᠡᠰᠡᠭ ᠨᠣᠭᠤᠭᠠᠷᠠᠭᠤᠯᠣᠯᠳᠠ ᠶᠢ ᠰᠣᠯᠢᠨ ᠠᠪᠴᠢᠷᠠᠵᠣ ᠴᠢᠳᠠᠨ᠎ᠠ᠃     ᠮᠣᠳᠣ ᠲᠠᠷᠢᠵᠣ ᠣᠢᠢᠵᠢᠭᠤᠯᠬᠤ ᠪᠣᠯ ᠨᠢᠭᠡ ᠬᠤᠭᠤᠴᠠᠭᠠᠠ ᠤ ᠠᠵᠢᠯ ᠪᠠᠶᠢᠬᠤ ᠳᠤ ᠬᠠᠮᠠᠭᠠᠯᠠᠵᠣ ᠰᠠᠬᠢᠬᠤ ᠪᠣᠯ ᠥᠨᠢᠳᠡ ᠶᠢᠨ ᠠᠵᠢᠯ ᠪᠣᠯᠬᠤ ᠶᠣᠮ᠃ ᠮᠣᠳᠣ ᠲᠠᠷᠢᠵᠣ ᠣᠢᠢᠵᠢᠭᠤᠯᠣᠠ ᠨᠣᠳᠤᠭ ᠣᠰᠣ ᠪᠠᠨ ᠴᠡᠴᠡᠷᠯᠢᠭᠵᠢᠭᠦᠯᠬᠦ ᠳᠤ ᠲᠠᠷᠢᠬᠤ ᠪᠣᠯ ᠵᠥᠪᠭᠡᠡ ᠰᠠᠭᠤᠷᠢ᠂ ᠡᠬᠢᠯᠡᠯᠳᠡ ᠪᠠᠶᠢᠵᠣ᠂ ᠬᠤᠶᠢᠨᠡᠬᠢ ᠬᠠᠮᠢᠶᠠᠷᠣᠯᠳᠠ ᠶᠢᠨ ᠠᠵᠢᠯ ᠨᠢ ᠨᠡᠩ ᠴᠢᠬᠤᠯᠠ ᠪᠥᠭᠡᠳ ᠥᠨᠢ ᠣᠳᠠᠭᠠᠠ ᠶᠠᠪᠣᠳᠠᠯ ᠪᠣᠯᠣᠨ᠎ᠠ᠃ ᠡ᠊ᠡᠭ ᠲᠡᠷᠢᠭᠦᠨ ᠳᠤ ᠪᠢᠳᠠᠠ ᠮᠣᠳᠣ ᠲᠠᠷᠢᠬᠤ ᠳᠤ ᠵᠥᠪᠭᠡᠡ ᠲᠤᠭ᠎ᠠ ᠬᠡᠮᠵᠢᠶ᠎ᠠ ᠶᠢ ᠬᠥᠭᠡᠭᠡᠴᠡᠯᠳᠥᠬᠦ ᠬᠠᠭᠤᠴᠢᠨ ᠥᠵᠡᠯ ᠣᠬᠠᠮᠰᠠᠷ ᠢᠶᠠᠨ ᠪᠥᠷᠢᠮᠥᠰᠥᠨ ᠲᠠᠶᠠᠭᠳᠠᠵᠣ᠂ ᠲᠤᠭ᠎ᠠ ᠬᠡᠮᠵᠢᠶ᠎ᠡ ᠪᠣᠯᠣᠠ ᠶᠠᠰᠣ ᠴᠢᠨᠠᠷ ᠢ ᠵᠡᠷᠭᠡ ᠪᠠᠷ ᠴᠢᠬᠤᠯᠠᠴᠢᠯᠠᠵᠣ᠂ ︽ᠬᠠᠪᠣᠷ ᠲᠠᠷᠢᠵᠣ᠂ ᠵᠣᠠ ᠰᠢᠷᠠᠯᠠᠠ᠂ ᠨᠠᠮᠣᠷ ᠥᠬᠦᠵᠥ᠂ ᠢᠷᠡᠬᠦ ᠵᠢᠯ ᠤᠨ ᠮᠣᠳᠣ ᠲᠠᠷᠢᠬᠤ ᠣᠯᠠᠷᠢᠯ ᠳᠤ ᠲᠠᠬᠢᠨ ᠲᠠᠷᠢᠵᠣ ᠶᠠᠭᠠᠷᠠᠬᠤ︾ ᠥᠵᠡᠭᠳᠡᠯ ᠢ ᠡᠷᠡᠰ ᠬᠤᠷᠢᠬᠯᠠᠬᠤ ᠬᠡᠷᠡᠭᠳᠡᠢ᠃ ᠡᠭᠦᠨ ᠠᠴᠠ ᠭᠠᠳᠠᠨ᠎ᠠ ᠬᠤᠯᠪᠣᠭᠳᠠᠯ ᠪᠥᠬᠦᠢ ᠰᠠᠯᠠᠭ᠎ᠠ ᠮᠥᠴᠢᠷ ᠨᠢ ᠪᠠᠰᠠ ᠬᠠᠮᠢᠶᠠᠷᠴᠣ ᠬᠠᠮᠠᠭᠠᠯᠠᠬᠤ ᠠᠵᠢᠯ ᠤᠨ ᠬᠠᠷᠢᠭᠤᠴᠠᠯᠭ᠎ᠠ ᠶᠢᠨ ᠲᠥᠷᠢᠮ ᠢ ᠣᠯᠠᠮ ᠨᠢᠭᠡ ᠠᠯᠬᠤᠮ ᠪᠥᠷᠢᠨ ᠲᠡᠭᠦᠯᠳᠡᠷᠵᠢᠭᠦᠯᠵᠥ᠂ ᠡᠭᠦᠷᠭᠡ ᠶᠢ ᠠᠵᠢᠯ ᠤᠨ ᠪᠠᠶᠢᠷᠢᠨ ᠳᠤ ᠬᠥᠷᠳᠡᠯ᠎ᠡ ᠨᠠᠶᠢᠳᠠᠪᠣᠷᠢᠵᠢᠭᠤᠯᠵᠣ᠂ ᠬᠠᠷᠢᠭᠤᠴᠠᠯᠭ᠎ᠠ ᠶᠢ ᠬᠥᠮᠥᠨ ᠨᠢᠭᠡ ᠪᠥᠷᠢ ᠬᠥᠷᠳᠡᠯ᠎ᠡ ᠨᠠᠷᠢᠯᠢᠬᠵᠢᠭᠤᠯᠣᠠ᠂ ᠲᠠᠬᠢᠨ ᠬᠢᠨᠠᠠ ᠰᠢᠯᠭᠠᠬᠤ᠂ ᠴᠢᠩᠭ᠎ᠠ ᠱᠠᠩᠨᠠᠵᠣ ᠲᠣᠷᠭᠠᠬᠤ ᠵᠡᠷᠭᠡ ᠠᠷᠭ᠎ᠠ ᠪᠠᠷ ᠲᠠᠮᠵᠢᠭᠤᠯᠣᠠ᠂ ᠬᠠᠷᠢᠭᠤᠴᠠᠵᠣ ᠪᠥᠬᠦᠢ ᠪᠠᠶᠢᠭᠤᠯᠭ᠎ᠠ ᠨᠢᠭᠡᠴᠢ ᠪᠣᠯᠣᠠ ᠬᠠᠷᠢᠭᠤᠴᠠᠵᠣ ᠪᠥᠬᠦᠢ ᠬᠥᠮᠥᠰ ᠤᠨ ᠢᠳᠡᠪᠬᠢᠵᠢᠯ ᠢ ᠪᠠᠳᠠᠷᠠᠭᠤᠯᠣᠠ᠂ ᠪᠥᠬᠦ ᠨᠡᠶᠢᠭᠡᠮ ᠢᠶᠠᠷ ᠢᠶᠠᠨ ᠨᠣᠭᠤᠭᠠᠷᠠᠭᠤᠯᠣᠯᠳᠠ ᠶᠢ ᠬᠠᠶᠢᠷᠠᠯᠠᠠ ᠬᠠᠮᠠᠭᠠᠯᠠᠬᠤ ᠥᠵᠡᠯ ᠣᠬᠠᠮᠰᠠᠷ ᠢ ᠪᠣᠢ ᠪᠣᠯᠭᠠᠨ᠎ᠠ︔ ᠨᠣᠭᠤᠭᠠᠷᠠᠭᠤᠯᠣᠭᠰᠠᠠ ᠭᠠᠵᠠᠷ ᠢ ᠵᠣᠷᠢᠭᠤᠳᠠ ᠡᠵᠡᠯᠡᠡ ᠰᠥᠢᠳᠭᠡᠭᠰᠡᠡ ᠵᠡᠷᠭᠡ ᠬᠠᠣᠯᠢ ᠪᠣᠰᠣ ᠠᠵᠢᠯᠯᠠᠭ᠎ᠠ ᠶᠢ ᠬᠠᠣᠯᠢ ᠶᠣᠰᠣᠭᠠᠷ ᠴᠢᠩᠭ᠎ᠠ ᠪᠠᠶᠢᠴᠠᠭᠠᠠ ᠰᠢᠢᠳᠭᠡᠵᠥ᠂ ᠭᠡᠳᠥᠢ ᠲᠠᠷᠢᠪᠠᠯ ᠲᠡᠳᠥᠢ ᠶᠢ ᠡᠳᠡᠭᠡᠷᠡᠭᠦᠯᠬᠦ ᠶᠢ ᠥᠨᠡᠡ ᠬᠦ ᠪᠠᠳᠣᠯᠠᠨ᠎ᠠ᠃ ᠡᠭᠦᠨ ᠤ ᠬᠠᠮᠳᠣ ᠥᠷᠭᠡᠡ ᠣᠯᠠᠠ ᠲᠥᠮᠡᠡ ᠳᠤ ᠶᠡᠭᠡ ᠰᠠᠶᠢᠨ ᠠᠮᠢ ᠠᠬᠤᠢ ᠣᠷᠴᠢᠨ ᠲᠣᠭᠤᠷᠢᠨ ᠢ ᠱᠣᠭᠤᠬᠤ ᠳᠤ ᠬᠥᠮᠥᠨ ᠪᠣᠯᠭᠠᠠ ᠢᠳᠡᠪᠬᠢᠳᠡᠢ ᠣᠷᠣᠯᠴᠠᠬᠤ ᠬᠡᠷᠡᠭᠳᠡᠢ ᠭᠡᠳᠡᠭ ᠢ ᠲᠣᠳᠣᠷᠬᠠᠢ ᠲᠠᠨᠢᠭᠤᠯᠵᠣ᠂ ᠥᠪᠡᠷ ᠤᠨ ᠪᠡᠶ᠎ᠡ ᠠᠴᠠ ᠪᠠᠨ ᠡᠬᠢᠯᠡᠡ ᠬᠢᠵᠥ᠂ ᠵᠢᠵᠢᠭ ᠶᠠᠪᠣᠳᠠᠯ ᠠᠴᠠ ᠭᠠᠷᠳᠠᠠ ᠬᠢᠵᠥ᠂ ᠥᠪᠡᠷ ᠤᠨ ᠣᠬᠠᠮᠰᠠᠷ ᠠᠴᠠ ᠪᠠᠨ ᠨᠣᠭᠤᠭᠠᠷᠠᠭᠤᠯᠣᠯᠳᠠ ᠶᠢ ᠬᠠᠶᠢᠷᠠᠯᠠᠠ ᠬᠠᠮᠠᠭᠠᠯᠠᠬᠤ ᠬᠠᠮᠠᠭᠠᠯᠠᠭᠴᠢ ᠪᠣᠯᠵᠣ᠂ ᠨᠣᠭᠤᠭᠠᠷᠠᠭᠤᠯᠣᠯᠳᠠ ᠶᠢᠨ ᠥᠢᠯᠡᠰ ᠤᠨ ᠬᠥᠭᠵᠢᠯᠳᠡ ᠶᠢ ᠠᠬᠢᠭᠤᠯᠬᠤ ᠳᠤ ᠨᠢᠭᠡ ᠬᠤᠪᠢ ᠬᠥᠴᠥᠨ ᠢᠶᠠᠨ ᠨᠡᠮᠡᠷᠢᠯᠡᠬᠦ ᠭᠡᠷᠡᠭᠳᠡᠢ᠃     ᠭᠠᠭᠴᠠ ᠬᠦ ᠨᠣᠭᠤᠭᠠᠷᠠᠭᠤᠯᠣᠯᠳᠠ ᠶᠢ ᠬᠠᠶᠢᠷᠠᠯᠠᠬᠤ ᠣᠨᠣᠯᠵᠢᠭᠤᠠ ᠶᠣᠰᠣᠭᠠᠷ ᠨᠣᠭᠤᠭᠠᠷᠠᠭᠤᠯᠣᠯᠳᠠ ᠶᠢ ᠬᠠᠮᠠᠭᠠᠯᠠᠬᠤ ᠠᠷᠭ᠎ᠠ ᠬᠡᠮᠵᠢᠶ᠎ᠡ ᠶᠢ ᠲᠣᠭᠳᠠᠭᠠᠠ ᠬᠡᠷᠡᠭᠵᠢᠭᠦᠯᠵᠥ᠂ ᠲᠡᠷᠡᠴᠢᠯᠡᠡ ᠪᠥᠬᠦ ᠠᠷᠠᠳ ᠢᠶᠠᠷ ᠢᠶᠠᠨ ᠨᠣᠭᠤᠭᠠᠷᠠᠭᠤᠯᠣᠯᠳᠠ ᠶᠢ ᠬᠠᠮᠠᠭᠠᠯᠠᠬᠤ ᠠᠵᠢᠯᠯᠠᠭ᠎ᠠ ᠳᠤ ᠣᠷᠣᠯᠴᠠᠬᠤ ᠳᠤ ᠬᠥᠷᠪᠡᠯ ᠮᠣᠳᠣ ᠲᠠᠷᠢᠵᠣ ᠣᠢᠢᠵᠢᠭᠤᠯᠬᠤ ᠨᠢ ᠬᠡᠯᠪᠡᠷᠢ ᠶᠢᠨ ᠲᠡᠳᠥᠢ ᠪᠣᠯᠬᠤ ᠥᠭᠡᠢ ᠪᠣᠯᠵᠣ᠂ ᠡᠬᠡ ᠭᠠᠵᠠᠷ ᠤᠨ ᠨᠣᠭᠤᠭᠠᠷᠠᠭᠤᠯᠣᠯᠳᠠ ᠨᠢ ᠣᠯᠠᠮ ᠠᠴᠠ ᠣᠯᠠᠮ ᠥᠳᠭᠡᠡ ᠰᠠᠬᠤᠯᠢᠬ ᠪᠣᠯᠬᠤ ᠨᠢ ᠯᠠᠪᠳᠠᠢ︕
 
ᠢᠷᠡᠯᠲᠡ᠄ ᠣᠷᠳᠣᠰ ᠮᠣᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号