ᠮᠠᠯᠴᠢᠨ ᠵᠢᠷᠭᠠᠯ 180 ᠵᠢᠯ ᠪᠣᠯᠣᠭᠰᠠᠨ ᠬᠠᠭᠤᠴᠢᠨ ᠪᠠᠶᠢᠰᠢᠩ ᠢᠶᠠᠨ ᠦᠪᠯᠡᠨ ᠵᠠᠯᠭᠠᠮᠵᠢᠯᠠᠵᠣ ᠪᠠᠶᠢᠨ᠎ᠠ
ᠨᠡᠶᠢᠲᠡᠯᠡᠭᠰᠡᠨ ᠴᠠᠭ᠄
2020-03-19
     ᠰᠦᠯᠳᠡ ᠰᠣᠮᠣᠨ ᠤ ᠱᠠᠷᠯᠢᠭ ᠭᠠᠴᠠᠭᠠᠨ ᠤ ᠮᠠᠯᠴᠢᠨ ᠵᠢᠷᠭᠠᠯ ᠳᠡᠭᠡᠳᠣᠰ ᠠᠴᠠ ᠣᠯᠠᠮᠵᠢᠯᠠᠵᠣ ᠢᠷᠡᠭᠰᠡᠨ 180 ᠵᠢᠯ ᠤᠨ ᠲᠡᠣᠭᠡ ᠲᠠᠢ ᠬᠠᠭᠤᠴᠢᠨ ᠪᠠᠶᠢᠰᠢᠩ ᠢᠶᠠᠨ ᠰᠡᠯᠪᠢᠨ ᠵᠠᠰᠠᠵᠣ ᠬᠠᠮᠠᠭᠠᠯᠠᠨ ᠦᠷ᠎ᠠ ᠬᠤᠶᠢᠴᠢᠰ ᠎ ᠲᠤ ᠪᠠᠨ ᠮᠣᠩᠭᠤᠯᠴᠣᠣᠨ ᠤᠨ ᠣᠷᠣᠨ ᠰᠠᠭᠤᠴᠠ᠂ ᠪᠠᠷᠢᠯᠭ᠎ᠠ ᠶᠢᠨ ᠰᠣᠶᠣᠯ ᠢ ᠵᠠᠯᠭᠠᠮᠵᠢᠯᠠᠵᠣ ᠪᠠᠶᠢᠨ᠎ᠠ᠃      ᠰᠣᠷᠪᠣᠯᠵᠢᠯᠠᠭᠴᠢ᠂ ᠮᠠᠯᠴᠢᠨ ᠵᠢᠷᠭᠠᠯ ᠤᠨ ᠨᠢᠳᠣᠨᠣᠨ ᠵᠢᠯ ᠬᠤᠰᠢᠭᠤᠨ ᠤ ᠦᠨᠳᠣᠰᠣᠳᠡᠨ ᠤ ᠬᠡᠷᠡᠭ ᠡᠷᠬᠢᠯᠡᠬᠦ ᠵᠦᠪᠯᠡᠯ ᠵᠡᠷᠭᠡ ᠪᠠᠶᠢᠭᠤᠯᠭ᠎ᠠ ᠠᠴᠠ ᠪᠡᠯᠡ ᠮᠦᠡᠭᠬᠦ ᠭᠠᠷᠭᠠᠨ ᠰᠡᠯᠪᠢᠨ ᠵᠠᠰᠠᠭᠰᠠᠨ ᠬᠠᠭᠤᠴᠢᠨ ᠭᠡᠷ ᠲᠤ ᠭᠦᠷᠬᠦ ᠳᠤ ᠪᠠᠭ᠎ᠠ ᠦᠬᠢᠨ ᠭᠡᠷᠡᠯᠮ᠎ᠠ ᠲᠠᠢ ᠪᠠᠨ ᠬᠠᠭᠤᠴᠢᠨ ᠡᠳ᠋ᠯᠡᠯ ᠭᠡᠷᠡᠭᠰᠡᠯ ᠢᠶᠠᠨ ᠴᠡᠪᠡᠷᠯᠡᠨ ᠳᠢᠭᠯᠡᠭᠡᠳ ᠶᠠᠭᠠᠷᠴᠣ ᠪᠠᠶᠢᠯ᠎ᠠ᠃      ᠭᠡᠷᠡᠯᠮ᠎ᠠ᠄ ︽ᠮᠠᠨ ᠤ ᠡᠭᠡᠴᠢ ᠲᠡᠭᠦᠦ ᠬᠤᠶᠠᠭᠤᠯᠠ ᠡᠨᠡ ᠭᠡᠷ ᠲᠤ ᠦᠰᠴᠦ ᠲᠦᠷᠦᠵᠤ ᠮᠠᠨ ᠤ ᠬᠤᠶᠠᠭᠤᠯᠠ ᠎ ᠶᠢᠨ  ᠪᠠᠭ᠎ᠠ ᠨᠠᠰᠤᠨ ᠤ ᠰᠠᠶᠢᠬᠠᠨ ᠲᠤᠷᠠᠳᠬᠠᠯ ᠪᠤᠯᠤᠭᠰᠠᠨ ᠪᠠᠶᠢᠨ᠎ᠠ᠃ ᠠᠪᠠᠢ ᠤᠷᠴᠢᠮ ᠤᠨ ᠵᠢᠯ ᠠᠴᠠ ᠡᠨᠡ ᠭᠡᠷ ᠎ ᠢᠶᠠᠨ ᠵᠠᠰᠠᠵᠤ ᠬᠠᠮᠠᠭᠠᠯᠠᠭᠠᠳ ᠤᠤᠯ ᠨᠢ ᠴᠤ ᠭᠡᠰᠡᠨ ᠪᠤᠯᠬᠤ ᠤᠨ ᠲᠤᠲᠤᠷ᠎ᠠ ᠰᠢᠪᠠᠷ ᠵᠦᠭᠡᠭᠡᠳ ᠰᠠᠶᠢᠬᠠᠨ ᠵᠠᠰᠠᠵᠤ ᠪᠠᠶᠢᠭᠰᠠᠨ᠃ ᠦᠷ᠎ᠡ ᠬᠤᠶᠢᠴᠢᠰ ᠪᠤᠯᠤᠭᠰᠠᠨ ᠬᠤᠪᠢ ᠳᠤ ᠮᠠᠨ ᠤ ᠬᠤᠶᠠᠭᠤᠯᠠ ᠪᠠᠨ ᠬᠤᠵᠢᠮ ᠬᠤᠶᠢᠰᠢᠳᠠ ᠠᠪᠠᠢ ᠎ ᠲᠠᠢ ᠪᠠᠨ ᠠᠳᠠᠯᠢ ᠪᠠᠷ ᠡᠨᠡ ᠰᠠᠶᠢᠬᠠᠨ ᠰᠤᠶᠤᠯ ᠢᠶᠠᠨ ᠬᠠᠮᠠᠭᠠᠯᠠᠵᠤ ᠬᠠᠶᠢᠷᠠᠯᠠᠵᠤ ᠶᠠᠪᠤᠶ᠎ᠠ ᠭᠡᠵᠦ ᠪᠤᠳᠤᠵᠤ ᠪᠠᠶᠢᠨ᠎ᠠ︾ ᠭᠡᠪᠡ᠃       ᠲᠣᠰ ᠬᠠᠭᠤᠴᠢᠨ ᠪᠠᠶᠢᠰᠢᠩ ᠢ 1840 ᠣᠨ ᠤ ᠦᠶ᠎ᠠ ᠳᠤ ᠪᠠᠷᠢᠵᠣ ᠳᠠᠭᠤᠰᠬᠠᠵᠠᠢ ᠭᠡᠵᠤ ᠳᠡᠭᠡᠷ᠎ᠡ ᠦᠶ᠎ᠡ ᠎ ᠶᠢᠨ ᠬᠦᠮᠣᠰ ᠶᠠᠷᠢᠵᠣ ᠪᠠᠶᠢᠭᠰᠠᠨ ᠪᠣᠯᠪᠠᠴᠣ 1980 ᠣᠨ ᠤ ᠭᠠᠵᠠᠷ ᠰᠢᠷᠣᠢ ᠣᠷᠣᠨ ᠰᠠᠭᠤᠴᠡ ᠶᠢᠨ ᠬᠠᠮᠢᠶᠠᠷᠣᠯᠲᠠ ᠶᠢᠨ ᠰᠠᠯᠠᠭ᠎ᠠ ᠮᠦᠴᠢᠷ ᠤᠨ ᠪᠦᠷᠢᠳᠭᠡᠯ ᠳᠤ 1850 ᠣᠨ ᠳᠤ ᠪᠠᠷᠢᠵᠠᠢ ᠭᠡᠵᠣ ᠳᠠᠩᠰᠠᠯᠠᠵᠣ ᠮᠠᠯᠴᠢᠨ ᠵᠢᠷᠭᠠᠯ ᠤᠨ ᠬᠢᠨ ᠤ ᠲᠤᠯᠤᠭᠠᠨ ᠦᠶ᠎ᠡ ᠶᠢᠨ ᠬᠦᠮᠦᠨ ᠰᠠᠭᠤᠵᠤ ᠦᠩᠭᠡᠷᠡᠨ ᠣᠶᠢᠷ᠎ᠠ ᠶᠢᠨ ᠵᠢᠯ ᠠᠴᠠ ᠬᠠᠭᠤᠴᠢᠨ ᠪᠠᠶᠢᠰᠢᠩ ᠤᠨ ᠣᠷᠣᠢ ᠵᠡᠷᠭᠡ ᠨᠢ ᠬᠠᠭᠤᠴᠢᠷᠠᠨ ᠮᠠᠭᠤᠳᠠᠭᠰᠠᠨ ᠠᠴᠠ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠠᠴᠠ ᠳᠡᠭᠦᠨ ᠳᠤ ᠬᠠᠭᠤᠴᠢᠨ ᠭᠡᠷ ᠪᠠᠶᠢᠰᠢᠩ ᠢ ᠰᠠᠯᠪᠢᠨ ᠵᠠᠰᠠᠬᠤ ᠪᠡᠯᠡ ᠮᠦᠡᠭᠬᠦ ᠬᠠᠩᠭᠠᠵᠣ ᠳᠡᠣᠬᠡ ᠶᠢᠨ ᠳᠣᠷᠠᠰᠬᠠᠯᠲᠣ ᠪᠡᠷᠢᠯᠭ᠎ᠠ ᠶᠢ ᠠᠪᠣᠷᠠᠨ ᠬᠠᠮᠠᠭᠠᠯᠠᠬᠤ ᠳᠤ ᠳᠠᠮᠵᠢᠯᠭᠡ ᠦᠵᠡᠭᠦᠯᠣᠭ᠍ᠰᠠᠨ ᠪᠠᠶᠢᠨ᠎ᠠ᠃        ᠮᠠᠯᠴᠢᠨ ᠵᠢᠷᠭᠠᠯ᠄ ︽ᠤᠷᠴᠢᠮ ᠤᠨ ᠦᠶ᠎ᠡ ᠪᠤᠯᠵᠤ ᠢᠷᠡᠭᠡᠳ ᠡᠨᠡ ᠭᠡᠷ ᠮᠠᠭᠤᠳᠠᠭᠰᠠᠨ ᠪᠠᠶᠢᠳᠠᠯ ᠭᠠᠷᠴᠤ ᠮᠠᠨ ᠤ ᠭᠠᠴᠠᠭ᠎ᠠ ᠰᠤᠮᠤᠨ ᠤ ᠵᠠᠰᠠᠭ ᠤᠨ ᠤᠷᠳᠤᠨ ᠠᠴᠠ ᠨᠢᠭᠡ ᠪᠦᠯᠦᠭ ᠪᠡᠯᠡ ᠤᠷᠤᠭᠤᠯᠵᠤ ᠪᠠᠰᠠ ᠦᠥᠰᠢᠨ ᠬᠤᠰᠢᠭᠤᠨ ᠤ  ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠠᠴᠠ ᠵᠤᠭᠤᠰ ᠭᠠᠷᠭᠠᠵᠤ ᠪᠢ ᠪᠠᠰᠠ ᠦᠪᠡᠰᠦᠪᠡᠨ ᠪᠡᠯᠡ ᠮᠦᠩᠬᠦ ᠭᠠᠷᠭᠠᠵᠤ ᠡᠨᠡ ᠭᠡᠷ ᠢ ᠲᠠᠬᠢᠵᠦ ᠰᠡᠯᠪᠢᠨ ᠵᠠᠰᠠᠯ᠎ᠠ᠃ ᠲᠤᠲᠤᠷᠠᠬᠢ ᠬᠠᠭᠤᠴᠢᠨ ᠡᠳ᠋ᠯᠡᠯ ᠲᠠᠸᠠᠷ ᠢ ᠪᠠᠰᠠ ᠰᠡᠯᠪᠢᠵᠦ ᠵᠠᠰᠠᠴᠢᠬᠠᠭᠠᠳ ᠦᠵᠡᠬᠦᠯᠦᠯᠭᠡ ᠬᠢᠬᠦ ᠰᠠᠨᠠᠭᠠᠲᠠᠢ᠃ ᠮᠢᠨᠦ ᠭᠡᠴᠢᠨᠡᠨ ᠦᠶ᠎ᠡ ᠶᠢᠨ ᠰᠠᠭᠤᠭᠰᠠᠨ ᠮᠢᠨᠦ ᠭᠠᠯ ᠭᠤᠯᠤᠮᠲᠠ᠃ ᠮᠢᠨᠦ ᠭᠠᠷ ᠳᠡᠭᠡᠷ᠎ᠡ ᠢᠷᠡᠭᠡᠳ ᠡᠭᠦᠨ ᠢᠶᠠᠨ ᠨᠤᠷᠠᠭᠠᠳ ᠬᠠᠶᠠᠴᠢᠬᠠᠬᠤ ᠬᠠᠶᠢᠷᠠᠨ ᠪᠠᠶᠢᠨ᠎ᠠ᠃ ᠬᠠᠭᠤᠴᠢᠨ ᠭᠡᠷ ᠪᠠᠶᠢᠰᠢᠩ ᠢᠶᠠᠨ ᠦᠵᠡᠬᠦ ᠳᠤ ᠰᠠᠶᠢᠬᠠᠨ ᠪᠠᠶᠢᠨ᠎ᠠ᠃ ᠡᠨᠡ ᠮᠢᠨᠦ ᠨᠢᠭᠡ ᠨᠠᠰᠤᠨ ᠳᠠᠬᠢ ᠬᠠᠮᠤᠭ ᠤᠨ ᠶᠡᠭᠡ ᠦᠪ ᠬᠥᠷᠥᠩᠬᠡ ᠰᠢᠤ︾ ᠭᠡᠵᠤ ᠶᠠᠷᠢᠵᠤ ᠪᠠᠶᠢᠯ᠎ᠠ᠃       ᠡᠨᠡᠬᠦ 180 ᠵᠢᠯ ᠤᠨ ᠳᠡᠣᠬᠡ ᠲᠠᠢ ᠬᠠᠭᠤᠴᠢᠨ ᠪᠠᠶᠢᠰᠢᠩ ᠤᠨ ᠪᠠᠷᠢᠯᠭ᠎ᠠ ᠶᠢᠨ ᠬᠡᠯᠪᠡᠷᠢ ᠰᠢᠨᠵᠢ᠂ ᠸᠠᠭᠠᠷ ᠲᠤᠭᠤᠰᠬ᠎ᠠ᠂ ᠡᠬᠦᠳᠡ ᠬᠠᠭᠠᠯᠭ᠎ᠠ ᠨᠢ ᠲᠤᠬᠠᠢ ᠶᠢᠨ ᠦᠶ᠎ᠡ ᠶᠢᠨ ᠪᠠᠷᠢᠯᠭ᠎ᠠ ᠶᠢᠨ ᠦᠪᠡᠷᠮᠢᠨᠴᠡ ᠤᠨᠴᠠᠯᠢᠭ ᠢ ᠬᠠᠷᠠᠭᠤᠯᠵᠣ ᠪᠠᠶᠢᠳᠠᠭ ᠠᠴᠠ ᠮᠣᠩᠭᠤᠯᠴᠣᠣᠨ ᠤᠨ ᠣᠷᠣᠨ ᠰᠠᠭᠤᠴᠠ᠂ ᠪᠠᠷᠢᠯᠭ᠎ᠠ ᠶᠢᠨ ᠲᠡᠣᠬᠡ ᠰᠣᠶᠣᠯ ᠤᠨ ᠦᠪ ᠬᠦᠷᠣᠩᠬᠡ ᠪᠣᠯᠣᠭᠰᠠᠨ ᠪᠠᠶᠢᠨ᠎ᠠ᠃  
 
ᠢᠷᠡᠯᠲᠡ᠄ ᠦᠣᠰᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号