︽6 ᠰᠠᠷ᠎ᠠ ᠪᠤᠯᠤᠭᠰᠠᠨ ᠲᠤᠭᠤᠯ ᠨᠠᠭᠠᠳᠤ ᠵᠠᠬ᠎ᠠ ᠳᠠᠭᠠᠨ 8000 ᠲᠦᠭᠦᠷᠢᠭ ᠲᠤ ᠬᠦᠷᠤᠨ᠎ᠠ︾᠂ ︽ | ᠬᠠᠮᠤᠭ ᠤᠨ ᠦᠨᠠᠳᠠᠢ ᠳᠡᠭᠡᠨ ᠨᠢᠭᠡ ᠦᠭᠡᠷ 6 ᠲᠦᠮᠠᠨ ᠲᠦᠭᠦᠷᠢᠭ ᠲᠤ ᠬᠦᠷᠦᠭᠰᠡᠨ︾ ᠁ ᠡᠨᠡ ᠪᠤᠯ ᠰᠦᠯᠳᠡ | ᠰᠤᠮᠤᠨ ᠳᠤ ᠰᠤᠨᠤᠰᠤᠬᠰᠠᠨ ᠤᠴᠢᠷᠳᠠᠢ ᠵᠤᠭᠤᠭ ᠶᠤᠮᠰᠠᠨ᠃ ᠲᠤᠰ ᠰᠤᠮᠤ ᠶᠢᠨ ᠮᠠᠯᠴᠢᠳ ᠶᠠᠫᠤᠨ᠂ ᠠᠦ᠋ᠰᠲᠷᠠᠯᠢᠶ᠎ᠠ | ᠂ ᠰᠢᠨ᠎ᠠ ᠽᠢᠯᠠᠨᠳ᠋ ᠭᠤᠷᠪᠠᠨ ᠤᠯᠤᠰ ᠠᠴᠠ ᠰᠠᠶᠢᠨ ᠡᠬᠦᠯᠳᠡᠷ ᠤᠨ ᠶᠠᠫᠤᠨ ᠦᠬᠡᠷ ᠪᠤᠯᠤᠨ ᠠᠩᠬᠢᠰ ᠦᠨᠢᠶ᠎ᠠ | ᠤᠷᠤᠭᠤᠯᠵᠤ ᠡᠷᠯᠢᠰᠡᠵᠢᠬᠦᠯᠦᠨ ᠮᠠᠯᠵᠢᠭᠠᠳ ᠰᠦᠷᠦᠭ ᠤᠨ ᠡᠷᠬᠢᠯᠳᠡ ᠪᠠᠷ ᠲᠦᠷᠭᠡᠨ᠂ ᠠᠰᠢᠭ ᠤᠷᠤᠯᠭ᠎ᠠ ᠪᠠᠷ ᠰᠠᠶᠢᠨ | ᠂ ᠨᠤᠳᠤᠭ ᠪᠡᠯᠴᠢᠭᠡᠷ ᠲᠤ ᠭᠠᠮᠳᠠᠢ ᠮᠠᠯᠵᠢᠯ ᠤᠨ ᠰᠢᠨ᠎ᠠ ᠵᠠᠮ ᠢᠶᠠᠷ ᠲᠦᠷᠦᠬᠡ ᠴᠢᠩᠭᠠᠯᠠᠨ ᠲᠠᠪᠬᠢᠭᠤᠯᠤᠨ᠎ᠠ᠃ | ᠰᠦᠯᠳᠡ ᠰᠤᠮᠤ ᠶᠢᠨ ᠬᠦᠭᠡᠮᠡᠩᠬᠠ ᠭᠠᠴᠠᠭᠠᠨ ᠤ ᠮᠠᠯᠴᠢᠨ ᠬᠢᠴᠢᠶᠡᠯᠲᠤ ᠲᠦᠴᠢᠭᠡᠳ ᠨᠤᠲᠤᠭ ᠤᠨ | ᠦᠬᠡᠷ ᠢᠶᠠᠨ ᠬᠤᠳᠠᠯᠳᠤᠵᠤ᠂ 2018 ᠤᠨ ᠤ ᠡᠬᠢ ᠪᠠᠷ 30 ᠠᠩᠬᠢᠰ ᠦᠨᠢᠶ᠎ᠠ ᠤᠷᠤᠭᠤᠯᠤᠨ ᠶᠠᠫᠤᠨ ᠦᠬᠡᠷ ᠤᠨ | ᠢᠴᠡᠬᠡᠯ ᠦᠷ᠎ᠠ ᠪᠠᠷ ᠵᠤᠬᠢᠶᠠᠮᠠᠯ ᠬᠡᠬᠡᠯᠳᠦᠬᠦᠯᠭᠡ ᠬᠢᠵᠤ᠂ ᠵᠢᠯ ᠤᠨ ᠰᠡᠬᠦᠯᠴᠢ ᠪᠠᠷ 30 ᠲᠤᠭᠤᠯ ᠲᠤᠰᠤᠭᠠᠳ | ᠨᠢᠳᠤᠨᠤᠨ ᠤ 6 ᠰᠠᠷ᠎ᠠ ᠳᠤ ᠲᠤᠮᠳᠠᠴᠢ ᠪᠠᠷ ᠲᠤᠭᠤᠯ ᠨᠢᠬᠡ ᠪᠦᠷᠢ ᠶᠢ ᠲᠦᠮᠡᠨ ᠲᠦᠬᠦᠷᠢᠭ ᠢᠶᠠᠷ ᠪᠦᠬᠦᠨ ᠢ | ᠬᠤᠳᠠᠯᠳᠤᠵᠤ ᠭᠠᠷᠭᠠᠪᠠ᠃ ︽ᠲᠤᠰᠤᠭᠰᠠᠨ ᠲᠤᠭᠤᠯ ᠢᠶᠠᠨ ᠬᠤᠶᠠᠷ ᠰᠠᠷ᠎ᠠ ᠪᠤᠯᠤᠩᠭᠤᠳᠠ ᠰᠦ ᠠᠴᠠ ᠨᠢ ᠰᠠᠯᠭᠠᠨ | ᠬᠠᠰᠢᠶᠠᠯᠠᠵᠤ ᠲᠡᠵᠢᠭᠡᠵᠠᠢ᠂ 6 ᠰᠠᠷ᠎ᠠ ᠪᠤᠯᠤᠮᠠᠭᠴᠠ ᠪᠠᠶ᠎ᠠ ᠶᠢᠨ ᠬᠦᠨᠳᠦ ᠨᠢ 400 ᠵᠢᠩ ᠳᠤ ᠬᠦᠷᠴᠦ᠂ ᠲᠠᠯ᠎ᠠ | ᠨᠤᠳᠤᠭ ᠤᠨ ᠶᠠᠫᠤᠨ ᠦᠭᠡᠷ ᠤᠨ ᠪᠠᠯᠠ ᠤᠷᠤᠭᠤᠯᠤᠯᠳᠠ ᠶᠢᠨ ᠬᠢᠵᠠᠭᠠᠷᠳᠤ ᠺᠤᠮᠫᠠᠨᠢ ᠠᠴᠠ ᠪᠦᠬᠦᠨ ᠢ ᠬᠤᠳᠠᠯᠳᠤᠵᠤ | ᠠᠪᠤᠯ᠎ᠠ᠃ ᠦᠨ᠎ᠡ ᠬᠠᠩᠰᠢ ᠶᠢ ᠨᠢ ᠠᠮᠢᠳᠤ ᠶᠢᠨ ᠵᠢᠩ ᠢᠶᠠᠷ ᠪᠠᠷᠢᠮᠵᠢᠶᠡᠯᠡᠨ ᠵᠢᠩ ᠪᠦᠷᠢ ᠳᠤ 20 ᠲᠦᠬᠦᠷᠢᠭ ᠢᠶᠠᠷ | ᠪᠤᠳᠤᠵᠠᠢ᠂ ᠲᠡᠭᠡᠬᠦᠯᠡᠷ ᠨᠢᠬᠡ ᠲᠤᠭᠤᠯ ᠨᠠᠭᠠᠳᠤ ᠵᠠᠬ᠎ᠠ ᠳᠠᠭᠠᠨ 8000 ᠲᠦᠬᠦᠷᠢᠭ ᠲᠤ ᠬᠦᠷᠴᠤ᠂ 1.2 ᠲᠦᠮᠡᠨ | ᠲᠦᠭᠦᠷᠢᠭ ᠲᠤ ᠬᠦᠷᠦᠭᠰᠡᠨ ᠲᠤᠭᠤᠯ ᠴᠤ ᠪᠤᠢ︾ ᠬᠡᠵᠦ ᠬᠢᠴᠢᠶᠠᠯᠳᠤ ᠶᠠᠷᠢᠭᠰᠠᠨ ᠢᠶᠠᠨ ᠵᠠᠯᠭᠠᠭᠠᠳ᠄ ︽ | ᠰᠦᠷᠦᠭ ᠤᠨ ᠡᠷᠬᠢᠯᠳᠡ ᠶᠢ ᠲᠦᠷᠬᠡᠳᠬᠡᠭᠰᠡᠨ ᠢᠶᠠᠷ ᠪᠠᠷᠡᠬᠤ ᠦᠬᠡᠢ ᠠᠰᠢᠭ ᠤᠷᠤᠯᠭ᠎ᠠ ᠶᠢ ᠴᠦ ᠶᠡᠭᠡ ᠪᠠᠷ | ᠨᠡᠮᠡᠭᠳᠡᠬᠦᠯᠵᠠᠢ᠃ ᠮᠠᠨ ᠤ ᠤᠤᠯ ᠤᠨ ᠮᠠᠯᠵᠢᠵᠦ ᠪᠠᠶᠢᠬᠰᠠᠨ ᠨᠤᠲᠤᠭ ᠤᠨ ᠡᠭᠦᠯᠳᠡᠷ ᠤᠨ ᠦᠬᠡᠷ ᠢ ᠪᠢᠷᠠᠭᠤ | ᠪᠤᠯᠬᠤ ᠠᠴᠠ ᠨᠠᠭᠠᠰᠢ ᠬᠤᠳᠠᠯᠳᠤᠵᠦ ᠠᠪᠬᠤ ᠬᠦᠮᠦᠨ ᠦᠬᠡᠢ᠂ ᠪᠢᠷᠠᠭᠤ ᠪᠤᠯᠤᠬᠰᠠᠨ ᠴᠤ ᠡᠶᠢᠮᠤ ᠦᠨᠳᠦᠷ | ᠦᠨ᠎ᠡ ᠳᠤ ᠬᠦᠷᠴᠦ ᠲᠡᠶᠢᠯᠬᠦ ᠦᠬᠡᠢ ᠶᠤᠮ᠃ ᠲᠠᠬᠢᠪᠠᠯ ᠲᠤᠭᠤᠯ ᠢᠶᠠᠨ ᠬᠠᠰᠢᠶᠠᠯᠠᠵᠤ ᠲᠠᠵᠢᠭᠡᠳᠡᠭ ᠪᠤᠯᠬᠤᠷ ᠨᠤᠳᠤᠭ | ᠪᠠᠯᠴᠢᠭᠡᠷ ᠲᠤ ᠶᠡᠭᠡ ᠭᠠᠮᠳᠠᠢ︾ ᠬᠡᠵᠤ ᠤᠴᠢᠷᠯᠡᠨ᠎ᠠ᠃ ᠲᠡᠳᠡᠨ ᠤ ᠬᠢᠨ 1000 ᠮᠦ ᠪᠡᠯᠴᠢᠭᠡᠷ ᠲᠠᠢ᠂ ᠡᠭᠦᠨ ᠳᠤ | 100 ᠰᠢᠬᠠᠮ ᠮᠦ ᠭᠠᠵᠠᠷ ᠲᠤ ᠬᠦᠭᠡ ᠲᠠᠷᠤᠰᠢ ᠪᠠ ᠡᠪᠡᠰᠦ ᠲᠠᠷᠢᠵᠦ ᠪᠠᠶᠢᠨ᠎ᠠ᠂ ᠨᠢᠭᠡ ᠦᠨᠢᠶ᠎ᠠ ᠮᠠᠯᠵᠢᠵᠤ | ᠲᠡᠭᠦᠨ ᠠᠴᠠ ᠪᠠᠨ ᠲᠤᠭᠤᠯ ᠲᠤᠰᠤᠭᠠᠳ 6 ᠰᠠᠷ᠎ᠠ ᠲᠡᠵᠢᠭᠡᠵᠤ ᠪᠤᠷᠳᠤᠬᠤ ᠳᠤ ᠦᠨᠢᠶ᠎ᠠ ᠲᠤᠭᠤᠯ ᠤᠨ ᠲᠡᠵᠢᠬᠡᠯ | ᠪᠤᠷᠳᠤᠭ᠎ᠠ ᠶᠢᠨ ᠪᠦᠬᠦ ᠵᠠᠷᠤᠳᠠᠯ 4500 ᠭᠠᠷᠤᠢ ᠲᠦᠭᠦᠷᠢᠭ ᠪᠠᠶᠢᠳᠠᠭ᠃ ᠢᠩᠬᠢᠵᠤ ᠪᠤᠳᠤᠪᠠᠯ ᠲᠡᠳᠡᠨ ᠤ ᠬᠢᠨ | ᠨᠢᠬᠡ ᠲᠤᠭᠤᠯ ᠠᠴᠠ 5000 ᠰᠢᠬᠠᠮ ᠲᠦᠬᠦᠷᠢᠭ ᠤᠨ ᠴᠡᠪᠡᠷ ᠤᠷᠤᠯᠭ᠎ᠠ ᠤᠯᠵᠤ ᠪᠤᠢ᠃ | ᠬᠢᠴᠢᠶᠠᠯᠳᠤ ᠲᠠᠢ ᠠᠳᠠᠯᠢ ᠪᠠᠷ ᠰᠦᠯᠳᠡ ᠰᠤᠮᠤᠨ ᠤ ᠬᠡᠰᠡᠭ ᠮᠠᠯᠴᠢᠨ ᠢᠡᠭᠭᠢᠵᠦ ᠲᠠᠪᠤ ᠠᠷᠪᠠ᠂ ᠬᠤᠷᠢ | ᠭᠤᠴᠢ ᠪᠠᠷ ᠠᠩᠬᠢᠰ ᠦᠨᠢᠶ᠎ᠠ ᠤᠷᠤᠭᠤᠯᠤᠨ ᠮᠠᠯᠵᠢᠵᠤ ᠪᠠᠶᠢᠬᠤ ᠳᠤ ᠦᠤᠰᠢᠨ ᠬᠤᠰᠢᠭᠤᠨ ᠤ ᠴᠤᠤᠳᠠᠢ ᠮᠠᠯ ᠠᠵᠤ | ᠠᠬᠤᠢ ᠲᠠᠷᠢᠶᠠᠯᠠᠩ ᠤᠨ ᠲᠤᠰᠬᠠᠢ ᠬᠤᠷᠰᠢᠶ᠎ᠠ ᠶᠢᠨ ᠬᠢᠨ ᠬᠠᠷᠢᠨ ᠬᠡᠪᠴᠢᠶᠡᠵᠢᠬᠦᠯᠤᠨ ᠮᠠᠯᠵᠢᠵᠤ ᠪᠤᠢ᠃ ᠲᠤᠰᠬᠠᠢ | ᠬᠤᠷᠰᠢᠶ᠎ᠠ ᠶᠢᠨ ᠡᠷᠬᠢᠯᠡᠭᠴᠢ ᠪᠠᠳᠤᠨᠠᠰᠤᠨ ᠭᠤᠸᠠᠢ ᠬᠤᠷᠰᠢᠶ᠎ᠠ ᠶᠢᠨ ᠬᠡᠰᠢᠬᠦᠳ ᠢᠶᠠᠨ ᠲᠠᠶᠢᠴᠢᠯᠠᠬᠤ ᠶᠢᠨ ᠬᠠᠮᠳᠤ | ᠭᠠᠴᠠᠭᠠᠨ ᠤ ᠬᠠᠮᠲᠤ ᠶᠢᠨ ᠠᠵᠤ ᠠᠬᠤᠢ ᠶᠢ ᠬᠦᠭᠵᠢᠬᠦᠯᠬᠦ ᠲᠦᠷᠦᠯ ᠵᠦᠢᠯ ᠲᠠᠢ ᠤᠶᠠᠯᠳᠤᠭᠤᠯᠤᠨ ᠨᠢᠳᠤᠨᠤᠨ | ᠠᠦ᠋ᠰᠳ᠋ᠷᠠᠯᠢᠶ᠎ᠠ᠂ ᠰᠢᠨ᠎ᠠ ᠽᠢᠯᠠᠨᠳ᠋ ᠠᠴᠠ ᠨᠡᠶᠢᠲᠡ 190 ᠠᠩᠬᠢᠰ ᠦᠨᠢᠶ᠎ᠠ ᠤᠷᠤᠭᠤᠯᠵᠠᠢ᠃ ᠡᠭᠦᠨ ᠳᠤ 40 | ᠦᠨᠢᠶ᠎ᠠ ᠨᠢ ᠲᠡᠭᠦᠨ ᠤ ᠬᠤᠪᠢᠨ ᠤ ᠬᠢ ᠪᠠᠶᠢᠵᠤ᠂ ᠪᠤᠰᠤᠳ ᠨᠢ ᠴᠦᠮ ᠬᠠᠮᠳᠤ ᠶᠢᠨ ᠬᠢ ᠪᠤᠶᠤ ᠬᠤᠷᠰᠢᠶ᠎ᠠ ᠶᠢᠨ | ᠬᠡᠰᠢᠬᠦᠨ ᠡᠷᠦᠬᠡ ᠶᠢᠨ ᠬᠢ ᠶᠤᠮ᠃ ᠭᠠᠴᠠᠭᠠᠨ ᠤ ᠠᠵᠢᠯ ᠢ ᠤᠯᠠᠨ ᠵᠢᠯ ᠡᠷᠴᠢᠮᠳᠠᠢ ᠬᠢᠵᠦ᠂ 2014 ᠤᠨ ᠳᠤ | ᠠᠵᠢᠯ ᠢᠶᠠᠨ ᠶᠠᠬᠦᠯᠠᠵᠦ ᠦᠭᠭᠦᠭᠰᠡᠨ ᠲᠠᠷᠠ ᠪᠠᠷ ᠡᠨᠡ ᠵᠢᠯ 70 ᠨᠠᠰᠤ ᠬᠦᠷᠦᠭᠰᠡᠨ ᠪᠤᠯᠪᠠᠴᠤ ︽ᠤᠯᠠᠨ | ᠲᠦᠮᠠᠨ ᠢᠶᠠᠨ︾ ᠬᠡᠰᠡᠨ ᠵᠢᠳᠬᠦᠯ ᠴᠢᠷᠮᠠᠶᠢᠯᠭ᠎ᠠ ᠪᠠᠨ ᠪᠠᠷᠢᠮᠳᠠᠯᠠᠭᠰᠠᠭᠠᠷ᠃ ᠲᠤᠰ ᠬᠤᠷᠰᠢᠶ᠎ᠠ ᠡᠳᠡᠬᠡᠷ ᠦᠨᠢᠶ᠎ᠠ ᠪᠠᠨ | 700 ᠭᠠᠷᠤᠢ ᠮᠦ ᠶᠢᠨ ᠠᠭᠤᠵᠢᠮ ᠶᠡᠭᠡ ᠬᠦᠷᠢᠶ᠎ᠠ ᠬᠠᠰᠢᠶᠠᠨ ᠳᠠᠭᠠᠨ ᠨᠢᠬᠡᠳᠤᠯᠳᠠᠢ ᠲᠠᠵᠢᠬᠡᠵᠤ᠂ ᠨᠢᠬᠡᠳᠤᠯᠳᠠᠢ ᠪᠠᠷ | ᠡᠪᠡᠰᠤ ᠪᠤᠷᠳᠤᠭ᠎ᠠ ᠦᠭᠴᠦ᠂ ᠨᠢᠭᠡᠳᠦᠯᠳᠡᠢ ᠪᠠᠷ ᠬᠡᠮ ᠬᠢᠵᠢᠭ ᠤᠨ ᠰᠡᠷᠬᠡᠶᠢᠯᠡᠯᠳᠡ ᠬᠢᠵᠤ᠂ ᠶᠠᠫᠤᠨ ᠦᠬᠡᠷ ᠤᠨ | ᠢᠴᠡᠬᠡᠯ ᠦᠷ᠎ᠠ ᠪᠠᠷ ᠨᠢᠬᠡᠳᠤᠯᠳᠠᠢ ᠬᠡᠬᠡᠯᠳᠦᠬᠦᠯᠦᠭᠰᠡᠨ ᠦᠨᠢᠶᠡᠳ ᠨᠢ ᠤᠳᠤ ᠨᠢᠬᠡᠨᠳᠡ ᠲᠤᠭᠤᠯᠯᠠᠵᠤ ᠡᠬᠢᠯᠡᠪᠡ᠃ ︽ | ᠦᠨᠳᠤᠰᠤᠨ ᠳᠡᠭᠡᠨ ᠮᠠᠰᠢᠨᠴᠢᠯᠠᠭᠰᠠᠨ ᠪᠤᠯᠬᠤᠷ ᠡᠪᠡᠰᠤᠯᠡᠵᠤ ᠤᠰᠤᠯᠠᠬᠤ ᠠᠵᠢᠯ ᠢ ᠨᠢᠬᠡ ᠬᠤᠶᠠᠷᠬᠠᠨ ᠬᠦᠮᠦᠨ | ᠪᠦᠬᠦᠨ ᠢ ᠬᠢᠴᠢᠬᠡᠳᠡᠭ᠂ ᠮᠠᠯᠴᠢᠳ ᠤᠷᠤᠭᠤᠯᠤᠭᠰᠠᠨ ᠦᠨᠢᠶ᠎ᠠ ᠪᠠᠨ ᠮᠠᠨ ᠤ ᠠᠳᠡ ᠨᠠᠶᠢᠳᠠᠨ ᠲᠠᠵᠢᠭᠡᠯᠭᠡᠵᠤ ᠪᠤᠢ᠂ | ᠪᠢᠳᠡ 6 ᠰᠠᠷ᠎ᠠ ᠶᠢᠨ ᠲᠤᠭᠤᠯ ᠠᠴᠠ 5000 ᠰᠢᠬᠠᠮ ᠲᠦᠭᠦᠷᠢᠭ ᠤᠨ ᠴᠠᠪᠠᠷ ᠤᠷᠤᠯᠭ᠎ᠠ ᠤᠯᠭᠤᠬᠤ ᠶᠢ ᠪᠠᠳᠤᠯᠠᠵᠤ | ᠪᠠᠶᠢᠨ᠎ᠠ᠃ ᠢᠡᠭᠭᠢᠵᠤ ᠬᠢᠵᠤ ᠪᠠᠶᠢᠭ᠎ᠠ ᠶᠢᠨ ᠭᠤᠤᠯ ᠵᠤᠷᠢᠯᠳᠠ ᠪᠤᠯ ᠮᠠᠯᠴᠢᠳ ᠲᠠᠭᠠᠨ ᠵᠢᠱᠢᠶ᠎ᠠ ᠦᠵᠡᠬᠦᠯᠵᠤ᠂ ᠠᠰᠢᠭ | ᠬᠦᠷᠳᠡᠬᠦ ᠵᠠᠮ ᠢᠶᠠᠷ ᠬᠠᠮᠳᠤ ᠪᠠᠷ ᠵᠠᠮᠨᠠᠬᠤ ᠬᠡᠰᠡᠨ ᠶᠤᠮ︾ ᠬᠡᠵᠤ ᠨᠠᠰᠤᠳᠠᠨ ᠭᠤᠸᠠᠢ ᠤᠴᠢᠷᠯᠠᠨ᠎ᠠ᠃ | ᠰᠦᠯᠳᠠ ᠰᠤᠮᠤ ᠶᠢᠨ ᠮᠠᠯᠴᠢᠳ ᠭᠤᠷᠪᠠᠨ ᠤᠯᠤᠰ ᠤᠨ ᠦᠬᠡᠷ ᠢ ᠡᠷᠯᠢᠰᠡᠵᠢᠬᠦᠯᠦᠨ ᠮᠠᠯᠵᠢᠬᠤ ᠪᠤᠯᠤᠭᠰᠠᠨ ᠨᠢ | ᠦᠤᠰᠢᠨ ᠬᠤᠰᠢᠭᠤᠨ ᠳᠠᠬᠢ ᠲᠠᠯ᠎ᠠ ᠨᠤᠳᠤᠭ ᠤᠨ ᠶᠠᠫᠤᠨ ᠦᠭᠡᠷ ᠤᠨ ᠪᠠᠯᠠ ᠤᠷᠤᠭᠤᠯᠤᠯᠳᠠ ᠶᠢᠨ ᠬᠢᠵᠠᠭᠠᠷᠳᠤ | ᠺᠤᠮᠫᠠᠨᠢ ᠠᠴᠠ ᠰᠠᠯᠵᠤ ᠴᠢᠳᠠᠬᠤ ᠦᠬᠡᠢ ᠶᠤᠮ᠃ ᠲᠤᠰ ᠺᠤᠮᠫᠠᠨᠢ 2017 ᠤᠨ ᠳᠤ ᠪᠠᠶᠢᠭᠤᠯᠤᠭᠳᠠᠵᠤ᠂ | ᠤᠳᠤᠬᠠᠨ ᠳᠤ ᠪᠦᠬᠦ ᠰᠤᠮᠤ ᠶᠢᠨ ᠶᠠᠫᠤᠨ ᠦᠬᠡᠷ ᠤᠨ ᠪᠤᠷᠤᠯᠠᠭᠤᠯᠭ᠎ᠠ ᠶᠢ ᠬᠠᠷᠢᠭᠤᠴᠠᠵᠤ ᠪᠤᠢ᠃ ︽ᠶᠠᠫᠤᠨ ᠦᠬᠡᠷ | ᠮᠢᠬᠠᠨ ᠤ ᠭᠠᠷᠤᠯᠳᠠ ᠪᠠᠷ ᠦᠨᠳᠤᠷ ᠮᠦᠷᠳᠡᠬᠡᠨ ᠶᠠᠫᠤᠨ ᠳᠤ ︿ᠰᠢᠮᠤᠹᠤᠷᠢ﹀ ᠬᠡᠵᠤ ᠶᠠᠷᠢᠭᠳᠠᠳᠠᠭ ᠨᠢᠷᠤᠭᠤᠨ ᠤ | ᠬᠡᠰᠡᠭ ᠤᠨ ᠮᠢᠬ᠎ᠠ ᠨᠢ ᠶᠡᠭᠡ ᠦᠨ᠎ᠠ ᠳᠤ ᠬᠦᠷᠴᠦ᠂ ᠤᠯᠤᠰ ᠤᠨ ᠲᠤᠳᠤᠭᠠᠳᠤ ᠶᠢᠨ ᠵᠠᠬ᠎ᠠ ᠲᠠᠯᠬᠡᠬᠦᠷ ᠲᠤ | ᠵᠢᠩ ᠳᠡᠭᠡᠨ 600 ᠲᠦᠭᠦᠷᠢᠭ ᠢ ᠲᠠᠪᠠᠵᠤ ᠪᠠᠶᠢᠨ᠎ᠠ︾ ᠬᠡᠵᠤ ᠲᠠᠯ᠎ᠠ ᠨᠤᠳᠤᠭ ᠤᠨ ᠶᠠᠫᠤᠨ ᠦᠭᠡᠷ ᠤᠨ ᠪᠠᠯᠠ | ᠤᠷᠤᠭᠤᠯᠤᠯᠳᠠ ᠶᠢᠨ ᠬᠢᠵᠠᠭᠠᠷᠳᠤ ᠺᠤᠮᠫᠠᠨᠢ ᠶᠢᠨ ᠲᠠᠭᠠᠭᠠᠮᠠᠯ ᠲᠤᠯᠭᠠᠭᠤᠷᠢ ᠭᠤᠸᠠᠢ ᠤᠴᠢᠷ ᠤᠬᠠᠭᠠᠨ ᠢ ᠨᠢ ᠶᠠᠷᠢᠨ᠎ᠠ᠃ | ᠤᠳᠤ ᠰᠦᠯᠳᠡ ᠰᠤᠮᠤᠨ ᠳᠤ 1300 ᠠᠩᠬᠢᠰ ᠦᠨᠢᠶ᠎ᠠ ᠪᠠ 1600 ᠶᠠᠫᠤᠨ ᠦᠬᠡᠷ ᠲᠠᠢ ᠪᠤᠯᠵᠤ᠂ ᠭᠤᠷᠮᠤᠰᠤᠨ | ᠠᠰᠢᠭ ᠲᠠᠢ ᠡᠨᠡ ᠬᠦ ᠮᠠᠯᠵᠢᠯ ᠤᠨ ᠠᠷᠭ᠎ᠠ ᠬᠡᠯᠪᠡᠷᠢ ᠨᠢ ᠮᠠᠯᠴᠢᠳ ᠤᠨ ᠬᠦᠷᠢᠶᠡᠯᠡᠯ ᠢ ᠤᠯᠵᠤ᠂ ᠰᠦᠯᠳᠡ ᠰᠤᠮᠤ ᠶᠢᠨ | ᠪᠤᠬᠢᠷᠳᠤᠯ ᠦᠬᠡᠢ ᠠᠮᠢ ᠠᠬᠤᠢ ᠶᠢᠨ ᠮᠠᠯ ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠡ ᠶᠢᠨ ᠰᠢᠨ᠎ᠠ ᠵᠠᠮ ᠢ | ᠨᠡᠬᠡᠬᠡᠯᠠ᠃ | | |